ᠤᠯᠠᠮᠵᠢᠯᠠᠯᠳᠤ  ᠬᠡᠦᠭᠡᠳ ᠤᠨ ᠲᠤᠭᠯᠠᠭᠠᠮ  — ᠦᠯᠢᠬᠡᠷ ᠶᠠᠷᠢᠬᠤ
ᠨᠡᠶᠢᠲᠡᠯᠡᠭᠰᠡᠨ ᠴᠠᠭ᠄
2023/5/10
    ᠦᠯᠢᠭᠡᠷ ᠶᠠᠷᠢᠬᠤ ᠪᠤᠯ ᠬᠡᠦᠭᠡᠳ ᠤᠨ ᠮᠠᠰᠢ ᠲᠤᠷᠠᠳᠠᠢ ᠤᠶᠤᠨ ᠤ ᠲᠤᠭᠯᠠᠭᠠᠮ ᠪᠤᠯᠤᠨ᠎ᠠ᠃ ᠶᠡᠷᠦ ᠠᠴᠠ ᠤᠯᠠᠨ ᠴᠦᠬᠡᠨ ᠮᠡᠳᠡᠬᠦ ᠶᠢᠨ ᠢᠯᠭᠠᠭ᠎ᠠ ᠲᠠᠢ ᠠᠴᠠ ᠪᠢᠰᠢ᠂ ᠦᠯᠢᠬᠡᠷ ᠮᠡᠳᠡᠬᠦ ᠦᠬᠡᠢ ᠬᠡᠦᠬᠡᠳ ᠬᠡᠵᠦ ᠪᠠᠷᠤᠭ ᠪᠠᠶᠢᠳᠠᠭ ᠦᠬᠡᠢ ᠪᠢᠯᠡ  ᠃ ᠬᠡᠦᠬᠡᠳ ᠴᠤᠭᠯᠠᠷᠠᠵᠤ ᠨᠠᠭᠠᠳᠬᠤ ᠳᠠᠭᠠᠨ᠂ ᠢᠯᠠᠩᠭᠤᠶ᠎ᠠ ᠴᠠᠰᠤ ᠪᠤᠷᠤᠭᠠᠨ ᠤᠷᠤᠭᠠᠳ ᠭᠠᠳᠠᠨ᠎ᠠ ᠭᠠᠷᠴᠤ ᠲᠤᠭᠯᠠᠬᠤ ᠶᠢᠨ ᠠᠷᠭ᠎ᠠ ᠦᠬᠡᠢ  ᠦᠶᠡᠰ ᠦᠯᠢᠬᠡᠷ ᠶᠠᠷᠢᠬᠤ ᠨᠢ ᠠᠷᠪᠢᠨ᠂ ᠮᠦᠨ ᠬᠦᠳᠡᠭᠡ ᠭᠠᠳᠠᠭ᠎ᠠ ᠬᠤᠷᠠᠭ᠎ᠠ ᠲᠤᠭᠤᠯ ᠬᠠᠷᠢᠭᠤᠯᠵᠤ ᠶᠠᠪᠤᠬᠤ ᠦᠶ᠎ᠡ ᠳᠤ ᠦᠯᠢᠬᠡᠷ ᠶᠠᠷᠢᠬᠤ ᠵᠠᠪᠰᠢᠶᠠᠨ ᠢᠯᠡᠬᠦᠦ ᠪᠠᠶᠢᠳᠠᠭ  ᠃ ᠲᠤᠮᠤᠴᠤᠤᠯ ᠴᠤ ᠦᠷᠬᠦᠯᠵᠢ ᠦᠯᠢᠬᠡᠷ ᠶᠠᠷᠢᠵᠤ ᠬᠡᠦᠬᠡᠳ ᠲᠡᠭᠡᠨ ᠴᠡᠭᠡᠵᠢᠯᠡᠬᠦᠯᠦᠨ᠎ᠡ᠃ ᠠᠶᠢᠯ ᠤᠨ ᠡᠪᠦᠬᠡᠳ ᠬᠦᠭᠰᠢᠳ ᠦᠯᠢᠬᠡᠷ ᠶᠠᠷᠢᠵᠤ ᠦᠭᠬᠦ ᠳᠤ ᠭᠡᠦᠬᠡᠳ ᠤᠳ ᠪᠠᠷᠤᠭ ᠠᠮᠠ   ᠪᠠᠷ ᠨᠢ ᠤᠷᠤᠬᠤ ᠰᠢᠬᠠᠨ ᠪᠦᠯᠳᠡᠶᠢᠵᠦ ᠴᠢᠩᠨᠠᠨ ᠰᠠᠭᠤᠵᠠᠭᠠᠳᠠᠭ᠃  ᠬᠡᠦᠬᠡᠳ ᠦᠳᠡᠰᠢ ᠤᠨᠳᠠᠬᠤ ᠠᠴᠠ ᠡᠮᠦᠨ᠎ᠡ ᠭᠡᠪᠳᠡᠷᠢ ᠲᠡᠭᠡᠷ᠎ᠡ ᠪᠠᠨ ᠦᠯᠢᠬᠡᠷ  ᠶᠠᠷᠢᠭᠤᠯᠤᠨ᠎ᠠ ᠬᠡᠵᠦ ᠭᠤᠶᠤᠳᠠᠭ᠃   ᠵᠠᠷᠢᠮ ᠳᠠᠭᠠᠨ ᠬᠡᠳᠦ ᠬᠡᠳᠦᠨ ᠦᠯᠢᠬᠡᠷ ᠶᠠᠷᠢᠭᠠᠳ ᠤᠨᠳᠠᠵᠤ ᠦᠭᠬᠦ ᠦᠬᠡᠢ᠂ ᠪᠠᠶᠢᠨ ᠲᠠᠬᠢᠨ ᠨᠤᠷᠱᠤᠭᠠᠳ ᠪᠠᠶᠢᠬᠤᠯᠠᠷ ᠲᠤᠮᠤᠴᠤᠤᠯ ᠠᠷᠭ᠎ᠠ ᠶᠠᠳᠠᠬᠤ ᠳᠠᠭᠠᠨ ︽ᠦᠯᠢᠬᠡᠷ ᠶᠠᠷᠢᠪᠠᠯ ᠦᠯᠡᠶᠢᠭᠰᠡᠨ ᠰᠤᠬᠤᠷ ᠪᠤᠯᠤᠨ᠎ᠠ᠂ ᠤᠨᠢᠰᠤᠭ᠎ᠠ ᠲᠠᠭᠠᠪᠠᠯ ᠤᠯᠠᠶᠢᠭᠰᠠᠨ ᠰᠤᠬᠤᠷ ᠪᠤᠯᠤᠨ᠎ᠠ᠂ ᠤᠳᠤ ᠠᠷᠪᠢᠨ ᠶᠠᠷᠢᠵᠤ ᠪᠤᠯᠬᠤ ᠦᠬᠡᠢ᠂ ᠮᠠᠷᠭᠠᠰᠢ ᠵᠠᠯᠭᠠᠵᠤ ᠶᠠᠷᠢᠵᠤ ᠦᠭᠬᠦᠶ᠎ᠡ︾ ᠬᠡᠮᠡᠨ ᠠᠷᠭᠠᠳᠠᠵᠤ  ᠤᠨᠳᠠᠭᠤᠯᠳᠠᠭ᠃ ᠮᠠᠷᠭᠠᠰᠢ ᠨᠢ ᠬᠡᠦᠭᠡᠳ ᠡᠨᠡ  ᠦᠬᠡ ᠪᠠᠨ ᠨᠡᠬᠡᠵᠦ ᠦᠯᠢᠬᠡᠷ ᠶᠠᠷᠢᠭᠤᠯᠬᠤ ᠪᠠᠷ ᠱᠠᠭᠠᠷᠳᠠᠬᠤ ᠳᠤ ︽ᠦᠴᠦᠭᠡᠳᠦᠷ ᠤᠨ ᠶᠠᠷᠢᠭᠰᠠᠨ ᠦᠯᠢᠬᠡᠷ  ᠢ ᠴᠡᠭᠡᠵᠢᠯᠡᠭᠰᠡᠨ ᠤᠤ︖︾ ᠭᠡᠮᠡᠨ ᠬᠡᠦᠬᠡᠳ ᠢᠶᠠᠷ ᠲᠠᠪᠳᠠᠨ ᠶᠠᠷᠢᠭᠤᠯᠵᠤ ᠴᠡᠭᠡᠵᠢᠯᠡᠬᠦᠯᠦᠨ᠎ᠡ᠃ ᠢᠩᠬᠢᠵᠦ ᠦᠯᠢᠬᠡᠷ ᠠᠷᠪᠢᠨ ᠴᠡᠭᠡᠵᠢᠯᠡᠭᠰᠡᠨ ᠬᠡᠦᠭᠡᠳ ᠢ ᠪᠤᠰᠤᠳ ᠭᠡᠦᠬᠡᠳ ᠶᠡᠭᠡ ᠯᠡ ᠪᠠᠭ᠋ᠠᠷᠬᠠᠳᠠᠭ᠃ ᠲᠠᠶᠢᠹᠤᠰᠧ ᠨᠤᠳᠤᠭ ᠲᠤ ︽ᠠᠯᠳᠠᠨ ᠭᠤᠷᠭᠤᠤᠯᠳᠠᠢ︾᠂ ︽ᠵᠠᠪᠠᠭ ᠤᠨ ᠬᠦᠦ︾᠂ ︽ᠠᠯᠳᠠᠨ ᠮᠦᠩᠬᠦᠨ ᠪᠦᠬᠡᠵᠢ︾᠂ ︽ᠠᠷᠭᠠᠳᠠᠢ ᠡᠪᠦᠬᠡᠨ︾᠂ ︽ᠲᠤᠯᠤᠭᠠᠨ ᠴᠢᠳᠬᠦᠷ ᠨᠢᠬᠡ ᠡᠪᠦᠬᠡᠨ︾᠂ ︽ᠵᠡᠬᠡᠯᠡᠢ ᠮᠡᠷᠭᠡᠨ︾᠂  ︽ᠪᠤᠵᠤᠤᠯᠠᠢ ᠪᠤᠷᠤ ᠬᠦᠦ︾  ᠂᠂᠂᠂᠂ ᠂  ᠵᠡᠷᠭᠡ ᠦᠯᠢᠭᠡᠷ ᠨᠦᠭᠦᠳ ᠶᠠᠷᠢᠭᠳᠠᠳᠠᠭ ᠪᠠᠶᠢᠯ᠎ᠠ ᠬᠡᠰᠡᠨ᠃  
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号