ᠤᠯᠠᠮᠵᠢᠯᠠᠯᠳᠤ ᠬᠤᠭᠤᠯᠠ ᠴᠠᠢ
ᠨᠡᠶᠢᠲᠡᠯᠡᠭᠰᠡᠨ ᠴᠠᠭ᠄
2023/7/13
    ᠮᠤᠩᠭᠤᠯ ᠪᠤᠤᠵᠠ ᠪᠠᠩᠰᠢ ᠪᠤᠯ ᠭᠤᠯᠢᠷ ᠢᠶᠠᠷ ᠮᠢᠬ᠎ᠠ ᠶᠢ ᠪᠤᠭᠤᠭᠰᠠᠨ ᠪᠢᠳᠡᠬᠦᠦ ᠢᠳᠡᠭᠡᠨ ᠪᠤᠯᠤᠨ᠎ᠠ᠃  ᠪᠤᠤᠵᠠ ᠬᠢᠬᠦ ᠳᠤ ᠤᠷᠢᠳᠠᠪᠠᠷ ᠮᠢᠬ᠎ᠠ ᠪᠠᠨ ᠵᠢᠵᠢᠭᠯᠡᠨ ᠭᠡᠷᠴᠢᠵᠦ ᠲᠠᠪᠳᠠᠭᠠᠳ᠂ ᠲᠠᠪᠤᠰᠤ ᠨᠤᠭᠤᠭ᠎ᠠ   ᠪᠠᠨ ᠬᠢᠵᠦ ᠨᠠᠶᠢᠷᠠᠭᠤᠯᠤᠨ᠎ᠠ᠃ ᠭᠤᠯᠢᠷ ᠢᠶᠠᠨ ᠪᠦᠯᠢᠶᠡᠨ ᠤᠰᠤᠨ ᠳᠤ  ᠵᠢᠭᠤᠷᠠᠵᠤ ᠨᠤᠬᠤᠭᠠᠳ ᠰᠠᠶᠢᠨ ᠨᠡᠶᠢᠴᠡᠬᠦᠯᠦᠭᠰᠡᠨ ᠤ ᠲᠠᠷᠠᠭ᠎ᠠ᠂  ᠪᠠᠭ᠎ᠠ ᠪᠠᠭ᠎ᠠ ᠪᠠᠷ ᠲᠠᠰᠤᠳᠠᠨ  ᠪᠦᠮᠪᠦᠬᠡᠯᠡᠵᠦ᠂  ᠪᠦᠮᠪᠦᠬᠡᠯᠡᠭᠰᠡᠨ ᠭᠤᠯᠢᠷ ᠢᠶᠠᠨ ᠠᠮᠪᠠᠨ ᠲᠡᠭᠡᠷ᠎ᠡ ᠪᠠᠨ ᠲᠠᠯᠪᠢᠵᠤ  ᠲᠤᠭᠤᠷᠢᠭᠯᠠᠨ ᠬᠠᠪᠳᠠᠭᠠᠶᠢᠯᠠᠭᠠᠳ ︵ᠡᠬᠦᠨ ᠢ ᠭᠤᠯᠢᠷ ᠭᠠᠯᠢᠬᠤ ᠭᠡᠳᠡᠭ︶᠂ ᠲᠤᠳᠤᠷ᠎ᠠ ᠨᠢ ᠮᠢᠬ᠎ᠠ ᠪᠠᠨ ᠬᠢᠵᠦ ᠴᠢᠮᠬᠢᠨ ᠪᠤᠭᠤᠭᠠᠳ ᠵᠢᠩᠨᠡᠵᠦ ᠢᠳᠡᠨ᠎ᠡ᠃  ᠪᠤᠤᠵᠠ ᠶᠢ ᠪᠠᠷᠢᠭᠰᠠᠨ ᠬᠡᠯᠪᠡᠷᠢ ᠲᠦᠷᠰᠦ ᠪᠠᠷ ᠨᠢ ᠨᠠᠷᠠᠨ ᠪᠤᠤᠵᠠ᠂ ᠰᠠᠷᠠᠨ ᠪᠤᠤᠵᠠ᠂ ᠬᠤᠨᠢᠨ ᠪᠤᠤᠵᠠ ᠬᠡᠬᠦ ᠮᠡᠳᠦ ᠪᠠᠷ ᠨᠡᠷᠡᠯᠡᠨ᠎ᠡ᠃ ᠪᠠᠩᠰᠢ  ᠪᠠᠷᠢᠬᠤ ᠠᠷᠭ᠎ᠠ ᠨᠢ ᠪᠤᠤᠵᠠ ᠬᠢᠬᠦ ᠲᠠᠢ ᠠᠳᠠᠯᠢ᠂  ᠵᠦᠪᠬᠡᠨ ᠬᠡᠮᠵᠢᠶ᠎ᠡ ᠨᠢ ᠪᠤᠤᠵᠠ ᠠᠴᠠ ᠪᠠᠭ᠎ᠠ  ᠪᠠᠶᠢᠳᠠᠭ᠃  ᠪᠠᠩᠰᠢ ᠶᠢ ᠵᠢᠵᠢᠭᠯᠡᠨ ᠭᠡᠷᠴᠢᠭᠰᠡᠨ ᠮᠢᠬ᠎ᠠ ᠲᠠᠢ ᠱᠦᠯᠦᠨ ᠳᠤ ᠴᠢᠨᠠᠵᠤ ᠢᠳᠡᠨ᠎ᠡ᠃       ᠲᠠᠶᠢᠹᠤᠰᠧ ᠮᠤᠩᠭᠤᠯᠴᠤᠳ ᠪᠠᠰᠠ ᠰᠢᠷ᠎ᠠ ᠲᠤᠰᠤᠨ ᠤ ᠤᠷᠢᠶᠠᠮᠠᠭ ᠬᠢᠵᠦ ᠢᠳᠡᠳᠡᠭ᠃  ᠡᠨᠡ ᠨᠢ ᠮᠤᠩᠭᠤᠯ ᠬᠦᠮᠦᠨ ᠤ ᠯᠠ ᠬᠢᠵᠦ ᠴᠢᠳᠠᠳᠠᠭ ᠬᠤᠭᠤᠯᠠ  ᠶᠤᠮ᠃ ᠭᠤᠯᠢᠷ ᠢᠶᠠᠨ ᠪᠦᠯᠢᠶᠡᠨ ᠤᠰᠤᠨ ᠳᠤ ᠵᠢᠭᠤᠷᠠᠵᠤ  ᠨᠢᠮᠭᠡᠯᠡᠬᠡᠳ᠂ ᠲᠤᠳᠤᠷ᠎ᠠ ᠨᠢ ᠰᠢᠷ᠎ᠠ ᠲᠤᠰᠤ ᠬᠢᠵᠦ ᠤᠷᠢᠶᠠᠨ᠂ ᠵᠢᠩᠨᠡᠵᠦ ᠪᠤᠯᠭᠤᠨ᠎ᠠ᠃ ᠪᠠᠰᠠ ᠦᠬᠡᠬᠦ ᠬᠠᠪᠴᠢᠭᠤᠯᠵᠤ ᠤᠷᠢᠶᠠᠳᠠᠭ ᠴᠤ ᠪᠤᠢ᠂ ᠡᠬᠦᠨ ᠢ ᠦᠬᠡᠬᠦᠨ ᠤ ᠤᠷᠢᠶᠠᠮᠠᠭ ᠭᠡᠳᠡᠭ᠃       ᠬᠠᠭᠠᠷᠢᠭᠰᠠᠨ ᠪᠤᠤᠪᠤ ᠶᠢ ᠲᠠᠶᠢᠹᠤᠰᠧ ᠳᠤ ᠪᠠᠰᠠ ᠰᠢᠶᠠᠨᠰᠠ ᠬᠡᠳᠡᠭ᠃  ᠬᠢᠬᠦ ᠠᠷᠭ᠎ᠠ ᠨᠢ᠂ ᠰᠢᠷ᠎ᠠ ᠤᠰᠤ  ᠪᠠᠷ ᠭᠤᠯᠢᠷ ᠢᠶᠠᠨ ᠵᠢᠭᠤᠷᠠᠵᠤ᠂ ᠲᠤᠳᠤᠷ᠎ᠠ ᠨᠢ ᠰᠢᠷ᠎ᠠ ᠲᠤᠰᠤ᠂ ᠵᠦᠬᠡᠬᠡᠢ ᠪᠠᠨ ᠬᠤᠯᠢᠭᠠᠳ᠂ ᠱᠦᠯᠦᠨ ᠲᠤᠰᠤ ᠪᠤᠶᠤ ᠬᠤᠮᠠ   ᠶᠢᠨ ᠲᠤᠰᠤᠨ ᠳᠤ  ᠬᠠᠭᠠᠷᠢᠵᠤ ᠭᠠᠷᠭᠠᠨ᠎ᠠ᠃ ᠬᠠᠭᠠᠷᠢᠭᠰᠠᠨ ᠪᠤᠤᠪᠤ ᠶᠢ ᠶᠢ ᠲᠤᠭᠤᠷᠢᠭ᠂  ᠤᠷᠢᠶᠠᠮᠠᠭ᠂ ᠰᠦᠯᠵᠢᠮᠡᠯ ᠬᠡᠬᠦ ᠮᠡᠳᠦ  ᠤᠯᠠᠨ ᠶᠠᠩᠵᠤ ᠪᠠᠷ ᠬᠢᠵᠦ ᠪᠤᠯᠳᠠᠭ  ᠃       ᠡᠬᠦᠨ ᠠᠴᠠ ᠭᠠᠳᠠᠨ᠎ᠠ᠂  ᠲᠠᠶᠢᠹᠤᠰᠧ ᠮᠤᠩᠭᠤᠯᠴᠤᠳ ᠪᠠᠰᠠ ᠬᠠᠯᠠᠭᠤᠨ ᠲᠤᠭᠤᠭ᠎ᠠ  ᠂ ᠭᠤᠯᠢᠷ ᠬᠤᠭᠤᠯᠠ ︵ᠮᠢᠶᠠᠨᠲ᠋ᠢᠶᠤᠤᠷ︶᠂ ᠱᠦᠯᠦ ᠲᠠᠢ ᠪᠤᠳᠠᠭ᠎ᠠ  ᠵᠡᠷᠭᠡ ᠬᠤᠭᠤᠯᠠ ᠪᠤᠳᠠᠭ᠎ᠠ ᠶᠢ ᠬᠢᠵᠦ ᠢᠳᠡᠨ᠎ᠡ᠃  ᠬᠠᠭᠤᠷᠠᠢ ᠪᠤᠳᠠᠭ᠎ᠠ ︵ᠬᠠᠭᠤᠷᠤᠭᠰᠠᠨ ᠠᠮᠤ︶   ᠶᠢ ᠰᠢᠷ᠎ᠠ ᠲᠤᠰᠤ᠂ ᠦᠷᠦᠮ᠎ᠡ ᠬᠤᠷᠤᠳ ᠲᠠᠢ ᠴᠠᠢ ᠳᠠᠭᠠᠨ ᠬᠢᠵᠦ  ᠤᠤᠭᠤᠨ ᠂ ᠬᠤᠨᠤᠭ ᠪᠤᠳᠠᠭ᠎ᠠ ︵ᠨᠠᠷᠢᠮᠤ ᠶᠢᠨ ᠪᠤᠳᠠᠭ᠎ᠠ᠂ ᠪᠠᠰᠠ ᠰᠢᠷ᠎ᠠ ᠪᠤᠳᠠᠭ᠎ᠠ ᠭᠡᠳᠡᠭ︶ ᠶᠢ ᠪᠤᠯ  ᠰᠢᠩᠬᠡᠨ ᠪᠤᠳᠠᠭ᠎ᠠ ᠴᠢᠨᠠᠬᠤ᠂ ᠠᠭᠰᠠᠭᠠᠵᠤ ᠢᠳᠡᠬᠦ ᠪᠤᠶᠤ ᠪᠤᠳᠠᠭ᠎ᠠ ᠤᠷᠬᠢᠭᠰᠠᠨ ᠴᠠᠢ ᠴᠢᠨᠠᠵᠤ ᠤᠤᠭᠤᠳᠠᠭ᠃       ᠲᠠᠶᠢᠹᠤᠰᠧ ᠨᠤᠳᠤᠭ ᠤᠨ ᠬᠢᠳᠠᠳ ᠬᠤᠭᠤᠯᠠᠨ ᠤ ᠲᠦᠷᠦᠯ ᠳᠤ ᠳᠤ  ᠶᠢᠦᠮᠠᠢ ᠶᠢᠨ ᠭᠤᠯᠢᠷ ᠤᠨ ᠬᠤᠭᠤᠯᠠ   ᠨᠢ ᠬᠤᠯᠠ ᠤᠶᠢᠷ᠎ᠠ ᠳᠤ ᠠᠯᠳᠠᠷᠰᠢᠭᠰᠠᠨ ᠪᠠᠶᠢᠳᠠᠭ᠃   ᠶᠢᠦᠮᠠᠢ ᠶᠢᠨ ᠭᠤᠯᠢᠷ ᠢᠶᠠᠷ ᠬᠢᠭᠰᠡᠨ ᠬᠤᠭᠤᠯᠠ ᠨᠢ ᠠᠮᠳᠠ ᠰᠠᠶᠢᠳᠠᠢ᠂ ᠰᠢᠮ᠎ᠡ ᠲᠡᠵᠢᠬᠡᠯ ᠶᠡᠭᠡ ᠪᠦᠬᠡᠳ ᠬᠢᠬᠦ ᠠᠷᠭ᠎ᠠ ᠮᠡᠷᠭᠡᠵᠢᠯ ᠨᠢ ᠪᠤᠰᠤᠳ ᠭᠤᠯᠢᠷ ᠤᠨ ᠢᠳᠡᠭᠡᠨ ᠠᠴᠠ ᠤᠨᠴᠠᠯᠢᠭᠳᠠᠵᠤ᠂  ᠬᠢᠳᠠᠳ ᠤᠨ ᠢᠳᠡᠭᠡᠨ ᠤᠮᠳᠠᠭᠠᠨ   ᠤ ᠰᠤᠶᠤᠯ ᠤᠨ ᠴᠢᠬᠤᠯᠠ ᠨᠢᠬᠡ ᠪᠦᠷᠢᠯᠳᠦᠬᠦᠨ ᠭᠡᠰᠡᠭ ᠪᠤᠯᠬᠤ ᠶᠤᠮ᠃  ᠶᠢᠦᠮᠠᠢ ᠶᠢᠨ ᠭᠤᠯᠢᠷ ᠢᠶᠠᠷ ᠠᠯᠠᠭᠠᠳᠠᠭᠤᠷ᠂ ᠲᠤᠭᠤᠷᠴᠤᠭ᠂  ᠬᠤᠷᠤᠭᠤᠪᠴᠢ ︵ᠤᠷᠢᠶᠠᠮᠠᠭ︶᠂  ᠪᠠᠩᠰᠢ᠂  ᠪᠤᠤᠪᠤ ᠵᠡᠷᠭᠡ ᠤᠯᠠᠨ ᠶᠠᠩᠵᠤ ᠶᠢᠨ ᠬᠤᠭᠤᠯᠠ ᠬᠢᠵᠦ᠂  ᠵᠢᠩᠨᠡᠵᠦ  ᠪᠤᠯᠭᠤᠭᠠᠳ ᠮᠢᠬ᠎ᠠ ᠨᠤᠭᠤᠭ᠎ᠠ ᠮᠦᠬᠦᠨ ᠱᠦᠯᠦ ᠲᠠᠢ ᠢᠳᠡᠬᠦ᠂  ᠮᠢᠬ᠎ᠠ ᠨᠤᠭᠤᠭ᠎ᠠ ᠲᠠᠢ ᠬᠤᠯᠢᠵᠤ ᠬᠠᠭᠤᠷᠬᠤ ᠪᠤᠶᠤ ᠰᠡᠷᠢᠬᠦᠨ ᠵᠠᠭᠤᠰᠢ ᠬᠢᠵᠦ ᠢᠳᠡᠵᠦ  ᠪᠦᠷ ᠪᠤᠯᠤᠨ᠎ᠠ᠃  ᠶᠢᠦᠮᠠᠢ ᠶᠢᠨ ᠭᠤᠯᠢᠷ ᠤᠨ ᠬᠤᠷᠤᠭᠤᠪᠴᠢ ︵ᠤᠷᠢᠶᠠᠮᠠᠭ᠂  ᠬᠢᠳᠠᠳ ᠢᠶᠠᠷ ᠸᠧ ᠸᠧ ᠭᠡᠳᠡᠭ︶ ᠪᠤᠯ ᠡᠬᠦᠨ ᠤ ᠤᠨ ᠲᠤᠳᠤᠷᠠᠬᠢ  ᠨᠡᠯᠢᠶᠡᠳ ᠤᠨᠴᠠᠯᠢᠭ ᠲᠠᠢ ᠨᠢᠬᠡ ᠵᠦᠢᠯ ᠤᠨ ᠬᠤᠭᠤᠯᠠ᠃  2010 ᠤᠨ ᠳᠤ ᠲᠠᠶᠢᠹᠤᠰᠧ ᠬᠤᠰᠢᠭᠤ ᠶᠢᠦᠮᠠᠢ ᠶᠢᠨ ᠭᠤᠯᠢᠷ ᠤᠨ ᠬᠤᠭᠤᠯᠠ ᠬᠢᠬᠦ ᠮᠡᠷᠭᠡᠵᠢᠯ ᠢ ᠠᠶᠢᠮᠠᠭ ᠤᠨ ᠲᠡᠰ ᠤᠨ ᠪᠤᠳᠠᠰ ᠤᠨ ᠪᠤᠰᠤ ᠰᠤᠶᠤᠯ ᠤᠨ ᠦᠪ ᠲᠤ  ᠪᠦᠷᠢᠳᠭᠡᠬᠦᠯᠵᠡᠢ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号