ᠤᠯᠠᠮᠵᠢᠯᠠᠯᠳᠤ ᠬᠡᠦᠭᠡᠳ ᠤᠨ ᠲᠤᠭᠯᠠᠭᠠᠮ  — ᠬᠠᠷᠢᠯᠴᠠᠨ ᠱᠤᠤᠯᠠᠬᠤ
ᠨᠡᠶᠢᠲᠡᠯᠡᠭᠰᠡᠨ ᠴᠠᠭ᠄
2023/6/13
    ᠬᠡᠦᠭᠡᠳ ᠪᠡᠶ᠎ᠡ ᠪᠡᠶ᠎ᠡ ᠪᠠᠨ ᠱᠤᠤᠯᠠᠵᠤ ᠲᠤᠭᠯᠠᠬᠤ ᠳᠤ ᠠᠷᠪᠢᠨ ᠲᠤᠰᠬᠠᠢ ᠬᠡᠯᠡᠯᠬᠡ ᠵᠤᠬᠢᠶᠠᠭᠳᠠᠭᠰᠠᠨ ᠪᠠᠶᠢᠳᠠᠭ  ᠃  ᠵᠢᠱᠢᠶᠡᠯᠡᠪᠡᠯ᠂ ᠵᠠᠯᠬᠠᠭᠤ ᠬᠡᠦᠬᠡᠳ ᠢ ᠱᠤᠤᠯᠠᠬᠤ ᠳᠠᠭᠠᠨ᠄      ︽ᠦᠳᠡ ᠬᠦᠷᠳᠡᠯ᠎ᠡ ᠤᠨᠳᠠᠭᠠᠳ᠂      ᠦᠨᠢᠶᠡᠨ ᠲᠠᠭᠤ ᠪᠠᠷ ᠪᠤᠰᠤᠭᠠᠳ᠂      ᠦᠶᠡᠷ ᠪᠤᠯᠳᠠᠯ᠎ᠠ ᠰᠢᠭᠡᠭᠡᠳ᠂      ᠰᠦᠷ ᠰᠦᠷ ᠬᠦᠶᠦᠭᠡᠳ᠂      ᠰᠦᠷᠦᠭ ᠨᠤᠬᠠᠢ ᠲᠠᠭᠠᠭᠤᠯᠤᠭᠠᠳ᠂      ᠰᠦᠬᠡᠨ ᠴᠢᠨᠡᠬᠡᠨ ᠪᠠᠭᠠᠭᠠᠳ᠂      ᠠᠶᠢᠯ ᠤᠨ ᠬᠡᠦᠬᠡᠳ ᠤᠨ ᠰᠢᠪᠰᠢᠭ᠂      ᠠᠶᠢᠯᠤᠤ ᠠᠶᠢᠯᠤᠤ᠂ ᠠᠶᠢᠯᠤᠤ︾ ᠭᠡᠨ᠎ᠡ᠃     ᠤᠩᠭᠤᠭᠰᠠᠨ ᠬᠡᠦᠭᠡᠳ ᠢ ᠱᠤᠤᠯᠠᠬᠤ ᠳᠠᠭᠠᠨ᠄ ︽ᠬᠡᠨ ᠤᠩᠭᠤᠪᠠ︖ ᠬᠡᠯᠮᠡᠨ᠂  ᠵᠠᠯᠮᠠᠨ᠂ ᠵᠠᠬᠠᠯ᠂ ᠵᠤᠤᠬᠠᠯ᠂ ᠮᠠᠶᠢᠷᠡᠨ᠂ ᠮᠡᠷᠭᠡᠯᠡᠩ᠂ ᠤᠨᠤᠩ᠂ ᠤᠷᠤᠯᠠᠩ᠂ ᠤᠭᠳᠤᠰ᠂ ᠲᠤᠭᠳᠤᠰ᠂ ᠲᠤᠱ︕︾ ᠬᠡᠵᠦ ᠨᠢᠬᠡ ᠶᠢ  ᠪᠠᠨ ᠵᠢᠭᠠᠨ᠎ᠠ᠃ ᠱᠤᠤᠯᠠᠬᠤ ᠬᠡᠦᠭᠡᠳ ᠲᠡᠭᠡᠷ᠎ᠡ ᠪᠠᠨ ᠲᠤᠰᠬᠠᠬᠤ ᠶᠢᠨ ᠲᠦᠯᠦᠬᠡ ᠬᠡᠨ ᠠᠴᠠ ᠡᠬᠢᠯᠡᠪᠡᠯ ᠬᠡᠨ ᠲᠡᠭᠡᠷ᠎ᠡ ᠬᠦᠷᠬᠦ ᠶᠢ ᠵᠠᠪᠳᠤᠨ ᠪᠤᠳᠤᠯᠬᠢᠯᠠᠬᠤ ᠭᠡᠷᠡᠭᠳᠡᠢ ᠪᠦᠬᠡᠳ ᠵᠠᠷᠢᠮ ᠬᠡᠦᠬᠡᠳ ᠪᠡᠶ᠎ᠡ ᠲᠡᠭᠡᠷ᠎ᠡ ᠨᠢ ︽ᠲᠤᠱ︾ ᠬᠡᠮᠡᠨ ᠲᠤᠰᠬᠤ ᠶᠢ ᠵᠠᠪᠳᠤᠵᠤ ᠪᠤᠳᠤᠭᠠᠳ ᠵᠠᠶᠢᠯᠠᠳᠠᠭ ᠪᠠᠶᠢᠨ᠎ᠠ᠃      ᠡᠬᠦᠨ ᠠᠴᠠ ᠭᠠᠳᠠᠨ᠎ᠠ᠂ ᠲᠡᠭᠡᠰᠦ ᠦᠰᠦᠷᠴᠦ ᠲᠤᠭᠯᠠᠬᠤ ᠳᠠᠭᠠᠨ᠄      ︽ᠲᠡᠬᠦᠦᠳᠡᠢ ᠲᠡᠬᠦᠦᠳᠡᠢ ᠲᠡᠬᠦᠯᠢᠭᠡᠳ ᠢᠷᠡᠯ᠎ᠡ      ᠲᠦᠷᠪᠡᠨ ᠭᠠᠯᠠᠭᠤ ᠨᠢᠰᠦᠬᠡᠳ ᠢᠷᠡᠯ᠎ᠡ      ᠬᠠᠭᠠᠨ ᠤ ᠬᠠᠳᠤᠨ ᠬᠠᠰᠬᠢᠷᠤᠭᠠᠳ ᠢᠷᠡᠯ᠎ᠡ      ᠬᠠᠷ᠎ᠠ ᠰᠢᠪᠠᠭᠤ ᠲᠡᠭᠳᠡᠭᠡᠳ ᠢᠷᠡᠯ᠎ᠡ︾      ︽ ᠬᠠᠯᠠᠭᠠᠢ ᠬᠠᠯᠠᠭᠠᠢ ᠬᠠᠵᠠᠭᠤ ᠲᠡᠭᠡᠷ᠎ᠡ      ᠬᠠᠷ᠎ᠠ ᠢᠮᠠᠭ᠎ᠠ ᠬᠠᠳᠠᠨ ᠲᠡᠭᠡᠷ᠎ᠡ      ᠯᠤᠤᠯᠢ ᠯᠤᠤᠯᠢ ᠨᠤᠳᠤᠭ ᠲᠡᠭᠡᠷ᠎ᠡ      ᠨᠤᠭᠤᠰᠤ ᠭᠠᠯᠠᠭᠤ ᠤᠰᠤᠨ ᠲᠡᠭᠡᠷ᠎ᠡ︾ ᠬᠡᠮᠡᠨ ᠠᠶᠠᠯᠠᠭᠤᠯᠤᠨ ᠲᠠᠭᠤᠯᠠᠵᠤ ᠦᠰᠦᠷᠳᠡᠭ᠃     ᠬᠡᠦᠭᠡᠳ ᠤᠳ ᠪᠠᠰᠠ ᠡᠯᠳᠡᠪ ᠦᠵᠡᠭᠳᠡᠯ ᠳᠤ ᠲᠤᠬᠢᠷᠠᠭᠤᠯᠤᠨ ᠲᠠᠭᠤᠯᠠᠵᠤ ᠪᠦᠵᠢᠭᠯᠡᠵᠦ ᠲᠤᠭᠯᠠᠳᠠᠭ᠃  ᠵᠢᠱᠢᠶᠡᠯᠡᠬᠦ ᠳᠤ᠂ ᠲᠠᠤᠯᠠᠢ ᠶᠢ ᠦᠵᠡᠪᠡᠯ  ᠄ ︽ᠲᠠᠤᠯᠠᠢ ᠲᠠᠤᠯᠠᠢ ᠲᠤᠩᠭᠤᠰ᠂  ᠲᠤᠤᠬᠤᠨ ᠨᠢᠷᠤᠭᠤ ᠨᠢ ᠪᠦᠮᠪᠦᠰ᠂  ᠬᠤᠶᠠᠷ ᠴᠢᠬᠢ ᠨᠢ ᠲᠡᠯᠳᠡᠰ᠂ ᠬᠤᠶᠠᠷ ᠨᠢᠳᠦ ᠨᠢ ᠪᠦᠯᠳᠦᠰ︾ ᠬᠡᠮᠡᠨ ᠤᠩᠰᠢᠨ ᠰᠢᠯᠦᠭᠯᠡᠵᠦ᠂ ᠲᠤᠭᠤᠷᠤᠤ ᠶᠢ ᠦᠵᠡᠪᠡᠯ᠄ ︽ᠲᠤᠭᠤᠷᠤᠤ ᠲᠤᠭᠤᠷᠤᠤ ᠴᠠᠮ ᠢᠶᠠᠨ ᠬᠠᠷᠠᠢ ᠡ᠂ ᠲᠤᠷᠨᠢᠭᠰᠠᠨ ᠬᠡᠦᠭᠡᠳ ᠪᠤᠳᠠᠭ᠎ᠠ ᠪᠠᠨ ᠢᠳᠡ ᠡ᠂  ᠯᠠᠮᠠ ᠰᠢᠪᠠᠭᠤ ᠨᠤᠮ ᠢᠶᠠᠨ ᠤᠩᠰᠢ ᠡ᠂ ᠨᠠᠮᠵᠢᠯ ᠬᠤᠰᠠᠢ ᠪᠢᠴᠢᠭ ᠢᠶᠠᠨ ᠪᠢᠴᠢ ᠡ︾ ᠬᠡᠮᠡᠨ ᠦᠰᠦᠷᠴᠦ ᠬᠠᠷᠠᠶᠢᠨ᠂  ᠬᠤᠢ ᠰᠠᠯᠬᠢ ᠲᠡᠭᠳᠡᠬᠦ ᠳᠤ᠄ ︽ᠨᠢᠳᠦᠨ ᠳᠤ ᠪᠢᠳᠡᠬᠡᠢ ᠤᠷᠤ᠂ ᠨᠦᠬᠡᠨ ᠳᠤ ᠤᠷᠤ᠂  ᠤᠭᠤᠳᠤᠨ᠎ᠠ ᠶᠢᠨ ᠨᠦᠬᠡ  ᠪᠠᠷ ᠤᠷᠤ᠂  ᠠᠭᠤᠯᠠᠨ ᠤ ᠠᠭᠤᠢ ᠳᠤ ᠤᠷᠤ  ᠂ ᠲᠦᠢ ᠲᠦᠢ︾ ᠬᠡᠮᠡᠨ ᠨᠤᠯᠮᠤᠨ᠎ᠠ᠃      ᠲᠠᠶᠢᠹᠤᠰᠧ ᠨᠤᠳᠤᠭ ᠲᠤ ᠮᠤᠩᠭᠤᠯ ᠬᠡᠦᠭᠡᠳ ᠤᠨ ᠲᠤᠭᠯᠠᠭᠠᠮ ᠤᠨ ᠨᠡᠶᠢᠳᠡ ᠶᠢᠨ ᠤᠨᠴᠠᠯᠢᠭ ᠢ ᠬᠠᠷᠠᠭᠤᠯᠤᠭᠰᠠᠨ ᠤᠷᠤᠯᠳᠤᠬᠤ᠂ ᠪᠠᠷᠢᠯᠳᠤᠬᠤ᠂ ᠬᠤᠯᠤᠰᠤ ᠪᠤᠷᠭᠠᠰᠤ ᠮᠡᠳᠡᠵᠦ ᠨᠤᠮᠤ ᠰᠤᠮᠤ ᠬᠠᠷᠪᠤᠬᠤ᠂ ᠴᠢᠪᠬᠠᠳᠠᠬᠤ ᠲᠡᠦᠬᠦᠷᠳᠡᠬᠦ ︵ᠲᠠᠶᠢᠹᠤᠰᠧ ᠳᠤ ᠱᠤᠩᠬᠢᠨᠠᠭᠤᠷᠳᠠᠬᠤ ᠬᠡᠨ᠎ᠡ︶᠂ ᠲᠤᠭ᠎ᠠ ᠲᠠᠭᠠᠯᠴᠠᠬᠤ᠂ ᠨᠢᠭᠤᠯᠴᠠᠬᠤ᠂ ᠬᠤᠷᠢᠨ ᠲᠠᠪᠤᠨ ᠬᠤᠯᠤ ᠬᠡᠯᠡᠬᠦ᠂ ᠶᠢᠷᠳᠢᠨᠴᠦ ᠶᠢᠨ ᠭᠤᠷᠪᠠ ᠶᠠᠷᠢᠬᠤ᠂ ᠠᠯᠳᠠᠨ ᠲᠤᠩᠭᠤᠢ ᠨᠠᠭᠠᠳᠬᠤ᠂  ᠰᠢᠪᠡᠭᠡᠨ ᠲᠤᠯᠤᠭᠠᠢ ᠪᠠᠷᠢᠯᠳᠤᠭᠤᠯᠵᠤ ᠨᠠᠭᠠᠳᠬᠤ  ᠵᠢᠴᠢ ᠴᠠᠬᠢᠯᠳᠠᠭ ᠢᠶᠠᠷ ᠬᠤᠩᠬᠤ ᠲᠠᠮᠠᠷᠤ᠂ ᠬᠠᠵᠠᠭᠠᠷ ᠨᠤᠭᠳᠤ᠂ ᠤᠯᠤᠩ ᠵᠢᠷᠢᠮ᠂ ᠪᠤᠭᠤᠳᠠᠰᠤ ᠰᠦᠢᠭᠡ ᠬᠦᠷᠦᠵᠦ ᠲᠤᠭᠯᠠᠬᠤ ᠵᠡᠷᠭᠡ ᠲᠤᠭ᠎ᠠ ᠦᠬᠡᠢ ᠤᠯᠠᠨ ᠲᠤᠭᠯᠠᠭᠠᠮ   ᠤᠳ ᠪᠠᠶᠢᠳᠠᠭ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号