ᠤᠯᠠᠮᠵᠢᠯᠠᠯᠳᠤ ᠡᠮ ᠡᠮᠨᠡᠯᠭᠡ — ᠲᠠᠷᠢᠬᠢ ᠵᠠᠰᠠᠬᠤ
ᠨᠡᠶᠢᠲᠡᠯᠡᠭᠰᠡᠨ ᠴᠠᠭ᠄
2023/6/13
  ᠮᠣᠩᠭᠤᠯ ᠡᠮᠨᠡᠯᠭᠡ ᠶᠢᠨ ᠲᠠᠷᠢᠬᠢ ᠵᠠᠰᠠᠬᠤ  ᠮᠡᠷᠭᠡᠰᠢᠯ ᠪᠣᠯ ᠮᠣᠩᠭᠤᠯ ᠠᠨᠠᠭᠠᠬᠤ ᠤᠬᠠᠭᠠᠨ ᠤ ᠲᠤᠳᠤᠷᠠᠬᠢ ᠴᠢᠬᠤᠯᠠ ᠨᠢᠭᠡ ᠵᠦᠢᠯ ᠤᠨ ᠤᠯᠠᠮᠵᠢᠯᠠᠯᠲᠦ ᠵᠠᠰᠠᠯ ᠮᠦᠨ᠃  ᠲᠠᠷᠢᠬᠢ ᠵᠠᠰᠠᠬᠤ ᠳᠤ  ᠠᠳᠠᠯᠢ ᠪᠤᠰᠤ  ᠡᠪᠡᠳᠴᠢᠳᠡᠨ  ᠤ  ᠪᠠᠶᠢᠳᠠᠯ ᠢ ᠨᠢ ᠦᠨᠳᠦᠰᠦᠯᠡᠵᠦ᠂  ᠢᠯᠢᠵᠦ ᠲᠤᠮᠨᠤᠬᠤ  ᠂ ᠰᠢᠳᠠᠮᠳᠠᠵᠤ ᠳᠤᠮᠨᠤᠬᠤ᠂ ᠳᠠᠳᠠᠵᠤ ᠳᠤᠮᠨᠤᠬᠤ  ᠂ ᠴᠤᠬᠢᠵᠤ ᠲᠤᠮᠨᠤᠬᠤ  ᠂ ᠨᠦᠳᠦᠵᠦ ᠲᠤᠮᠨᠤᠬᠤ᠂ ᠳᠤᠭᠰᠢᠵᠤ ᠳᠤᠮᠨᠤᠬᠤ  ᠂ ᠢᠰᠭᠦᠯᠵᠤ ᠳᠤᠮᠨᠤᠬᠤ  ᠵᠡᠷᠭᠡ  ᠠᠳᠠᠯᠢ ᠪᠤᠰᠤ ᠲᠤᠮᠨᠤᠨ ᠵᠠᠰᠠᠬᠤ ᠠᠷᠭ᠎ᠠ  ᠭᠡᠷᠡᠭᠯᠡᠳᠡᠭ᠃ ᠭᠡᠬᠦ   ᠳᠡᠭᠡᠨ ︽ᠲᠤᠷᠬᠢᠯᠳᠠ ᠪᠠᠷ ᠲᠤᠷᠬᠢᠯᠳᠠ ᠶᠢ ᠵᠠᠰᠠᠬᠤ︾  ᠪᠤᠯ ᠲᠤᠮᠨᠤᠬᠤ ᠵᠠᠰᠠᠯ ᠤᠨ ᠶᠡᠷᠤᠩᠭᠡᠢ ᠵᠠᠷᠴᠢᠮ ᠪᠦᠬᠡᠳ  ᠦᠨᠳᠦᠰᠦᠨ ᠠᠷᠭ᠎ᠠ ᠪᠠᠷᠢᠯ ᠪᠤᠯᠤᠨ᠎ᠠ᠃  ᠡᠬᠦᠨ ᠳᠤ᠂ ᠡᠪᠡᠳᠴᠢᠨ ᠤ ᠬᠦᠨᠳᠦ ᠬᠦᠩᠭᠡᠨ   ᠢ ᠦᠨᠳᠦᠰᠦᠯᠡᠨ ᠳᠡᠭᠡᠷᠡᠬᠢ ᠳᠤᠮᠨᠤᠬᠤ ᠠᠷᠭ᠎ᠠ ᠨᠤᠭᠤᠳ ᠠᠴᠠ ᠠᠯᠢ ᠳᠤᠬᠢᠷᠠᠮᠵᠢᠳᠠᠢ ᠶᠢ ᠰᠤᠩᠭᠤᠬᠤ ᠪᠦᠭᠡᠳ ᠳᠤᠮᠨᠤᠬᠤ ᠬᠤᠭᠤᠴᠠᠭ᠎ᠠ ᠪᠠᠨ ᠴᠤ ᠵᠤᠬᠢᠰᠳᠠᠢ ᠳᠤᠭᠳᠠᠭᠠᠨ᠎ᠠ᠃ ᠶᠡᠷᠦᠩᠬᠡᠢ ᠳᠡᠭᠡᠨ 3 —5 ᠬᠤᠨᠤᠪᠠᠯ ᠨᠢᠭᠡ ᠤᠳᠠᠭᠠᠨ ᠤ ᠳᠤᠮᠨᠤᠯᠭ᠎ᠠ ᠬᠢᠳᠡᠭ᠃ ᠬᠦᠩᠭᠡᠨ ᠨᠢ ᠨᠢᠭᠡ ᠤᠳᠠᠭᠠᠨ ᠤ ᠳᠤᠮᠨᠤᠯᠭ᠎ᠠ ᠪᠠᠷ᠂ ᠬᠦᠨᠳᠦ ᠨᠢ 3 —5 ᠤᠳᠠᠭᠠᠨ ᠤ ᠳᠤᠮᠨᠤᠯᠭ᠎ᠠ ᠪᠠᠷ ᠪᠦᠷᠢᠮᠦᠰᠦᠨ ᠡᠳᠡᠭᠡᠴᠢᠭᠡᠳᠡᠭ ᠶᠤᠮ᠃         ᠲᠤᠮᠨᠤᠬᠤ ᠵᠠᠰᠠᠯ ᠤᠨ ᠠᠷᠭ᠎ᠠ ᠤᠳ ᠲᠤᠩ ᠤᠯᠠᠨ ᠪᠠᠶᠢᠳᠠᠭ ᠪᠤᠯᠪᠠᠴᠤ ᠡᠮᠴᠢ ᠲᠤᠮᠴᠢ ᠶᠢᠨ ᠮᠡᠷᠭᠡᠵᠢᠯ ᠲᠤᠷᠰᠢᠯᠭ᠎ᠠ ᠲᠠᠢ ᠰᠢᠭᠤᠳ  ᠬᠤᠯᠪᠤᠭᠳᠠᠬᠤ ᠤᠴᠢᠷ ᠠᠴᠠ ᠡᠮᠴᠢ ᠲᠤᠮᠴᠢ ᠨᠡᠷ ᠤᠨ ᠵᠠᠰᠠᠬᠤ ᠠᠷᠭ᠎ᠠ ᠨᠤᠭᠤᠳ ᠪᠠᠰᠠ ᠬᠤᠭᠤᠷᠤᠨᠳᠤ ᠪᠠᠨ ᠨᠡᠯᠢᠶᠡᠳ ᠵᠦᠷᠢᠶ᠎ᠡ ᠲᠠᠢ ᠪᠠᠶᠢᠳᠠᠭ  ᠃ ᠲᠡᠭᠡᠷ᠎ᠡ ᠲᠤᠷᠠᠳᠤᠭᠰᠠᠨ ᠡᠳᠡᠭᠡᠷ ᠠᠷᠭ᠎ᠠ ᠪᠠᠷᠢᠯ  ᠤᠳ ᠤᠨ ᠵᠠᠷᠢᠮ ᠨᠢ ᠪᠦᠷ ᠡᠷᠳᠡ ᠦᠶ᠎ᠡ ᠳᠤ ᠭᠡᠷᠡᠭᠯᠡᠵᠦ ᠪᠠᠶᠢᠭᠰᠠᠨ ᠲᠤᠮᠨᠤᠬᠤ ᠵᠠᠰᠠᠯ ᠪᠤᠯᠬᠤᠷ ᠤᠳᠤᠬᠢ ᠨᠡᠶᠢᠬᠡᠮ  ᠤᠨ ᠤᠷᠴᠢᠨ ᠲᠤᠭᠤᠷᠢᠨ ᠪᠠ ᠭᠦᠮᠦᠰ ᠤᠨ ᠪᠡᠶ᠎ᠡ ᠮᠠᠬᠠᠪᠤᠳ ᠯᠤᠭ᠎ᠠ  ᠵᠤᠬᠢᠴᠠᠯᠳᠤᠬᠤ   ᠪᠠᠷ ᠠᠨᠠᠢ  ᠪᠤᠶᠤ ᠭᠡᠷᠡᠭᠯᠡᠭᠦ  ᠳᠤ ᠲᠦᠭᠦᠮ ᠦᠭᠡᠢ ᠵᠡᠷᠭᠡ  ᠪᠠᠶᠢᠳᠠᠯ ᠢᠯᠡᠷᠡᠵᠡᠢ᠃ ᠡᠶᠢᠮᠦ ᠠᠴᠠ ᠤᠯᠠᠮᠵᠢᠯᠠᠯᠳᠤ ᠲᠤᠮᠨᠤᠬᠤ ᠵᠠᠰᠠᠯ ᠨᠢ ᠴᠦ ᠨᠡᠶᠢᠬᠡᠮ ᠤᠨ ᠬᠦᠭᠵᠢᠯᠳᠡ ᠶᠢ ᠲᠠᠭᠠᠯᠳᠤᠨ ᠭᠦᠭᠵᠢᠵᠦ᠂ ᠤᠳᠤ ᠶᠢᠨ ᠭᠦᠮᠦᠰ ᠤᠨ ᠪᠡᠶ᠎ᠡ ᠮᠠᠬᠠᠪᠤᠳ ᠪᠤᠶᠤ ᠤᠷᠴᠢᠨ ᠲᠤᠭᠤᠷᠢᠨ ᠳᠤ ᠲᠤᠬᠢᠷᠠᠭᠰᠠᠨ  ᠡᠮᠴᠢᠯᠡᠬᠡᠨ ᠤ ᠮᠡᠷᠭᠡᠵᠢᠯ ᠤᠳ ᠪᠤᠢ  ᠪᠤᠯᠵᠤ᠂ ᠲᠠᠷᠢᠬᠢ ᠵᠡᠷᠭᠡ ᠶᠢᠨ ᠴᠤᠯᠤ ᠰᠠᠪᠠᠨ  ᠤ ᠲᠤᠷᠬᠢᠯᠳᠡ ᠶᠢ ᠠᠯᠢ ᠨᠢᠭᠡ ᠭᠡᠰᠡᠭ ᠲᠤ ᠨᠢ  ᠴᠤ ᠭᠠᠷ ᠭᠦᠷᠭᠦ ᠦᠭᠡᠢ ᠮᠦᠷᠳᠡᠭᠡᠨ ᠪᠤᠰᠤᠳ ᠪᠠᠭᠠᠵᠢ ᠭᠡᠷᠡᠭᠰᠡᠯ ᠭᠡᠷᠡᠭᠯᠡᠭᠦ ᠦᠭᠡᠢ ᠪᠠᠷ ᠵᠠᠰᠠᠵᠦ ᠡᠳᠡᠭᠡᠷᠡᠬᠦᠯᠬᠦ ᠪᠤᠯᠵᠠᠢ᠃ ᠡᠭᠦᠨ ᠳᠤ ᠲᠠᠷᠢᠭᠢ ᠨᠡᠯᠢᠶᠡᠳ ᠭᠦᠨᠳᠤ ᠲᠤᠷᠬᠢᠭᠰᠠᠨ ᠢ ᠲᠤᠯᠤᠭᠠᠢ ᠶᠢᠨ ᠤᠷᠤᠢ ᠶᠢᠨ ᠪᠠᠯᠴᠢᠷ ᠲᠤ ᠨᠢ ᠠᠷᠢᠬᠢ  ᠦᠯᠢᠶᠡᠭᠰᠡᠨ ᠤ ᠲᠠᠷᠠᠭ᠎ᠠ ᠭᠦᠴᠦᠳᠠᠶᠢᠬᠡᠨ ᠬᠠᠰᠬᠢᠷᠴᠤ᠂ ᠡᠪᠡᠳᠴᠢᠳᠡᠨ ᠢ ᠭᠦᠩᠭᠡᠨ  ᠰᠤᠴᠢᠭᠠᠵᠤ ᠲᠤᠷᠬᠢᠭᠤᠯᠬᠤ ᠵᠤᠷᠢᠯᠭ᠎ᠠ ᠳᠠᠭᠠᠨ ᠭᠦᠷᠴᠦ᠂ ᠲᠤᠷᠭᠢᠭᠰᠡᠨ ᠲᠠᠷᠢᠭᠢ ᠶᠢ ᠤᠷᠤᠨᠰᠢᠭᠤᠯᠵᠦ ᠵᠠᠰᠠᠵᠦ ᠪᠠᠰᠠ ᠪᠤᠯᠳᠠᠭ ᠪᠠᠶᠢᠨ᠎ᠠ᠃      ᠰᠢᠯᠢ ᠶᠢᠨ ᠭᠤᠤᠯ ᠠᠶᠢᠮᠠᠭ ᠤᠨ ᠮᠤᠩᠭᠤᠯ ᠡᠮᠨᠡᠯᠬᠡ ᠶᠢ ᠰᠤᠳᠤᠯᠬᠤ ᠭᠠᠵᠠᠷ ᠤᠨ ᠮᠤᠩᠭᠤᠯ ᠡᠮᠴᠢ᠂ ᠲᠠᠶᠢᠹᠤᠰᠧ ᠬᠤᠰᠢᠭᠤᠨ ᠤ ᠬᠦᠨᠪᠤᠯᠠᠭ ᠨᠤᠳᠤᠭᠳᠠᠢ ᠴᠤᠶᠢᠨ᠎ᠠ ᠭᠤᠸᠠᠢ ︵1939 — 2003︶  ᠪᠤᠯ ᠲᠠᠷᠢᠬᠢ ᠵᠠᠰᠠᠬᠤ ᠡᠷᠳᠡᠮ ᠢ ᠬᠦᠢᠴᠡᠳ ᠡᠵᠡᠮᠰᠢᠭᠰᠡᠨ ᠨᠡᠷᠡᠳᠦ ᠡᠮᠴᠢ ᠶᠤᠮ᠃  ᠲᠡᠷᠡᠪᠡᠷ ᠲᠤᠮᠤ ᠠᠶᠠᠭᠠᠨ ᠤ ᠠᠮᠠᠰᠠᠷ ᠤᠨ ᠬᠢᠷᠢᠳᠡᠢ  ᠬᠦᠶᠦᠬᠡᠨ ᠨᠦᠬᠡ ᠮᠠᠯᠳᠠᠭᠠᠳ ᠲᠡᠭᠡᠷ᠎ᠡ ᠨᠢ ᠠᠯᠴᠢᠭᠤᠷ ᠲᠠᠯᠪᠢᠵᠤ᠂ ᠡᠪᠡᠳᠴᠢᠳᠡᠨ ᠤ ᠠᠷᠤ ᠲᠤᠬᠤ ᠶᠢ ᠨᠦᠬᠡᠨ ᠳᠤ ᠲᠠᠭᠠᠷᠠᠭᠤᠯᠤᠨ᠂ ᠲᠡᠭᠡᠭᠰᠢ ᠬᠠᠨᠳᠤᠭᠤᠯᠵᠤ ᠬᠡᠪᠳᠡᠬᠦᠯᠦᠭᠡᠳ ᠵᠢᠵᠢᠭ  ᠯᠠᠩᠲ᠋ᠤᠤ ︵ᠠᠯᠤᠬ᠎ᠠ︶ ᠪᠠᠷ ᠲᠤᠯᠤᠭᠠᠢ ᠶᠢᠨ ᠲᠡᠭᠡᠷ᠎ᠡ ᠬᠠᠪᠢ ᠶᠢᠨ ᠭᠠᠵᠠᠷ ᠲᠤ ᠭᠤᠷᠪᠠᠨᠳᠠ ᠲᠤᠷᠬᠢᠭᠤᠯᠤᠨ ᠴᠤᠬᠢᠳᠠᠭ᠃  ᠡᠨᠡᠬᠦ ᠲᠤᠷᠬᠢᠯᠳᠠ  ᠳᠤᠨᠢ ᠡᠪᠡᠳᠴᠢᠳᠡᠨ ᠤ ᠰᠢᠯᠵᠢᠭᠰᠡᠨ  ᠲᠠᠷᠢᠬᠢ ᠤᠤᠯ ᠤᠷᠤᠨ ᠳᠠᠭᠠᠨ ᠤᠷᠤᠳᠠᠭ ᠪᠠᠶᠢᠵᠠᠢ᠃ ᠴᠤᠶᠢᠨ᠎ᠠ ᠭᠤᠸᠠᠢ ᠡᠨᠡᠬᠦ ᠦᠪᠡᠷᠮᠢᠴᠡ ᠵᠠᠰᠠᠯᠭ᠎ᠠ ᠶᠢᠨ ᠠᠷᠭ᠎ᠠ ᠪᠠᠷ ᠲᠡᠭᠡᠷ᠎ᠡ ᠵᠠᠭᠤᠨ ᠤ ᠨᠠᠶᠠᠭᠠᠳ ᠤᠨ ᠤ ᠡᠬᠢᠨ ᠠᠴᠠ ᠨᠠᠰᠢ ᠤᠯᠠᠨ ᠠᠷᠪᠢᠨ ᠡᠪᠡᠳᠴᠢᠳᠡᠨ ᠢ ᠡᠳᠡᠭᠡᠭᠡᠵᠦ ᠢᠷᠡᠭᠰᠡᠨ ᠪᠠᠶᠢᠨ᠎ᠠ᠃ ᠴᠤᠶᠢᠨ᠎ᠠ   ᠶᠢᠨ ︽ ᠲᠠᠷᠢᠬᠢ ᠲᠤᠷᠭᠢᠭᠰᠠᠨ ᠢ ᠲᠤᠮᠨᠤᠨ ᠵᠠᠰᠠᠬᠤ ᠮᠤᠩᠭᠤᠯ ᠲᠤᠮᠨᠤᠯᠭ᠎ᠠ︾ ᠦᠬᠦᠯᠡᠯ ᠨᠢ ︽ ᠬᠢᠳᠠᠳ ᠡᠮᠨᠡᠯᠬᠡ ᠶᠢᠨ ᠨᠤᠳᠤᠭ ᠤᠨ ᠠᠷᠭ᠎ᠠ ᠶᠢᠨ ᠵᠠᠰᠠᠯ︾ ᠰᠡᠳᠬᠦᠯ ᠲᠡᠭᠡᠷ᠎ᠡ ᠨᠡᠶᠢᠳᠡᠯᠡᠭᠳᠡᠵᠦ᠂ ᠤᠯᠠᠨ ᠤᠯᠤᠰ ᠤᠨ ᠬᠤᠸᠠ ᠲᠦᠸᠧ ᠰᠢᠨ᠎ᠡ ᠠᠨᠠᠭᠠᠬᠤ ᠤᠬᠠᠭᠠᠨ ᠤ ᠰᠤᠳᠤᠯᠭᠠᠨ ᠤ ᠨᠡᠶᠢᠬᠡᠮᠯᠢᠭ ᠠᠴᠠ ᠡᠷᠬᠢᠯᠡᠭᠰᠡᠨ ︽ᠬᠤᠸᠠ  ᠲᠦᠸᠧ ᠬᠤᠨᠳᠠᠭᠠᠳᠤ︾ ᠦᠬᠦᠯᠡᠯ ᠤᠨ ᠤᠷᠤᠯᠳᠤᠭᠠᠨ  ᠤ ᠠᠯᠳᠠᠨ ᠮᠧᠲ᠋ᠠᠯ ᠢ ᠲᠤᠰᠴᠤ᠂ ᠲᠠᠷᠢᠬᠢ ᠵᠠᠰᠠᠬᠤ ᠨᠡᠷᠡᠳᠦ ᠡᠮᠴᠢ   ᠶᠢᠨ ᠬᠤᠪᠢ ᠪᠠᠷ ᠤᠷᠤᠨ ᠠᠶᠢᠮᠠᠭ ᠤᠨ ᠮᠤᠩᠭᠤᠯ ᠲᠧᠯᠸᠢᠰ ᠲᠡᠭᠡᠷ᠎ᠡ ᠲᠤᠰᠬᠠᠢ ᠲᠠᠨᠢᠯᠴᠠᠭᠤᠯᠤᠭᠳᠠᠵᠤ ᠦᠩᠭᠡᠷᠡᠪᠡ᠃     2010 ᠤᠨ ᠳᠤ ᠲᠠᠶᠢᠹᠤᠰᠧ ᠬᠤᠰᠢᠭᠤ  ᠮᠤᠩᠭᠤᠯ ᠡᠮᠨᠡᠯᠬᠡ ᠶᠢᠨ ᠲᠠᠷᠢᠬᠢ ᠵᠠᠰᠠᠬᠤ ᠠᠷᠭ᠎ᠠ ᠶᠢ ᠠᠶᠢᠮᠠᠭ  ᠤᠨ ᠲᠡᠰ ᠤᠨ ᠪᠤᠳᠠᠰ ᠤᠨ ᠪᠤᠰᠤ ᠰᠤᠶᠤᠯ ᠤᠨ ᠦᠪ ᠲᠤ  ᠪᠦᠷᠢᠳᠭᠡᠬᠦᠯᠵᠦ᠂  ᠬᠠᠩᠷᠠᠮ᠎ᠠ ᠠᠶᠢᠮᠠᠭ ᠤᠨ ᠲᠡᠰ ᠤᠨ ᠦᠪᠯᠡᠨ ᠤᠯᠠᠮᠵᠢᠯᠠᠭᠴᠢ ᠪᠤᠯᠤᠭᠰᠠᠨ ᠪᠠᠶᠢᠨ᠎ᠠ᠃     ᠤᠯᠠᠮᠵᠢᠯᠠᠭᠴᠢ   ᠶᠢᠨ ᠲᠤᠪᠴᠢ ᠲᠠᠨᠢᠯᠴᠠᠭᠤᠯᠭ᠎ᠠ᠄  ᠬᠠᠩᠷᠠᠮ᠎ᠠ᠂  ᠡᠮᠡᠭᠳᠡᠢ᠂ 1945 ᠤᠨ ᠳᠤ ᠲᠦᠷᠦᠪᠡ᠃ ᠲᠠᠶᠢᠹᠤᠰᠧ ᠬᠤᠰᠢᠭᠤᠨ ᠤ ᠬᠦᠨᠪᠤᠯᠠᠭ ᠰᠤᠮᠤ ᠶᠢᠨ ᠬᠦᠮᠦᠨ᠃ ᠡᠮᠡᠭᠡ ᠡᠵᠢ ᠠᠴᠠ ᠪᠠᠨ ᠲᠠᠷᠢᠬᠢ ᠵᠠᠰᠠᠬᠤ ᠠᠷᠭ᠎ᠠ  ᠶᠢ ᠰᠤᠷᠴᠤ ᠡᠵᠡᠮᠰᠢᠭᠰᠡᠨ ᠠᠴᠠ ᠨᠠᠰᠢ  ᠂ ᠲᠠᠪᠢᠭᠠᠳ ᠵᠢᠯ ᠤᠨ  ᠦᠢᠯᠡᠳᠦᠯᠬᠡ ᠶᠢᠨ ᠶᠠᠪᠤᠴᠠ ᠳᠤ ᠲᠠᠷᠢᠬᠢ ᠵᠠᠰᠠᠬᠤ ᠡᠮᠴᠢᠯᠡᠭᠡ ᠶᠢᠨ ᠲᠠᠯᠠᠪᠠᠷ ᠠᠷᠭ᠎ᠠ ᠲᠤᠷᠰᠢᠯᠭ᠎ᠠ  ᠬᠤᠷᠠᠮᠳᠤᠭᠤᠯᠤᠨ  ᠂ ᠡᠨᠡᠬᠦ ᠮᠤᠩᠭᠤᠯ ᠡᠮᠨᠡᠯᠬᠡ ᠶᠢᠨ ᠤᠯᠠᠮᠵᠢᠯᠠᠯᠳᠤ  ᠰᠣᠶᠣᠯ  ᠢ ᠣᠯᠠᠮᠵᠢᠯᠠᠨ ᠪᠠᠳᠠᠷᠠᠭᠤᠯᠬᠤ ᠬᠦᠨᠳᠦ ᠡᠭᠦᠷᠬᠡ ᠶᠢ ᠡᠭᠦᠷᠭᠡᠯᠡᠭᠰᠡᠭᠡᠷ ᠢᠷᠡᠪᠡ᠃ ᠢᠯᠠᠩᠭᠤᠶ᠎ᠠ ᠲᠤᠯᠤᠭᠠᠢ  ᠶᠢᠨ ᠭᠡᠰᠡᠭ ᠢ ᠢᠯᠢᠵᠦ ᠨᠤᠬᠤᠯᠬᠤ ᠪᠤᠶᠤ ᠰᠢᠳᠠᠮᠳᠠᠵᠤ ᠲᠤᠷᠬᠢᠭᠤᠯᠬᠤ᠂  ᠬᠦᠯ ᠤᠨ ᠤᠯᠠ ᠳᠤ ᠭᠡᠪ ᠤᠨ ᠴᠠᠢ ᠲᠠᠯᠪᠢᠭᠠᠳ ᠰᠦᠬᠡ ᠪᠠᠷ ᠴᠤᠬᠢᠵᠤ ᠲᠤᠮᠨᠤᠬᠤ ᠳᠠᠭᠠᠨ ᠭᠠᠷᠮᠠᠭᠠᠢ ᠪᠠᠶᠢᠵᠤ᠂ ᠮᠠᠰᠢ ᠠᠷᠪᠢᠨ ᠬᠦᠮᠦᠨ ᠢ ᠵᠠᠰᠠᠵᠤ ᠡᠳᠡᠭᠡᠷᠡᠬᠦᠯᠦᠭᠰᠡᠨ ᠲᠡᠮᠳᠡᠭᠯᠡᠯ ᠪᠤᠢ᠃  ᠲᠡᠬᠦᠨ ᠤ ᠵᠠᠰᠠᠵᠤ ᠡᠳᠡᠭᠡᠷᠡᠬᠦᠯᠦᠭᠰᠡᠨ ᠡᠪᠡᠳᠴᠢᠳᠡᠨ ᠭᠠᠭᠴᠠ ᠬᠦ᠋ ᠲᠠᠶᠢᠹᠤᠰᠧ ᠬᠤᠰᠢᠭᠤ ᠪᠠᠷ ᠵᠤᠭᠰᠤᠬᠤ ᠪᠢᠰᠢ᠂  ᠬᠦᠷᠰᠢ ᠵᠡᠷᠭᠡᠯᠡᠳᠡᠭᠡ ᠬᠤᠰᠢᠭᠤ ᠰᠢᠶᠠᠨ᠂ ᠴᠢᠨᠠᠭᠰᠢᠯᠠᠭᠠᠳ ᠭᠠᠳᠠᠨ᠎ᠠ ᠮᠤᠵᠢ ᠤᠷᠤᠨ ᠤ  ᠲᠠᠷᠢᠬᠢ ᠤᠨᠠᠭᠰᠠᠨ ᠡᠪᠡᠳᠴᠢᠳᠡᠳ ᠴᠤ ᠲᠡᠬᠦᠨ ᠢ ᠡᠷᠢᠵᠦ  ᠡᠮᠨᠡᠨ ᠵᠠᠰᠠᠭᠤᠯᠬᠤ ᠪᠠᠷ ᠢᠷᠡᠳᠡᠭ  ᠪᠤᠯᠵᠠᠢ᠃  
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号