ᠡᠨᠡ ᠪᠤᠯ ᠬᠡᠦᠬᠡᠳ ᠦᠬᠡ ᠬᠡᠯᠡ ᠪᠠᠷ ᠮᠦᠷᠦᠶᠢᠴᠡᠵᠦ᠂ ᠬᠠᠷᠢᠯᠴᠠᠨ ᠪᠡᠶ᠎ᠡ ᠪᠡᠶ᠎ᠡ ᠪᠠᠨ ᠭᠠᠷᠳᠠᠭᠠᠬᠤ ᠪᠠᠷ | ᠤᠷᠤᠯᠳᠤᠳᠠᠭ ᠶᠠᠷᠢᠶᠠᠨ ᠤ ᠲᠤᠭᠯᠠᠭᠠᠮ ᠪᠤᠯᠤᠨ᠎ᠠ᠃ | ᠵᠢᠱᠢᠶ᠎ᠡ ᠨᠢᠬᠡ᠄ | ︽ᠬᠡᠦᠬᠡᠳ ᠬᠡᠦᠭᠡᠳ ᠬᠠᠮᠢᠭ᠎ᠠ ᠠᠴᠠ ᠢᠷᠡᠪᠡ︖︾ ᠬᠡᠵᠦ ᠠᠰᠠᠭᠤᠬᠤ ᠲᠤᠭᠯᠠᠭᠠᠮ | ︽ᠬᠡᠦᠬᠡᠳ ᠬᠡᠦᠭᠡᠳ ᠬᠠᠮᠢᠭ᠎ᠠ ᠠᠴᠠ ᠢᠷᠡᠪᠡ︖︾ | ︽ᠬᠡᠦᠬᠡᠳ ᠤᠨ ᠭᠤᠤᠯ ᠠᠴᠠ ᠢᠷᠡᠯ᠎ᠡ︾ | ︽ᠭᠤᠤᠯ ᠪᠢᠰᠢ᠂ ᠱᠠᠯᠪᠠ ᠯᠠ ᠪᠢᠵᠡ︾ | ︽ᠱᠠᠯᠪᠠ ᠨᠢ ᠱᠠᠯᠪᠠ ᠪᠤᠯᠪᠠᠴᠤ ᠦᠷᠯᠦᠬᠡ ᠡᠷᠳᠡ ᠡᠮᠦᠨ᠎ᠡ ᠬᠦᠪᠡᠬᠡᠨ ᠠᠴᠠ ᠨᠢ ᠨᠢᠰᠦᠭᠰᠡᠨ ᠬᠠᠨ | ᠭᠠᠷᠤᠳᠢ ᠦᠳᠡ ᠪᠤᠯᠬᠤ ᠳᠤ ᠬᠤᠶᠢᠳᠤ ᠬᠦᠪᠡᠭᠡᠨ ᠳᠤᠨᠢ ᠭᠠᠷᠳᠠᠭ ᠶᠤᠮ︾ | ︽ᠬᠠᠨ ᠭᠠᠷᠤᠳᠢ ᠪᠢᠰᠢ᠂ ᠬᠠᠷᠢᠨ ᠪᠢᠯᠵᠤᠤᠬᠠᠢ ᠯᠠ ᠪᠢᠵᠡ︾ | ︽ᠪᠢᠯᠵᠤᠤᠬᠠᠢ ᠨᠢ ᠪᠢᠯᠵᠤᠤᠬᠠᠢ ᠪᠤᠯᠪᠠᠴᠤ ᠲᠤᠮᠳᠠ ᠴᠢᠮᠦᠬᠡ ᠪᠠᠷ ᠨᠢ ᠪᠠᠶᠢᠰᠢᠩ ᠤᠨ ᠨᠢᠷᠤᠭᠤ ᠬᠢᠵᠦ | ᠪᠤᠯᠳᠠᠭ ᠶᠤᠮ︾ | ︽ᠪᠠᠶᠢᠰᠢᠩ ᠪᠢᠰᠢ᠂ ᠤᠪᠤᠬᠠᠢ ᠯᠠ ᠪᠢᠵᠡ︾ | ︽ᠤᠪᠤᠬᠠᠢ ᠨᠢ ᠤᠪᠤᠬᠠᠢ ᠪᠤᠯᠪᠠᠴᠤ ᠡᠬᠦᠳᠡᠨ ᠳᠤᠨᠢ ᠦᠷᠯᠦᠬᠡ ᠡᠷᠳᠡ ᠡᠯᠵᠢᠬᠡ ᠤᠷᠢᠯᠠᠬᠤ ᠳᠤ ᠲᠠᠭᠤ | ᠨᠢ ᠦᠳᠡᠰᠢ ᠰᠠᠶ᠋ᠢ ᠬᠤᠶᠢᠮᠤᠷ ᠲᠤᠨᠢ ᠰᠤᠨᠤᠰᠳᠠᠳᠠᠭ ᠶᠤᠮ︾ | ︽ᠡᠯᠵᠢᠬᠡ ᠪᠢᠰᠢ᠂ ᠲᠤᠳᠠᠷᠠᠢ ᠯᠠ ᠪᠢᠵᠡ︾ | ︽ᠲᠤᠳᠠᠷᠠᠢ ᠨᠢ ᠲᠤᠳᠠᠷᠠᠢ ᠪᠤᠯᠪᠠᠴᠤ ᠠᠷᠪᠠᠨ ᠰᠢᠤᠳᠠᠢ ᠲᠠᠪᠤᠰᠤ ᠠᠴᠢᠭᠠᠳ ᠠᠷᠴᠢᠳᠤ ᠶᠢᠨ ᠲᠠᠪᠠᠭ᠎ᠠ ᠶᠢ | ᠠᠵᠢᠭ ᠦᠬᠡᠢ ᠲᠠᠪᠠᠳᠠᠭ ᠶᠤᠮ︾ | ︽ᠲᠠᠪᠠᠭ᠎ᠠ ᠪᠢᠰᠢ᠂ ᠬᠦᠪᠡᠭᠡ ᠯᠠ ᠪᠢᠵᠡ︾ | ︽ ᠬᠦᠪᠡᠭᠡ ᠨᠢ ᠬᠦᠪᠡᠭᠡ ᠪᠤᠯᠪᠠᠴᠤ ᠤᠷᠤᠢ ᠶᠢ ᠨᠢ ᠬᠠᠷᠠᠵᠤ ᠦᠵᠡᠭᠰᠡᠨ ᠬᠦᠮᠦᠨ ᠤ ᠮᠠᠯᠠᠭᠠᠢ ᠨᠢ | ᠤᠨᠠᠳᠠᠭ ᠶᠤᠮ︾ | ︽ ᠮᠠᠯᠠᠭᠠᠢ ᠪᠢᠰᠢ᠂ ᠲᠤᠭᠤᠷᠴᠤᠭ ᠯᠠ ᠪᠢᠵᠡ︾ | ︽ ᠲᠤᠭᠤᠷᠴᠤᠭ ᠨᠢ ᠲᠤᠭᠤᠷᠴᠤᠭ ᠪᠤᠯᠪᠠᠴᠤ ᠲᠤᠩ ᠬᠦᠢᠳᠡᠨ ᠳᠤ ᠠᠯᠵᠢᠳᠠᠭ ᠦᠬᠡᠢ ᠶᠤᠮ︾ | ︽ ᠬᠦᠢᠳᠡᠨ ᠪᠢᠰᠢ᠂ ᠬᠡᠶᠢᠪᠡᠩ ᠯᠠ ᠪᠢᠵᠡ︾ | ︽ ᠬᠡᠶᠢᠪᠡᠩ ᠨᠢ ᠬᠡᠶᠢᠪᠡᠩ ᠪᠤᠯᠪᠠᠴᠤ ᠬᠡᠯᠡᠯᠴᠡᠵᠦ ᠪᠠᠶᠢᠭᠰᠠᠨ ᠬᠤᠶᠠᠷ ᠬᠦᠮᠦᠨ ᠤ ᠬᠡᠯᠡ ᠨᠢ ᠬᠦᠯᠳᠡᠭᠰᠡᠨ | ᠶᠤᠮ︾ | ︽ ᠬᠡᠯᠡ ᠪᠢᠰᠢ᠂ ᠮᠢᠬ᠎ᠠ ᠯᠠ ᠪᠢᠵᠡ︾ | ︽ ᠮᠢᠬ᠎ᠠ ᠨᠢ ᠮᠢᠬ᠎ᠠ ᠪᠤᠯᠪᠠᠴᠤ ᠬᠡᠨ ᠲᠠᠢ ᠴᠤ ᠭᠡᠷᠡᠬᠦᠯ ᠵᠠᠷᠭᠤ ᠪᠠᠨ ᠪᠦᠷ ᠠᠯᠳᠠᠳᠠᠭ ᠦᠬᠡᠢ ᠶᠤᠮ︾ | ᠬᠡᠮᠡᠨ ᠬᠡᠯᠡᠯᠴᠡᠨ᠎ᠡ᠃ | ᠵᠢᠱᠢᠶ᠎ᠡ ᠬᠤᠶᠠᠷ᠄ | ᠬᠤᠶᠠᠷ ᠬᠡᠦᠭᠡᠳ ᠰᠢᠬᠡᠵᠡᠢ ᠬᠤᠷᠤᠭᠤ ᠪᠠᠷᠢᠬᠤ ᠲᠤᠭᠯᠠᠭᠠᠮ ᠲᠤᠭᠯᠠᠵᠤ᠂ ᠰᠢᠬᠡᠵᠡᠢ ᠬᠤᠷᠤᠭᠤ ᠶᠢ ᠨᠢ | ᠵᠦᠪ ᠪᠠᠷᠢᠭᠰᠠᠨ ᠭᠡᠦᠭᠡᠳ ᠠᠯᠳᠠᠯ ᠦᠬᠡᠢ ᠪᠠᠷᠢᠵᠤ ᠪᠠᠶᠢᠭᠠᠳ ᠠᠰᠠᠭᠤᠨ᠎ᠠ᠃ | ︽ᠨᠢᠬᠡ ᠲᠠᠭᠠᠬᠤ ᠶᠠᠭᠤ ᠪᠤᠢ︖︾ | ︽ᠨᠢᠬᠡ ᠭᠠᠷ ᠢᠶᠠᠷ ᠢᠶᠠᠨ ᠪᠠᠷᠢᠭᠰᠠᠨ ᠢᠶᠠᠨ ᠠᠯᠳᠠᠨ᠎ᠠ ᠬᠡᠮᠡᠨ ᠪᠠᠶᠢᠬᠤ ᠤᠤ︾ | ︽ᠬᠤᠶᠠᠷ ᠲᠠᠭᠠᠬᠤ ᠶᠠᠭᠤ ᠪᠤᠢ︖︾ | ︽ᠬᠤᠶᠠᠷ ᠨᠢᠳᠦ ᠪᠠᠷ ᠢᠶᠠᠨ ᠬᠠᠷᠠᠭᠰᠠᠨ ᠢᠶᠠᠨ ᠠᠨᠳᠠᠨᠠ ᠬᠡᠮᠡᠨ ᠪᠠᠶᠢᠬᠤ ᠤᠤ︾ | ︽ᠭᠤᠷᠪᠠ ᠲᠠᠭᠠᠬᠤ ᠶᠠᠭᠤ ᠪᠤᠢ︖︾ | ︽ᠭᠤᠨᠠᠨ ᠦᠬᠡᠷ ᠢᠶᠠᠨ ᠬᠦᠯᠦᠵᠦ᠂ ᠭᠤᠯᠢᠷ ᠪᠤᠳᠠᠭ᠎ᠠ ᠲᠡᠭᠡᠭᠡᠵᠦ ᠭᠡᠮᠡᠨ ᠤᠨ ᠵᠢᠯ ᠤᠨ ᠬᠦᠨᠡᠰᠦ ᠪᠢᠰᠢ | ᠤᠤ︾ | ︽ᠲᠦᠷᠪᠡ ᠲᠠᠭᠠᠬᠤ ᠶᠠᠭᠤ ᠪᠤᠢ︖︾ | ︽ᠲᠦᠷᠪᠡᠨ ᠬᠦᠦ ᠲᠠᠢ ᠬᠦᠮᠦᠨ ᠶᠠᠭᠤᠨ ᠠᠴᠠ ᠠᠶᠤᠬᠤ ᠪᠤᠢ︾ | ︽ᠲᠠᠪᠤ ᠲᠠᠭᠠᠬᠤ ᠶᠠᠭᠤ ᠪᠤᠢ︖︾ | ︽ᠲᠠᠪᠤᠨ ᠬᠤᠰᠢᠭᠤ ᠮᠠᠯ ᠢᠶᠠᠨ ᠮᠠᠯᠵᠢᠵᠤ ᠬᠡᠮᠡᠨ ᠲᠠᠷᠠᠭ ᠠᠶᠢᠷᠠᠭ ᠤᠤᠭᠤᠬᠤ ᠪᠠᠨ ᠪᠠᠶᠢᠬᠤ ᠤᠤ︾ | ︽ᠵᠢᠷᠭᠤᠭ᠎ᠠ ᠲᠠᠭᠠᠬᠤ ᠶᠠᠭᠤ ᠪᠤᠢ︖︾ | ︽ᠵᠤᠨ ᠤ ᠴᠠᠭ ᠪᠤᠯᠵᠤ ᠬᠡᠮᠡᠨ ᠵᠦᠰᠡᠷ ᠪᠤᠷᠤᠭᠠᠨ ᠤᠷᠤᠬᠤ ᠪᠠᠨ ᠪᠠᠶᠢᠬᠤ ᠤᠤ︾ | ︽ᠲᠤᠯᠤᠭ᠎ᠠ ᠲᠠᠭᠠᠬᠤ ᠶᠠᠭᠤ ᠪᠤᠢ︖︾ | ︽ᠲᠤᠯᠤᠭᠠᠨ ᠪᠤᠷᠬᠠᠨ ᠤᠷᠤᠢ ᠲᠡᠭᠡᠷ᠎ᠡ ᠭᠠᠷᠴᠤ ᠬᠡᠮᠡᠨ ᠦᠷ ᠴᠠᠶᠢᠬᠤ ᠪᠠᠨ ᠪᠠᠶᠢᠬᠤ ᠤᠤ︾ | ︽ᠨᠠᠢᠮᠠ ᠲᠠᠭᠠᠬᠤ ᠶᠠᠭᠤ ᠪᠤᠢ︖︾ | ︽ᠨᠠᠷᠢᠨ ᠪᠤᠷᠤᠭᠠᠨ ᠤᠷᠤᠵᠤ ᠬᠡᠮᠡᠨ ᠨᠠᠪᠴᠢ ᠴᠡᠴᠡᠭ ᠲᠡᠯᠭᠡᠷᠡᠬᠦ ᠪᠠᠨ ᠪᠠᠶᠢᠬᠤ ᠤᠤ︾ | ︽ᠶᠢᠰᠦ ᠲᠠᠭᠠᠬᠤ ᠶᠠᠭᠤ ᠪᠤᠢ︖︾ | ︽ᠶᠢᠰᠦᠨ ᠰᠢᠳᠢ ᠶᠢ ᠰᠤᠷᠴᠤ ᠬᠡᠮᠡᠨ ᠶᠢᠷᠳᠢᠨᠴᠦ ᠶᠢ ᠲᠤᠭᠤᠷᠢᠬᠤ ᠪᠠᠨ ᠪᠤᠯᠢᠬᠤ ᠤᠤ︾ | ︽ᠠᠷᠪᠠ ᠲᠠᠭᠠᠬᠤ ᠶᠠᠭᠤ ᠪᠤᠢ︖︾ | ︽ᠠᠷᠪᠠᠨ ᠰᠠᠯᠠᠭ᠎ᠠ ᠪᠤᠭᠤ ᠠᠯᠠᠵᠤ ᠬᠡᠮᠡᠨ ᠠᠶᠢᠯ ᠬᠤᠳᠠ ᠪᠠᠨ ᠴᠠᠳᠬᠠᠬᠤ ᠪᠠᠨ ᠪᠠᠶᠢᠬᠤ ᠤᠤ︾ | ︽ᠠᠷᠪᠠᠨ ᠨᠢᠬᠡ ᠲᠠᠭᠠᠬᠤ ᠶᠠᠭᠤ ᠪᠤᠢ︖︾ | ︽ᠠᠳᠠᠭ ᠤᠨ ᠮᠠᠭᠤ ᠴᠢᠮ᠎ᠠ ᠲᠠᠢ ᠬᠡᠯᠡᠯᠴᠡᠬᠦ ᠦᠬᠡᠢ︾ ᠬᠡᠮᠡᠨ ᠬᠤᠷᠤᠭᠤ ᠪᠠᠨ ᠤᠭᠵᠠ ᠲᠠᠳᠠᠨ ᠠᠪᠤᠨ᠎ᠠ᠃ | | ᠵᠢᠱᠢᠶ᠎ᠡ ᠭᠤᠷᠪᠠ᠄ | ᠡᠨᠡ ᠲᠤᠭᠯᠠᠭᠠᠮ ᠢ ᠬᠤᠶᠠᠷ ᠬᠡᠦᠭᠡᠳ ᠲᠤᠭᠯᠠᠨ᠎ᠠ᠃ ᠨᠢᠬᠡ ᠨᠢ ᠵᠡᠬᠦᠨ ᠭᠠᠷ ᠤᠨ ᠲᠤᠮᠳᠠ ᠬᠤᠷᠤᠭᠤ ᠪᠠ | ᠢᠳᠡᠮ ᠬᠤᠷᠤᠭᠤ ᠪᠠᠨ ᠪᠠᠷᠠᠭᠤᠨ ᠭᠠᠷ ᠤᠨ ᠲᠤᠮᠳᠠ ᠬᠤᠷᠤᠭᠤ ᠪᠠ ᠢᠳᠡᠮ ᠬᠤᠷᠤᠭᠤᠨ ᠲᠡᠭᠡᠷ᠎ᠡ ᠲᠤᠬᠤᠭᠠᠳ᠂ | ᠵᠡᠬᠦᠨ ᠭᠠᠷ ᠤᠨ ᠰᠢᠬᠡᠵᠡᠢ ᠬᠤᠷᠤᠭᠤ ᠪᠠᠨ ᠲᠡᠬᠦᠨ ᠤ ᠲᠡᠭᠡᠬᠦᠷ ᠤᠨᠤᠭᠤᠯᠵᠤ᠂ ᠪᠠᠷᠠᠭᠤᠨ ᠭᠠᠷ ᠤᠨ ᠰᠢᠬᠡᠵᠡᠢ | ᠬᠤᠷᠤᠭᠤ ᠪᠠᠷ ᠭᠤᠬᠠᠳᠠᠭᠠᠳ᠂ ᠵᠡᠬᠦᠨ ᠭᠠᠷ ᠤᠨ ᠡᠷᠡᠭᠡᠢ ᠬᠤᠷᠤᠭᠤ᠂ ᠲᠤᠯᠤᠪᠤᠷ ᠬᠤᠷᠤᠭᠤ ᠬᠢᠭᠡᠳ ᠪᠠᠷᠠᠭᠤᠨ ᠭᠠᠷ | ᠤᠨ ᠲᠤᠯᠤᠪᠤᠷ ᠬᠤᠷᠤᠭᠤᠨ ᠤ ᠦᠨᠳᠡᠭᠡ ᠶᠢ ᠠᠭᠤᠯᠵᠠᠭᠤᠯᠵᠤ ᠭᠤᠷᠪᠠᠯᠵᠢᠨ ᠲᠦᠷᠰᠦ ᠪᠦᠳᠦᠭᠡᠨ᠎ᠡ ︵ᠵᠢᠷᠤᠭ ᠮᠡᠳᠦ | ︶ ᠃ ᠲᠡᠭᠡᠭᠡᠳ ᠨᠦᠬᠦᠬᠡ ᠬᠡᠦᠭᠡᠳ ᠠᠰᠠᠭᠤᠵᠤ ᠡᠬᠢᠯᠡᠨ᠎ᠡ᠃ ᠪᠠᠷᠠᠭᠤᠨ ᠭᠠᠷ ᠤᠨ ᠰᠤᠯᠠ ᠪᠠᠶᠢᠭ᠎ᠠ ᠡᠷᠡᠭᠡᠢ | ᠬᠤᠷᠤᠭᠤ ᠶᠢ ᠵᠢᠭᠠᠭᠠᠳ᠄ ︽ᠡᠨᠡ ᠴᠢᠨᠢ ᠶᠠᠭᠤ ᠪᠤᠢ︖︾ ᠬᠡᠬᠦ ᠳᠤ ︽ᠠᠷᠭᠠᠮᠵᠢᠶ᠎ᠠ ᠲᠠᠢ ᠠᠯᠠᠭ ᠲᠠᠭ᠎ᠠ︾ | ᠬᠡᠵᠦ ᠂ ᠪᠠᠷᠠᠭᠤᠨ ᠭᠠᠷ ᠤᠨ ᠠᠯᠠᠭ᠎ᠠ ᠶᠢ ᠵᠢᠭᠠᠭᠠᠳ ᠄ ︽ᠡᠨᠡ ᠴᠢᠨᠢ ᠶᠠᠭᠤ ᠪᠤᠢ︖︾ ᠬᠡᠬᠦ ᠳᠤ ︽ ᠬᠦᠬᠡ | ᠨᠤᠭᠤᠭᠠᠨ ᠵᠦᠯᠬᠡ ᠲᠠᠢ᠂ ᠬᠦᠢᠳᠡᠨ ᠪᠤᠯᠠᠭ ᠤᠰᠤ ᠲᠠᠢ᠂ ᠬᠦᠨᠳᠡᠢ ᠶᠢᠨ ᠬᠦᠬᠡ ᠲᠠᠯ᠎ᠠ ︾ ᠬᠡᠵᠦ ᠂ ᠵᠡᠬᠦᠨ ᠭᠠᠷ | ᠤᠨ ᠠᠯᠠᠭ᠎ᠠ ᠶᠢ ᠵᠢᠭᠠᠭᠠᠳ᠄ ︽ᠡᠨᠡ ᠴᠢᠨᠢ ᠶᠠᠭᠤ ᠪᠤᠢ︖︾ ᠬᠡᠬᠦ ᠳᠤ ︽ᠡᠩᠬᠡᠷ ᠤᠨ ᠭᠤᠷᠪᠠᠨ ᠵᠢᠯᠠᠭ᠎ᠠ︾ | ᠬᠡᠵᠦ ᠂ ᠲᠠᠪᠬᠤᠷᠯᠠᠭᠰᠠᠨ ᠬᠤᠶᠠᠷ ᠢᠳᠡᠮ ᠬᠤᠷᠤᠭᠤ ᠪᠠ ᠲᠤᠮᠳᠠ ᠬᠤᠷᠤᠭᠤ ᠶᠢ ᠲᠤᠰ ᠲᠤᠰ ᠵᠢᠭᠠᠭᠠᠳ᠄ ︽ | ᠡᠨᠡ ᠴᠢᠨᠢ ᠶᠠᠭᠤ ᠪᠤᠢ︖︾ ᠬᠡᠬᠦ ᠳᠤ ︽ ᠡᠬᠡᠴᠢ ᠲᠡᠬᠦᠦ ᠬᠤᠶᠠᠷ ᠦᠰᠦ ᠪᠠᠨ ᠰᠠᠮᠨᠠᠵᠤ ᠪᠠᠶᠢᠨ᠎ᠠ᠂ ᠠᠬ᠎ᠠ | ᠲᠡᠬᠦᠦ ᠬᠤᠶᠠᠷ ᠠᠳᠤᠭᠤᠨ ᠳᠠᠭᠠᠨ ᠶᠠᠪᠤᠵᠤ ᠪᠠᠶᠢᠨ᠎ᠠ︾ ᠬᠡᠵᠦ ᠂ ᠦᠨᠳᠡᠭᠡ ᠪᠠᠷ ᠢᠶᠠᠨ ᠨᠡᠶᠢᠯᠡᠭᠰᠡᠨ ᠡᠷᠡᠭᠡᠢ | ᠬᠤᠷᠤᠭᠤ ᠪᠠ ᠬᠤᠶᠠᠷ ᠲᠤᠯᠤᠪᠤᠷ ᠬᠤᠷᠤᠭᠤ ᠶᠢ ᠨᠢᠬᠡ ᠨᠢᠬᠡ ᠪᠠᠷ ᠵᠢᠭᠠᠭᠠᠳ᠄ ︽ᠡᠨᠡ ᠴᠢᠨᠢ ᠶᠠᠭᠤ ᠪᠤᠢ︖︾ | ᠬᠡᠬᠦ ᠳᠤ ︽ ᠴᠢᠯᠠᠭᠤᠨ ᠪᠠᠭᠠᠨ᠎ᠠ᠂ ᠮᠦᠩᠬᠦᠨ ᠪᠠᠭᠠᠨ᠎ᠠ᠂ ᠠᠯᠳᠠᠨ ᠪᠠᠭᠠᠨ᠎ᠠ︾ ᠬᠡᠵᠦ ᠂ ᠡᠨᠡ ᠭᠤᠷᠪᠠᠨ | ᠬᠤᠷᠤᠭᠤᠨ ᠤ ᠬᠢᠮᠤᠰᠤ ᠶᠢ ᠵᠢᠭᠠᠭᠠᠳ᠄ ︽ᠡᠨᠡ ᠴᠢᠨᠢ ᠶᠠᠭᠤ ᠪᠤᠢ︖︾ ᠬᠡᠬᠦ ᠳᠤ ︽ ᠠᠯᠳᠠᠨ ᠲᠤᠯᠢ᠂ | ᠮᠦᠩᠬᠦᠨ ᠲᠤᠯᠢ᠂ ᠭᠠᠤᠯᠢᠨ ᠲᠤᠯᠢ︾ ᠬᠡᠵᠦ ᠂ ᠪᠤᠰᠤᠭ᠎ᠠ ᠭᠤᠷᠪᠠᠨ ᠬᠤᠷᠤᠭᠤᠨ ᠤ ᠬᠤᠭᠤᠷᠤᠨᠳᠤᠬᠢ ᠵᠠᠢ ᠶᠢ | ᠲᠤᠰ ᠲᠤᠰ ᠵᠢᠭᠠᠭᠠᠳ᠄ ︽ᠡᠨᠡ ᠴᠢᠨᠢ ᠶᠠᠭᠤ ᠪᠤᠢ︖︾ ᠬᠡᠬᠦ ᠳᠤ ︽ ᠬᠠᠭᠠᠨ ᠤ ᠬᠠᠭᠠᠯᠭ᠎ᠠ᠂ ᠬᠠᠳᠤᠨ ᠤ | ᠬᠠᠭᠠᠯᠭ᠎ᠠ᠂ ᠬᠠᠷᠠᠴᠤ ᠶᠢᠨ ᠬᠠᠭᠠᠯᠭ᠎ᠠ︾ ᠬᠡᠵᠦ ᠂ ᠮᠦᠨ ᠡᠨᠡ ᠭᠤᠷᠪᠠᠨ ᠬᠤᠷᠤᠭᠤᠨ ᠤ ᠬᠤᠭᠤᠷᠤᠨᠳᠤᠬᠢ ᠵᠠᠢ | ᠶᠢ ᠨᠢᠬᠡ ᠨᠢᠬᠡ ᠪᠠᠷ ᠵᠢᠭᠠᠭᠠᠳ᠄ ︽ ᠡᠬᠦᠪᠡᠷ ᠨᠢ ᠪᠢ ᠤᠷᠤᠶ᠎ᠠ︾ ᠬᠡᠬᠦ ᠳᠤ ︽ ᠠᠵᠢᠷᠭ᠎ᠠ ᠢᠰᠬᠦᠯᠦᠨ᠎ᠡ᠂ | ᠪᠤᠤᠷ᠎ᠠ ᠲᠡᠪᠰᠡᠨᠡ᠂ ᠪᠤᠬ᠎ᠠ ᠮᠦᠷᠬᠦᠨ᠎ᠡ︾ ᠬᠡᠵᠦ ᠂ ᠭᠤᠷᠪᠠᠨ ᠬᠤᠷᠤᠭᠤᠨ ᠤ ᠦᠨᠳᠡᠭᠡ ᠨᠡᠶᠢᠯᠡᠭᠰᠡᠨ ᠤᠷᠤᠢ ᠶᠢ | ᠵᠢᠭᠠᠭᠠᠳ᠄ ︽ᠡᠨᠡ ᠴᠢᠨᠢ ᠶᠠᠭᠤ ᠪᠤᠢ︖︾ ᠬᠡᠬᠦ ᠳᠤ ︽ ᠲᠡᠭᠡᠪᠡᠯ ᠡᠬᠦᠨ ᠲᠡᠭᠡᠷ᠎ᠡ ᠨᠢ ᠪᠢ ᠰᠠᠭᠤᠶ᠎ᠠ︾ ᠬᠡᠬᠦ | ᠳᠤ ︽ᠡᠬᠦᠨ ᠲᠡᠭᠡᠷ᠎ᠡ ᠰᠠᠭᠤᠪᠠᠯ ᠢᠩᠬᠢᠳᠡᠭ ᠶᠤᠮ︾ ᠬᠡᠳ ᠬᠤᠷᠤᠭᠤᠨ ᠤ ᠦᠨᠳᠡᠭᠡ ᠶᠢ ᠴᠢᠮᠬᠢᠵᠦ ᠠᠪᠤᠨ᠎ᠠ᠃ |