ᠤᠯᠠᠮᠵᠢᠯᠠᠯᠳᠤ ᠵᠠᠩ ᠦᠢᠯᠡ — ᠤᠪᠤᠭᠠᠨ ᠲᠠᠬᠢᠯᠭ᠎ᠠ
ᠨᠡᠶᠢᠲᠡᠯᠡᠭᠰᠡᠨ ᠴᠠᠭ᠄
2023/2/22
   ᠤᠪᠤᠭᠠᠨ ᠲᠠᠬᠢᠯᠭ᠎ᠠ ᠪᠤᠯ ᠲᠠᠶᠢᠹᠤᠰᠧ ᠵᠡᠬᠦᠨ ᠭᠠᠷ ᠤᠨ ᠡᠷᠳᠡ ᠲᠡᠭᠡᠳᠦ ᠠᠴᠠ ᠤᠯᠠᠮᠵᠢᠯᠠᠵᠤ ᠢᠷᠡᠭᠰᠡᠨ ᠶᠤᠰᠤ ᠵᠠᠩᠰᠢᠯ ᠪᠢᠯᠡ᠃  ᠭᠤᠷᠪᠠᠨ ᠵᠠᠭᠤᠨ ᠵᠢᠯ ᠤᠨ ᠡᠮᠦᠨ᠎ᠡ ᠠᠳᠡ ᠲᠡᠨᠳᠡ ᠠᠴᠠ ᠴᠤᠭᠯᠠᠷᠠᠵᠤ᠂ ᠦᠬᠡᠷ ᠤᠨ ᠪᠦᠬᠡᠷ᠎ᠡ ᠮᠡᠳᠦ ᠪᠦᠬᠡᠮᠨᠡᠷᠡᠭᠰᠡᠨ  ᠲᠠᠶᠢᠹᠤᠰᠧ ᠤᠨ ᠮᠤᠩᠭᠤᠯᠴᠤᠳ ᠨᠢ ᠤᠷᠤᠰᠢᠵᠤ  ᠲᠤᠭᠳᠠᠨᠢᠭᠰᠠᠨ ᠤᠷᠤᠨ  ᠨᠤᠳᠤᠭ ᠲᠠᠭᠠᠨ ᠤᠪᠤᠭ ᠲᠦᠷᠦᠯ ᠤᠨ ᠤᠪᠤᠭ᠎ᠠ ᠪᠤᠩᠬᠤᠨ ᠪᠤᠰᠬᠠᠵᠤ ᠰᠢᠳᠦᠨ ᠲᠠᠬᠢᠭᠰᠠᠭᠠᠷ ᠢᠷᠡᠵᠡᠢ᠃ ᠡᠨᠡ  ᠪᠤᠯ ᠡᠵᠡᠨ ᠴᠢᠩᠬᠢᠰ  ᠤᠨ ᠦᠶ᠎ᠡ ᠠᠴᠠ ᠤᠯᠠᠮᠵᠢᠯᠠᠵᠤ ᠢᠷᠡᠭᠰᠡᠨ ᠤᠪᠤᠭ ᠲᠦᠷᠦᠯ ᠤᠨ ᠲᠡᠭᠡᠳᠦᠰ ᠤᠩᠭᠤᠳ ᠴᠠᠯᠢᠭ ᠨᠢ ᠬᠠᠮᠢᠭ᠎ᠠ ᠪᠠᠶᠢᠭᠰᠠᠨ ᠴᠤ ᠲᠡᠳᠡᠨ ᠢ ᠢᠪᠡᠭᠡᠨ ᠲᠡᠳᠬᠦᠳᠡᠭ ᠭᠡᠰᠡᠨ ᠢᠳᠡᠭᠡᠯ ᠪᠢᠰᠢᠷᠡᠯ ᠤᠨ ᠬᠢᠨᠢ ᠦᠷᠬᠦᠯᠵᠢᠯᠡᠯ ᠪᠦᠬᠡᠳ ᠤᠪᠤᠭ ᠲᠦᠷᠦᠯ ᠢᠶᠠᠨ ᠡᠷᠬᠢᠮᠯᠡᠵᠦ᠂  ᠤᠭᠰᠠᠭ᠎ᠠ ᠬᠡᠯᠬᠢᠶ᠎ᠡ ᠪᠠᠨ ᠪᠠᠳᠤᠳᠬᠠᠨ᠂ ᠤᠳᠤᠮ ᠰᠤᠳᠤᠷ ᠢᠶᠠᠨ ᠮᠠᠨᠳᠤᠭᠤᠯᠤᠨ ᠪᠠᠳᠠᠷᠠᠭᠤᠯᠬᠤ ᠠᠭᠤᠯᠭ᠎ᠠ ᠪᠦᠬᠦᠢ ᠤᠳᠤᠮᠰᠢᠯᠳᠤ ᠵᠠᠩ ᠦᠢᠯᠡ  ᠪᠤᠯᠤᠨ᠎ᠠ᠃ ᠢᠯᠠᠩᠭᠤᠶ᠎ᠠ ᠮᠠᠨᠵᠤ ᠶᠢᠨ ᠬᠠᠭᠠᠨ ᠤ ᠮᠤᠩᠭᠤᠯᠴᠤᠳ ᠲᠤ ᠠᠪᠤᠭᠰᠠᠨ ︽ᠰᠠᠯᠭᠠᠨ ᠪᠤᠳᠠᠷᠠᠭᠠᠵᠤ ᠭᠡᠰᠡᠭᠯᠡᠨ ᠵᠠᠬᠢᠷᠬᠤ︾ ᠲᠦᠷᠦ ᠶᠢᠨ ᠪᠤᠳᠤᠯᠭ᠎ᠠ  ᠶᠢᠨ ᠲᠤᠤᠷ᠎ᠠ ᠡᠨᠡᠬᠦ ᠠᠵᠢᠯᠯᠠᠭ᠎ᠠ ᠨᠢ ᠠᠬᠤᠶᠢᠴᠢ ᠠᠴᠢ ᠬᠤᠯᠪᠤᠭᠳᠠᠯ ᠲᠠᠢ ᠪᠠᠶᠢᠭᠰᠠᠨ ᠠᠵᠢ᠃ ᠲᠠᠶᠢᠹᠤᠰᠧ ᠨᠤᠳᠤᠭ  ᠲᠤ ᠮᠠᠰᠢ ᠤᠯᠠᠨ ᠤᠪᠤᠭ ᠠᠶᠢᠮᠠᠭ ᠤᠨ ᠤᠨ ᠤᠪᠤᠭ᠎ᠠ ᠪᠤᠩᠬᠤᠨ ᠪᠠᠶᠢᠭᠰᠠᠨ ᠶᠠᠪᠤᠳᠠᠯ ᠡᠬᠦᠨ ᠢ ᠭᠡᠷᠡᠴᠢᠯᠡᠨ᠎ᠡ᠃      ᠤᠪᠤᠭᠠᠨ ᠲᠠᠬᠢᠯᠭ᠎ᠠ ᠶᠡᠷᠦᠩᠬᠡᠢ ᠳᠡᠭᠡᠨ ᠡᠪᠦᠯ ᠬᠠᠪᠤᠷ ᠤᠨ ᠵᠤᠳ ᠭᠠᠴᠢᠭ ᠢ ᠬᠡᠳᠦᠯᠦᠬᠡᠳ᠂ ᠤᠷᠢᠨ ᠲᠤᠯᠠᠭᠠᠨ ᠪᠤᠯᠵᠤ ᠡᠪᠡᠰᠦ ᠨᠤᠭᠤᠭ᠎ᠠ ᠦᠳᠭᠡᠷᠡᠨ᠂ ᠮᠠᠯ ᠰᠦᠷᠦᠭ ᠤᠨ ᠲᠠᠷᠭᠤ ᠬᠦᠴᠦ ᠨᠡᠮᠡᠭᠳᠡᠵᠦ᠂ ᠲᠠᠷᠠᠭ ᠠᠶᠢᠷᠠᠭ ᠢᠰᠦᠭᠰᠡᠨ  ᠲᠠᠪᠤ ᠵᠢᠷᠭᠤᠭᠠᠨ ᠰᠠᠷ᠎ᠠ ᠳᠤ ᠶᠠᠪᠤᠭᠳᠠᠨ᠎ᠠ᠃ ᠤᠪᠤᠭᠠᠨ ᠤ ᠲᠠᠬᠢᠯᠭ᠎ᠠ ᠳᠤ ᠶᠠᠪᠤᠭᠴᠢᠳ ᠲᠡᠪᠡᠯ ᠬᠤᠪᠴᠠᠰᠤ ᠪᠠᠨ ᠲᠡᠭᠰᠢ ᠰᠠᠶᠢᠬᠠᠨ ᠡᠮᠦᠰᠴᠦ᠂ ᠭᠠᠩᠭᠠᠩ ᠰᠠᠶᠢᠬᠠᠨ ᠡᠮᠡᠬᠡᠯ ᠬᠠᠵᠠᠭᠠᠷ ᠲᠠᠢ ᠮᠤᠷᠢᠳ ᠢᠶᠠᠨ ᠤᠨᠤᠭᠠᠳ᠂  ᠵᠦᠭ ᠪᠦᠷᠢ ᠠᠴᠠ ᠬᠦᠷᠦᠯᠴᠡᠨ ᠢᠷᠡᠬᠦ ᠨᠢ ᠴᠠᠭ ᠰᠦᠯᠳᠡ ᠪᠠᠳᠠᠷᠠᠭᠤᠨ᠂ ᠰᠦᠷ ᠵᠢᠪᠬᠤᠯᠠᠩ ᠲᠡᠬᠦᠯᠳᠡᠷ ᠪᠠᠶᠢᠳᠠᠭ᠃      ᠤᠪᠤᠭ᠎ᠠ ᠲᠠᠬᠢᠬᠤ ᠡᠳᠦᠷ ᠬᠦᠮᠦᠰ ᠤᠷᠭᠤᠬᠤ ᠨᠠᠷᠠ   ᠲᠠᠢ ᠪᠤᠯᠢᠶᠠᠯᠳᠤᠨ ᠤᠪᠤᠭᠠᠨ ᠳᠠᠭᠠᠨ ᠭᠠᠷᠤᠨ᠎ᠠ᠃  ᠤᠪᠤᠭᠠᠨ ᠳᠠᠭᠠᠨ ᠲᠠᠪᠤᠨ ᠦᠩᠬᠡ ᠶᠢᠨ ᠬᠡᠶᠢᠮᠦᠷᠢ ᠲᠠᠷᠤᠵᠤ ᠵᠡᠯ᠎ᠡ ᠲᠠᠳᠠᠨ ᠬᠡᠶᠢᠰᠭᠡᠵᠦ᠂ ᠤᠪᠤᠭᠠᠨ ᠤ ᠴᠢᠭᠠᠩ ᠳᠤ ᠬᠠᠳᠠᠭ ᠡᠯᠬᠦᠨ᠂ ᠲᠠᠬᠢᠯ ᠤᠨ ᠲᠠᠪᠴᠠᠩ ᠳᠤ ᠪᠦᠬᠦᠯᠢ ᠬᠤᠨᠢᠨ ᠤ ᠰᠢᠬᠦᠰᠦ ᠬᠡᠳᠦ ᠶᠢ ᠵᠡᠷᠭᠡᠴᠡᠬᠦᠯᠦᠨ ᠲᠠᠯᠪᠢᠵᠤ᠂ ᠲᠡᠬᠦᠨ ᠤ ᠬᠠᠵᠠᠭᠤ ᠪᠠᠷ ᠠᠶᠢᠯ ᠡᠷᠦᠬᠡ ᠶᠢᠨ ᠡᠷᠬᠦᠭᠰᠡᠨ ᠢᠳᠡᠭᠡᠨ ᠤ ᠲᠡᠭᠡᠵᠢ ᠰᠦ ᠴᠠᠭᠠᠨ ᠢᠳᠡᠭᠡ᠂ ᠵᠢᠮᠢᠰ ᠵᠡᠷᠭᠡ  ᠶᠢ ᠴᠤᠩᠬᠤᠷᠯᠠᠨ ᠲᠠᠬᠢᠵᠤ᠂ ᠰᠠᠩ ᠲᠠᠯᠪᠢᠨ ᠨᠤᠮ ᠤᠩᠰᠢᠵᠤ ᠲᠠᠬᠢᠯᠭ᠎ᠠ ᠡᠬᠢᠯᠡᠳᠡᠭ ᠪᠦᠬᠡᠳ  ᠪᠦᠬᠦᠳᠡᠭᠡᠷ ᠴᠢᠭᠠᠩ  ᠤᠨ ᠵᠦᠭ ᠬᠠᠨᠳᠤᠵᠤ᠂ ᠬᠤᠷᠮᠤᠢ ᠲᠡᠪᠢᠰᠦᠨ ᠮᠦᠷᠬᠦᠳᠡᠭ᠃ ᠮᠦᠷᠬᠦᠯ ᠲᠡᠬᠦᠰᠦᠭᠡᠳ ᠤᠪᠤᠭ᠎ᠠ ᠪᠠᠨ ᠨᠠᠷᠠᠨ ᠵᠦᠪ ᠭᠤᠷᠪᠠ ᠡᠷᠬᠢᠵᠦ᠂  ᠤᠪᠤᠭᠠᠨ ᠳᠠᠭᠠᠨ ᠰᠠᠴᠤᠯᠢ ᠰᠠᠴᠤᠨ  ᠴᠢᠯᠠᠭᠤ ᠨᠡᠮᠡᠵᠦ᠂ ︽ᠬᠤᠷᠤᠢ ᠬᠤᠷᠤᠢ︾ ᠬᠡᠮᠡᠨ ᠬᠤᠷᠤᠶᠢᠯᠠᠵᠠᠭᠠᠨ᠎ᠠ᠃  ᠵᠠᠷᠢᠮ  ᠬᠤᠳᠠ ᠤᠰᠤ ᠪᠤᠶᠤ ᠠᠶᠢᠯ ᠡᠷᠦᠬᠡ ᠶᠢᠨ ᠬᠢᠨ ᠪᠠᠰᠠ ᠤᠪᠤᠭᠠᠨ ᠲᠠᠬᠢᠯᠭ᠎ᠠ ᠶᠢᠨ ᠡᠳᠦᠷ ᠤᠳᠤᠮ ᠰᠠᠶᠢᠳᠠᠢ᠂ ᠦᠷᠡᠵᠢᠯ ᠰᠠᠶᠢᠳᠠᠢ ᠠᠵᠢᠷᠭ᠎ᠠ ᠬᠡᠬᠦᠦ ᠪᠠᠨ ᠠᠪᠴᠢᠷᠠᠵᠤ  ᠰᠡᠳᠡᠷ ᠵᠡᠬᠦᠯᠬᠡᠨ᠂ ᠠᠳᠤᠭᠤ ᠮᠠᠯ ᠤᠨ ᠪᠤᠶᠠᠨ ᠭᠡᠰᠢᠭ ᠰᠤᠶᠤᠷᠬᠠᠬᠤ ᠶᠢ ᠭᠤᠶᠤᠨ ᠲᠠᠭᠠᠳᠬᠠᠳᠠᠭ᠃  ᠤᠪᠤᠭᠠᠨ ᠲᠠᠬᠢᠯᠭ᠎ᠠ ᠪᠠᠷᠠᠮᠠᠭᠴᠠ ᠲᠠᠬᠢᠯᠭ᠎ᠠ  ᠶᠢᠨ ᠰᠢᠬᠦᠰᠦᠨ ᠤ ᠤᠭᠤᠷᠠᠭ ᠰᠡᠬᠦᠯ᠂ ᠱᠠᠭᠠᠨᠳᠤ ᠴᠢᠮᠦᠬᠡ ᠪᠠ ᠴᠠᠭᠠᠨ ᠢᠳᠡᠭᠡᠨ ᠤ ᠲᠡᠭᠡᠵᠢ ᠶᠢ ᠦᠯᠡᠳᠡᠭᠡᠵᠦ᠂ ᠪᠤᠰᠤᠳ ᠢ ᠨᠢ ᠪᠦᠷ  ᠨᠠᠶᠢᠷ ᠤᠨ ᠲᠠᠯᠠᠪᠠᠢ ᠳᠤ ᠠᠪᠴᠢᠷᠠᠵᠤ ᠤᠪᠤᠭᠠᠨ ᠤ ᠨᠠᠶᠢᠷ ᠢᠶᠠᠨ ᠡᠬᠢᠯᠡᠨ᠎ᠡ᠃ ᠤᠪᠤᠭᠠᠨ ᠤ ᠲᠠᠬᠢᠯᠭ᠎ᠠ ᠳᠤ ᠭᠡᠷᠡᠭᠯᠡᠬᠦ ᠰᠢᠬᠦᠰᠦ ᠶᠢ  ᠲᠠᠬᠢᠵᠤ ᠪᠠᠶᠢᠭ᠎ᠠ ᠭᠠᠴᠠᠭ᠎ᠠ  ᠨᠢᠬᠡᠴᠡ ᠬᠢᠭᠡᠳ ᠠᠶᠢᠯ ᠡᠷᠦᠬᠡ ᠤᠳ ᠡᠬᠡᠯᠵᠢ  ᠪᠠᠷ ᠭᠠᠷᠭᠠᠵᠤ ᠪᠡᠯᠡᠳᠭᠡᠨ᠎ᠡ᠃      ᠤᠪᠤᠭᠠᠨ ᠨᠠᠶᠢᠷ ᠢ ᠤᠪᠤᠭᠠᠨ ᠤ ᠪᠤᠩᠬᠤᠨ ᠤ ᠤᠶᠢᠷᠠᠯᠴᠠᠭᠠᠬᠢ ᠲᠡᠭᠰᠢ ᠠᠭᠤᠳᠠᠮ ᠲᠠᠯᠠᠪᠠᠢ ᠳᠤ ᠪᠠᠶᠢᠷᠢᠯᠠᠭᠤᠯᠵᠤ᠂ ᠭᠤᠤᠯ ᠲᠤᠮᠳᠠ ᠲᠤᠮᠤ ᠴᠠᠴᠠᠷ ᠪᠤᠰᠬᠠᠨ᠂ ᠲᠡᠬᠦᠨ ᠤ ᠡᠰᠡᠷᠬᠦ ᠲᠠᠯ᠎ᠠ ᠳᠤ ᠪᠦᠬᠡ ᠶᠢᠨ ᠰᠠᠶᠢᠳ  ᠤᠨ ᠮᠠᠶᠢᠬᠠᠨ ᠪᠠ ᠪᠦᠬᠡ ᠶᠢᠨ ᠮᠠᠶᠢᠬᠠᠨ ᠢ ᠨᠢᠭᠤᠷᠯᠠᠨ ᠪᠤᠰᠬᠠᠭᠠᠳ᠂  ᠡᠷᠬᠢᠨ ᠲᠤᠭᠤᠷᠢᠨ ᠳᠤᠨᠢ ᠬᠦᠷᠦᠯᠴᠡᠨ ᠢᠷᠡᠭᠰᠡᠨ ᠬᠦᠮᠦᠨ ᠠᠷᠠᠳ ᠨᠢ ᠲᠤᠭᠤᠷᠢᠨ ᠰᠠᠭᠤᠵᠤ᠂ ᠰᠠᠭᠠᠯᠢ ᠶᠢᠨ ᠠᠷᠢᠬᠢ᠂ ᠠᠶᠢᠷᠠᠭ ᠴᠡᠭᠡ ᠪᠠᠨ ᠰᠦᠩᠨᠡᠨ᠂ ᠴᠠᠭᠠᠨ ᠢᠳᠡᠭᠡ᠂ ᠰᠢᠬᠦᠰᠦ ᠮᠢᠬ᠎ᠠ ᠪᠠᠨ ᠦᠷᠦᠵᠦ ᠲᠠᠯᠪᠢᠭᠠᠳ ᠨᠠᠶᠢᠷ ᠡᠬᠢᠯᠡᠳᠡᠭ᠃ ᠤᠪᠤᠭᠠᠨ ᠤ ᠨᠠᠶᠢᠷ ᠲᠡᠭᠡᠷ᠎ᠡ ᠡᠷ᠎ᠡ ᠶᠢᠨ ᠭᠤᠷᠪᠠᠨ ᠨᠠᠭᠠᠳᠤᠮ ᠤᠨ ᠮᠦᠷᠦᠶᠢᠴᠡᠭᠡᠨ ᠶᠠᠪᠤᠭᠤᠯᠵᠤ᠂  ᠬᠦᠴᠦᠳᠦ ᠪᠦᠬᠡ᠂ ᠮᠡᠷᠭᠡᠨ ᠬᠠᠷᠪᠤᠭᠠᠴᠢ᠂  ᠰᠢᠯᠢᠳᠡᠭ ᠤᠶᠠᠭᠠᠴᠢᠳ ᠴᠤᠭᠯᠠᠷᠠᠨ᠂   ᠦᠪᠡᠷ ᠦᠪᠡᠷ ᠤᠨ ᠡᠷᠳᠡᠮ ᠮᠡᠷᠭᠡᠵᠢᠯ᠂  ᠤᠬᠠᠭᠠᠨ ᠰᠢᠨᠳᠠᠰᠤ᠂ ᠰᠤᠷᠢᠭ᠎ᠠ ᠪᠤᠯᠪᠠᠰᠤᠷᠠᠯ ᠢᠶᠠᠨ ᠰᠢᠯᠭᠠᠳᠠᠭ ᠪᠢᠯᠡ  ᠃  ᠤᠪᠤᠭᠠᠨ ᠤ ᠨᠠᠶᠢᠷ ᠦᠨᠳᠦᠷᠯᠡᠬᠦ ᠳᠤ ᠤᠪᠤᠭᠠᠨ ᠤ ᠭᠡᠰᠢᠭ ᠢ ᠢᠷᠡᠭᠰᠡᠨ ᠪᠦᠬᠦᠨ ᠳᠤ ᠬᠦᠷᠳᠡᠭᠡᠳᠡᠭ᠃ ᠤᠪᠤᠭ᠎ᠠ ᠲᠠᠬᠢᠭᠰᠠᠨ ᠬᠦᠮᠦᠨ ᠢᠶᠠᠨ ᠪᠤᠴᠠᠵᠤ ᠢᠷᠡᠬᠦ ᠳᠤ ᠭᠡᠷ ᠤᠨ ᠬᠢᠨ ︽ᠤᠪᠤᠭᠠᠨ ᠲᠠᠬᠢᠯᠭ᠎ᠠ ᠰᠠᠶᠢᠬᠠᠨ ᠪᠤᠯᠪᠠᠤ︾ ᠬᠡᠮᠡᠨ ᠮᠡᠨᠳᠦᠴᠢᠯᠡᠵᠦ  ᠤᠭᠳᠤᠳᠠᠭ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号