ᠤᠯᠠᠮᠵᠢᠯᠠᠯᠳᠤ ᠵᠠᠩ ᠦᠢᠯᠡ —  ᠵᠤᠯᠠ ᠲᠠᠬᠢᠬᠤ
ᠨᠡᠶᠢᠲᠡᠯᠡᠭᠰᠡᠨ ᠴᠠᠭ᠄
2023/5/10
   ᠮᠤᠩᠭᠤᠯᠴᠤᠳ ᠪᠢᠯᠢᠭ ᠤᠨ ᠤᠯᠠᠷᠢᠯ ᠤᠨ ᠠᠷᠪᠠᠨ ᠰᠠᠷ᠎ᠠ ᠶᠢ ︽ᠵᠤᠯᠠ  ᠰᠠᠷ᠎ᠠ︾ ᠬᠡᠵᠦ᠂ ᠠᠷᠪᠠᠨ ᠰᠠᠷ᠎ᠠ ᠶᠢᠨ ᠬᠤᠷᠢᠨ ᠲᠠᠪᠤᠨ ᠢ ︽ᠵᠤᠯᠠ   ᠶᠢᠨ ᠬᠤᠷᠢᠨ ᠲᠠᠪᠤᠨ︾  ᠭᠡᠳᠡᠭ᠃ ᠡᠨᠡ  ᠡᠳᠦᠷ ᠢ  ᠪᠤᠷᠬᠠᠨ ᠤ ᠱᠠᠰᠢᠨ ᠤ ᠪᠤᠭᠳᠠ ᠡᠵᠡᠨ ᠽᠦᠩᠺᠠᠸ᠎ᠠ   ᠶᠢᠨ ᠮᠡᠨᠳᠦᠯᠡᠭᠰᠡᠨ ᠪᠠ ᠨᠦᠭᠴᠢᠭᠰᠡᠨ ᠡᠳᠦᠷ  ᠬᠡᠮᠡᠨ ᠵᠤᠯᠠ ᠪᠠᠷᠢᠵᠤ ᠲᠠᠬᠢᠯ ᠡᠷᠬᠦᠳᠡᠭ ᠵᠠᠩᠰᠢᠯ ᠲᠠᠢ  ᠃ ᠠᠶᠢᠯ ᠪᠦᠷᠢ ᠶᠢᠦᠮᠠᠢ ᠶᠢᠨ ᠭᠤᠯᠢᠷ ᠢᠶᠠᠷ ᠵᠤᠯᠠ  ᠪᠠᠷᠢᠵᠤ᠂ ᠬᠢᠯᠭᠠᠨ᠎ᠠ ᠡᠪᠡᠰᠦ ᠶᠢ ᠬᠤᠷᠤᠭᠤ ᠬᠢᠷᠢᠳᠡᠢ ᠠᠳᠠᠯᠢ ᠤᠷᠳᠤ ᠵᠡᠷᠭᠡᠴᠡᠬᠦᠯᠦᠨ ᠲᠠᠰᠤᠳᠠᠭᠠᠳ᠂ ᠰᠢᠨ᠎ᠡ ᠬᠦᠪᠦᠩ ᠢᠶᠠᠷ ᠤᠷᠢᠶᠠᠵᠤ ᠭᠤᠤᠯ ᠬᠢᠵᠦ ᠬᠠᠳᠬᠤᠨ ᠰᠢᠷ᠎ᠠ ᠲᠤᠰᠤ ᠴᠢᠳᠬᠤᠨ᠎ᠠ᠃ ᠵᠤᠯᠠ   ᠶᠢᠨ ᠲᠤᠭ᠎ᠠ ᠠᠳᠠᠯᠢ ᠦᠬᠡᠢ᠂  ᠤᠷᠢᠳᠤ ᠴᠠᠭ ᠲᠤ ᠤᠯᠠᠩᠬᠢ ᠨᠢ  ᠵᠠᠭᠤ ᠨᠠᠢᠮᠠᠨ ᠵᠤᠯᠠ ᠪᠠᠷᠢᠬᠤ ᠪᠤᠶᠤ ᠮᠢᠩᠭᠠᠨ ᠵᠤᠯᠠ  ᠪᠠᠷᠢᠳᠠᠭ ᠴᠤ ᠪᠠᠶᠢᠵᠤ᠂  ᠶᠠᠮᠠᠷ ᠶᠠᠳᠠᠭᠤ ᠠᠶᠢᠯ ᠴᠤ ᠭᠡᠰᠡᠨ ᠠᠳᠠᠭ ᠲᠠᠭᠠᠨ ᠶᠢᠰᠦᠨ ᠵᠤᠯᠠ ᠪᠠᠷᠢᠳᠠᠭ ᠪᠠᠶᠢᠪᠠ᠃ ᠪᠦᠷᠦᠢ ᠲᠠᠰᠤᠷᠠᠬᠤ ᠦᠶ᠎ᠡ ᠳᠤ ᠭᠡᠷ ᠤᠨ ᠪᠦᠬᠦᠳᠡᠭᠡᠷ ᠴᠡᠪᠡᠷ ᠲᠡᠭᠰᠢ ᠡᠮᠦᠰᠴᠦ᠂ ᠭᠠᠷ ᠢᠶᠠᠨ ᠤᠬᠢᠶᠠᠵᠤ ᠠᠷᠢᠭᠤᠯᠠᠭᠠᠳ ᠬᠦᠵᠢ   ᠨᠤᠴᠤᠭᠠᠵᠤ᠂ ᠬᠦᠵᠢ ᠶᠢᠨ ᠭᠠᠯ ᠢᠶᠠᠷ ᠵᠤᠯᠠ  ᠪᠠᠨ ᠵᠦᠪ ᠲᠠᠯ᠎ᠠ ᠠᠴᠠ ᠨᠢ ᠡᠬᠢᠯᠡᠵᠦ  ᠠᠰᠠᠭᠠᠨ᠂ ᠪᠤᠷᠬᠠᠨ ᠳᠠᠭᠠᠨ ᠰᠦᠬᠦᠳᠴᠦ ᠭᠤᠷᠪᠠ ᠭᠤᠷᠪᠠ ᠮᠦᠷᠬᠦᠨ᠎ᠡ᠃ ᠡᠬᠦᠨ ᠤ ᠲᠠᠷᠠᠭ᠎ᠠ ᠪᠠᠷ ᠮᠠᠨᠢ ᠮᠡᠭᠵᠢᠮ ᠤᠩᠰᠢᠳᠠᠭ᠃  ᠵᠢᠵᠢᠭ ᠭᠤᠯᠢᠷ ᠵᠤᠯᠠ  ᠤᠳᠠᠯ ᠦᠬᠡᠢ ᠪᠦᠬᠦᠬᠦ ᠤᠴᠢᠷ  ᠠᠴᠠ ᠮᠦᠩᠬᠡ ᠵᠤᠯᠠ  ᠬᠡᠮᠡᠨ ᠲᠤᠮᠤ ᠴᠦᠬᠦᠴᠡ ᠳᠤ ᠵᠤᠯᠠ  ᠪᠠᠷᠢᠭᠠᠳ᠂ ᠡᠨᠡ  ᠵᠤᠯᠠ   ᠨᠢ ᠦᠷᠯᠦᠬᠡ ᠪᠤᠯᠳᠠᠯ᠎ᠠ ᠠᠰᠠᠵᠤ ᠪᠠᠶᠢᠳᠠᠭ᠃ ᠮᠠᠷᠭᠠᠰᠢ ᠨᠢ ᠭᠤᠯᠢᠷ ᠵᠤᠯᠠ   ᠪᠠᠨ ᠬᠤᠷᠢᠶᠠᠵᠤ᠂ ᠭᠤᠤᠯ ᠢ ᠨᠢ ᠲᠡᠬᠦᠭᠡᠳ ᠭᠤᠯᠢᠷ ᠢ ᠨᠢ ᠵᠢᠩᠨᠡᠵᠦ ᠢᠳᠡᠬᠦ ᠳᠤ ᠮᠠᠰᠢ ᠠᠮᠳᠠᠳᠠᠢ ᠪᠠᠶᠢᠳᠠᠭ  ᠠᠵᠠᠢ᠃  ᠲᠠᠶᠢᠹᠤᠰᠧᠴᠤᠳ ᠵᠤᠯᠠ ᠶᠢᠨ ᠬᠤᠷᠢᠨ ᠲᠠᠪᠤᠨ ᠳᠤ ᠤᠯᠠᠭᠠᠨ ᠢᠳᠡᠭᠡ ᠠᠮᠰᠠᠬᠤ ᠶᠢ ᠴᠡᠭᠡᠷᠯᠡᠵᠦ᠂  ᠰᠢᠷ᠎ᠠ ᠲᠤᠰᠤ ᠲᠠᠢ ᠰᠢᠷ᠎ᠠ ᠪᠤᠳᠠᠭ᠎ᠠ ︵ᠬᠤᠨᠤᠭ ᠪᠤᠳᠠᠭ᠎ᠠ︶ ᠶᠢ ᠠᠭᠰᠢᠭᠠᠵᠤ ᠪᠤᠷᠠᠮ ᠱᠠᠭᠠᠳᠠᠩ ᠲᠠᠢ ᠵᠢᠭᠤᠷᠠᠵᠤ ᠢᠳᠡᠬᠦ ᠪᠤᠶᠤ ᠰᠢᠷ᠎ᠠ ᠪᠤᠳᠠᠭ᠎ᠠ ᠪᠠᠨ ᠤᠭᠤᠷ ᠲᠤ ᠬᠢᠵᠦ ᠨᠦᠳᠦᠵᠦ ᠲᠠᠯᠬᠠᠳᠠᠭᠰᠠᠨ ᠤ ᠲᠠᠷᠠᠭ᠎ᠠ  ᠂ ᠰᠦ ᠲᠠᠢ ᠴᠠᠢ ᠳᠠᠭᠠᠨ ᠬᠢᠵᠦ ᠴᠢᠨᠠᠭᠠᠳ ︽ᠭᠤᠯᠢᠷᠳᠠᠭᠰᠠᠨ ᠴᠠᠢ︾ ᠤᠤᠭᠤᠳᠠᠭ ᠵᠠᠩᠰᠢᠯ ᠲᠠᠢ᠃  ᠡᠪᠦᠯ ᠤᠨ ᠢᠳᠡᠰᠢ ᠶᠢ ᠤᠯᠠᠩᠬᠢ ᠳᠠᠭᠠᠨ ᠪᠢᠯᠢᠭ ᠤᠨ ᠠᠷᠪᠠᠨ ᠰᠠᠷ᠎ᠠ ᠶᠢᠨ ᠰᠢᠨᠡᠳ ᠪᠤᠶᠤ ᠠᠷᠪᠠᠳ ᠢᠶᠠᠷ ᠵᠠᠷᠤᠭᠳᠠ ᠨᠢ ᠵᠤᠯᠠ   ᠶᠢᠨ ᠬᠤᠷᠢᠨ ᠲᠠᠪᠤᠨ ᠳᠤ ᠮᠠᠯ ᠠᠳᠤᠭᠤᠰᠤ ᠨᠢᠳᠤᠯᠵᠤ᠂ ᠨᠢᠬᠦᠯ ᠬᠢᠯᠢᠨᠴᠡ ᠦᠢᠯᠡᠳᠬᠦ ᠦᠬᠡᠢ ᠬᠡᠰᠡᠨ ᠰᠠᠨᠠᠭ᠎ᠠ ᠠᠵᠠᠢ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号