ᠤᠯᠠᠮᠵᠢᠯᠠᠯᠳᠤ  ᠬᠡᠦᠭᠡᠳ ᠤᠨ ᠲᠤᠭᠯᠠᠭᠠᠮ  — ᠤᠨᠢᠰᠤᠭ᠎ᠠ ᠲᠠᠭᠠᠯᠴᠠᠬᠤ
ᠨᠡᠶᠢᠲᠡᠯᠡᠭᠰᠡᠨ ᠴᠠᠭ᠄
2023/4/11
    ᠤᠨᠢᠰᠤᠭ᠎ᠠ ᠲᠠᠭᠠᠬᠤ ᠪᠤᠯ ᠬᠡᠦᠬᠡᠳ ᠤᠨ ᠤᠷᠮ᠎ᠠ ᠪᠠᠬ᠎ᠠ ᠶᠢ ᠲᠠᠳᠠᠭᠰᠠᠨ ᠰᠤᠨᠢᠷᠬᠠᠯᠳᠠᠢ ᠤᠶᠤᠨ ᠤ ᠲᠤᠭᠯᠠᠭᠠᠮ ᠪᠤᠯᠤᠨ᠎ᠠ᠃ ᠮᠤᠩᠭᠤᠯ ᠤᠨᠢᠰᠤᠭ᠎ᠠ ᠲᠠᠯᠠᠢ ᠮᠡᠳᠦ ᠶᠠᠨᠳᠠᠰᠢ ᠦᠬᠡᠢ ᠠᠷᠪᠢᠨ ᠪᠠᠶᠢᠳᠠᠭ ᠲᠤᠯᠠ ᠲᠠᠭᠠᠯᠴᠠᠬᠤ ᠤᠨᠢᠰᠤᠭ᠎ᠠ ᠮᠤᠩᠳᠠᠳᠠᠭ ᠦᠬᠡᠢ ᠶᠤᠮ᠃ ᠬᠡᠦᠬᠡᠳ ᠤᠳ ᠲᠤᠮᠤᠴᠤᠤᠯ ᠠᠴᠠ ᠪᠠᠨ ᠤᠨᠢᠰᠤᠭ᠎ᠠ ᠰᠤᠷᠴᠤ ᠴᠡᠭᠡᠵᠢᠯᠡᠨ᠂ ᠲᠡᠬᠦᠨ ᠢᠶᠠᠨ ᠨᠢᠭᠤᠴᠠᠯᠠᠵᠤ ᠪᠠᠶᠢᠭᠠᠳ ᠲᠤᠭᠯᠠᠬᠤ ᠦᠶ᠎ᠡ ᠳᠡᠭᠡᠨ ᠬᠠᠷᠢᠯᠴᠠᠨ ᠲᠠᠭᠠᠯᠴᠠᠳᠠᠭ᠃ ᠤᠨᠢᠰᠤᠭ᠎ᠠ ᠪᠤᠯ ᠬᠡᠦᠭᠡᠳ ᠤᠨ ᠲᠦᠷᠰᠦᠯᠡᠨ ᠪᠤᠳᠤᠬᠤ ᠴᠢᠳᠠᠪᠤᠷᠢ ᠪᠠ ᠤᠷᠠᠨ ᠰᠡᠳᠬᠢᠬᠦᠢ ᠶᠢ ᠰᠠᠶᠢᠵᠢᠷᠠᠭᠤᠯᠬᠤ ᠳᠤ ᠮᠠᠰᠢ ᠠᠰᠢᠭᠳᠠᠢ ᠪᠠᠶᠢᠳᠠᠭ᠃ ᠵᠢᠱᠢᠶᠡᠯᠡᠪᠡᠯ᠂ ᠪᠦᠪᠡᠭᠡᠯᠵᠢ ᠶᠢ ︽ᠬᠡᠢ ᠬᠤᠶᠠᠷ ᠬᠦᠯᠬᠡ ᠲᠠᠢ᠂ ᠬᠡᠶᠢᠰᠦᠮ᠎ᠡ ᠰᠠᠮᠪᠠᠢ ᠤᠳᠤᠭ᠎ᠠ ᠲᠠᠢ᠂ ᠭᠠᠤᠯᠢᠨ ᠭᠠᠨᠳᠠᠩ ᠪᠦᠷᠢᠶ᠎ᠡ ᠲᠠᠢ᠂ ᠭᠤᠷᠪᠠᠨ ᠴᠠᠭ ᠤᠨ ᠬᠤᠷᠠᠯ ᠲᠠᠢ︾  ᠂  ᠮᠡᠯᠡᠬᠡᠢ ᠶᠢ ︽ᠰᠡᠬᠦᠯ ᠦᠬᠡᠢ ᠤᠭᠳᠤᠷ ᠰᠠᠷᠠᠯ᠂ ᠰᠡᠬᠦᠵᠢ ᠦᠬᠡᠢ ᠮᠠᠶᠢᠭ ᠰᠠᠷᠠᠯ︾᠂ ᠵᠡᠷᠭᠡᠯᠬᠡᠨ ᠢ ︽ᠲᠡᠷᠡ  ᠲᠡᠨᠳᠡ ᠲᠡᠮᠡᠭᠡ ᠰᠢᠭ᠂ ᠲᠡᠭᠷᠢ ᠶᠢᠨ ᠨᠠᠭᠠᠳᠠᠢ ᠢᠮᠠᠭ᠎ᠠ ᠰᠢᠭ᠋᠂ ᠨᠠᠷᠠᠨ ᠲᠠᠯ᠎ᠠ ᠳᠤ ᠨᠠᠭᠠᠳᠤᠮ ᠰᠢᠭ᠋᠂ ᠨᠠᠴᠢᠨ ᠱᠤᠩᠬᠤᠷ ᠰᠢᠪᠠᠭᠤ ᠰᠢᠭ᠋︾᠂  ᠬᠠᠭᠠᠯᠭ᠎ᠠ  ᠶᠢ ︽ᠡᠬᠡᠴᠢ ᠲᠡᠬᠦᠦ ᠬᠤᠶᠠᠭᠤᠯᠠ  ᠡᠩ ᠰᠠᠴᠠᠭᠤ︾   ᠬᠡᠵᠦ᠂  ︽ᠤᠯᠠᠭᠠᠨ ᠪᠢᠷᠠᠭᠤ ᠶᠠᠰᠤᠨ ᠬᠤᠳᠤᠭᠤᠳᠤ  ᠲᠠᠢ︾  ᠭᠡᠪᠡᠯ ᠴᠢᠪᠠᠭ᠎ᠠ ᠶᠢ ᠬᠡᠯᠡᠵᠦ᠂  ᠬᠠᠷᠢᠨ ︽ᠶᠠᠰᠤᠨ ᠬᠤᠷᠤᠭᠠᠨ ᠳᠤ ᠤᠯᠠᠭᠠᠨ ᠪᠢᠷᠠᠭᠤ︾ ᠬᠡᠪᠡᠯ ᠰᠢᠳᠦ ᠪᠠ ᠬᠡᠯᠡ ᠶᠢ  ᠬᠡᠯᠡᠳᠡᠭ᠃   ᠡᠨᠡ  ᠮᠡᠳᠦ ᠪᠠᠷ ᠶᠠᠭᠤ ᠪᠦᠬᠦᠨ ᠢ ᠲᠦᠷᠰᠦᠯᠡᠨ ᠤᠨᠢᠰᠤᠭᠠᠯᠠᠵᠤ ᠪᠤᠯᠳᠠᠭ ᠪᠦᠬᠡᠳ ᠵᠠᠷᠢᠮ ᠬᠡᠦᠬᠡᠳ ᠤᠨᠢᠰᠤᠭ᠎ᠠ ᠵᠤᠬᠢᠶᠠᠬᠤ ᠤᠷ᠎ᠠ ᠲᠡᠮ ᠢ ᠰᠤᠷᠤᠭᠠᠳ᠂ ᠤᠷᠴᠢᠨ ᠲᠤᠭᠤᠷᠢᠨ ᠤ ᠪᠠᠨ ᠦᠵᠡᠭᠳᠡᠵᠦ ᠬᠠᠷᠠᠭᠳᠠᠵᠤ ᠪᠠᠶᠢᠭ᠎ᠠ ᠵᠦᠢᠯᠡᠰ ᠢ ᠶᠠᠪ ᠴᠠᠪ ᠲᠦᠷᠰᠦᠯᠡᠨ᠂ ᠤᠨᠢᠰᠤᠭ᠎ᠠ ᠪᠤᠯᠭᠠᠵᠤ ᠪᠠᠰᠠ ᠴᠢᠳᠠᠳᠠᠭ ᠪᠠᠶᠢᠨ᠎ᠠ᠃       ᠡᠬᠢᠯᠡᠵᠦ ᠲᠠᠭᠠᠯᠴᠠᠬᠤ ᠳᠠᠭᠠᠨ ᠤᠨᠢᠰᠤᠭ᠎ᠠ ᠬᠡᠯᠡᠬᠦ ᠬᠡᠦᠭᠡᠳ᠄      ︽ᠬᠡᠨ ᠮᠢᠨᠦ ᠤᠨᠢᠰᠤᠭ᠎ᠠ ᠶᠢ ᠲᠠᠭᠠᠵᠤ ᠴᠢᠳᠠᠪᠠᠯ      ᠭᠡᠭᠡᠷ ᠮᠤᠷᠢ ᠪᠠᠨ ᠪᠠᠭᠤᠵᠤ ᠦᠭᠬᠦᠶ᠎ᠡ      ᠭᠡᠳᠡ ᠬᠢᠳᠤᠭ᠎ᠠ ᠪᠠᠨ ᠲᠠᠶᠢᠯᠵᠤ ᠦᠭᠬᠦᠶ᠎ᠡ      ᠴᠤᠬᠤᠷ ᠮᠤᠷᠢ ᠪᠠᠨ ᠪᠠᠭᠤᠵᠤ ᠦᠭᠬᠦᠶ᠎ᠡ      ᠴᠢᠨ᠋ᠸ᠎ᠠ ᠲᠠᠬᠤ ᠪᠠᠨ ᠲᠠᠶᠢᠯᠵᠤ ᠦᠭᠬᠦᠶ᠎ᠡ      ᠪᠤᠭᠤᠷᠤᠯ ᠮᠤᠷᠢ ᠪᠠᠨ ᠪᠠᠭᠤᠵᠤ ᠦᠭᠬᠦᠶ᠎ᠡ      ᠪᠤᠯᠠᠭᠠᠨ ᠲᠠᠬᠤ ᠪᠠᠨ ᠲᠠᠶᠢᠯᠵᠤ ᠦᠭᠬᠦᠶ᠎ᠡ      ᠰᠠᠷᠠᠯ ᠮᠤᠷᠢ ᠪᠠᠨ ᠪᠠᠭᠤᠵᠤ ᠦᠭᠬᠦᠶ᠎ᠡ      ᠰᠠᠭᠠᠳᠠᠭ ᠨᠤᠮᠤ ᠪᠠᠨ ᠲᠠᠶᠢᠯᠵᠤ ᠦᠭᠬᠦᠶ᠎ᠡ︾ ᠬᠡᠮᠡᠨ ᠪᠠᠷᠳᠠᠮ ᠦᠬᠦᠯᠡᠨ᠎ᠡ᠃      ᠲᠡᠭᠡᠭᠡᠳ ᠲᠠᠭᠠᠵᠤ ᠴᠢᠳᠠᠭᠰᠠᠨ ᠦᠬᠡᠢ ᠬᠡᠦᠭᠡᠳ ᠢ ︽ᠬᠤᠳᠠᠯᠳᠤᠨ᠎ᠠ︾᠃ ︽ᠬᠤᠳᠠᠯᠳᠤᠬᠤ︾   ᠳᠠᠭᠠᠨ ᠪᠠᠰᠠ  ᠄      ︽ᠬᠤᠪᠤᠭ ᠬᠤᠪᠤᠭ ᠬᠤᠨᠢᠨ ᠠᠴᠠ      ᠬᠤᠶᠠᠷ ᠰᠢᠤᠳᠠᠢ ᠰᠢᠷᠤᠢ ᠠᠴᠠ      ᠭᠤᠨᠠᠨ ᠭᠤᠨᠠᠨ ᠦᠬᠡᠷ ᠠᠴᠠ      ᠭᠤᠷᠪᠠᠨ ᠰᠢᠤᠳᠠᠢ ᠰᠢᠷᠤᠢ ᠠᠴᠠ      ᠲᠦᠵᠢᠷ ᠲᠦᠵᠢᠷ ᠢᠮᠠᠭᠠᠨ ᠠᠴᠠ       ᠲᠦᠷᠪᠡᠨ ᠰᠢᠤᠳᠠᠢ ᠰᠢᠷᠤᠢ ᠠᠴᠠ       ᠲᠠᠶᠢᠯᠤᠭ ᠲᠠᠶᠢᠯᠤᠭ ᠲᠡᠮᠡᠭᠡᠨ ᠠᠴᠠ       ᠲᠠᠪᠤᠨ ᠰᠢᠤᠳᠠᠢ ᠰᠢᠷᠤᠢ ᠠᠴᠠ       ᠵᠤᠰᠠᠭ ᠵᠤᠰᠠᠭ ᠢᠮᠠᠭᠠᠨ ᠠᠴᠠ       ᠵᠢᠷᠭᠤᠭᠠᠨ ᠰᠢᠤᠳᠠᠢ ᠰᠢᠷᠤᠢ ᠠᠴᠠ       ᠰᠡᠮᠡᠷᠭᠡᠢ ᠬᠠᠳᠠᠭ ᠠᠴᠠ       ᠰᠡᠳᠡᠷᠬᠡᠢ ᠵᠡᠬᠦᠦ ᠠᠴᠠ       ᠰᠢᠷ᠎ᠠ ᠨᠤᠬᠠᠢ ᠶᠢᠨ       ᠱᠠᠭᠠᠨᠳᠤ ᠠᠴᠠ ᠤᠶᠠᠭᠠᠳ       ᠪᠤᠷᠤ ᠨᠤᠬᠠᠢ ᠶᠢᠨ       ᠪᠤᠷᠪᠢᠨ ᠠᠴᠠ ᠤᠶᠠᠭᠠᠳ       ᠤᠨᠢᠰᠤᠭ᠎ᠠ ᠲᠠᠭᠠᠵᠤ ᠴᠢᠳᠠᠬᠤ ᠦᠬᠡᠢ       ᠤᠬᠠᠭᠠᠨ ᠦᠬᠡᠢ ᠬᠦᠦ ᠶᠢ ᠬᠤᠳᠠᠯᠳᠤᠶ᠎ᠠ᠂ ᠬᠡᠨ ᠠᠪᠬᠤ ᠪᠤᠢ︾ ᠬᠡᠮᠡᠨ ᠱᠤᠤᠯᠠᠬᠤ  ᠪᠦᠬᠡᠳ ᠵᠠᠯᠭᠠᠭᠠᠳ ᠪᠠᠰᠠ᠄       ︽ᠵᠠᠶᠢᠳᠠᠩ ᠬᠡᠬᠦᠦ ᠤᠨᠤᠭᠤᠯᠤᠭᠠᠳ       ᠵᠠᠮ ᠦᠬᠡᠢ ᠭᠠᠵᠠᠷ ᠲᠠᠪᠬᠢᠭᠤᠯᠤᠭᠠᠳ      ᠲᠠᠪᠢᠨ ᠭᠠᠵᠠᠷ ᠤᠨ ᠴᠠᠭᠠᠳᠤᠬᠢ      ᠲᠠᠷᠢᠶᠠᠴᠢᠨ ᠠᠶᠢᠯ ᠳᠤ ᠬᠤᠳᠠᠯᠳᠤᠶ᠎ᠠ︾ ᠬᠡᠮᠡᠨ ᠱᠤᠤᠯᠠᠳᠠᠭ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号