ᠤᠯᠠᠮᠵᠢᠯᠠᠯᠳᠤ ᠵᠠᠩ ᠦᠢᠯᠡ —  ᠬᠦᠯᠦ ᠬᠦᠬᠡ ᠶᠢᠨ ᠪᠤᠭᠳᠠ ᠶᠢᠨ ᠲᠠᠬᠢᠯᠭ᠎ᠠ
ᠨᠡᠶᠢᠲᠡᠯᠡᠭᠰᠡᠨ ᠴᠠᠭ᠄
2023/3/3
    ᠴᠢᠩ ᠣᠯᠣᠰ ᠤᠨ ᠨᠠᠶᠢᠷᠡᠯᠲᠤ ᠲᠥᠪ   ᠤᠨ ᠬᠤᠶᠡᠲᠣᠭᠠᠷ ᠣᠨ ︵1724︶ ᠳᠤ ᠴᠠᠬᠠᠷ ᠨᠠᠢᠮᠠᠨ ᠬᠤᠰᠢᠭᠤ  ᠠᠴᠠ ᠠᠶᠢᠯ ᠡᠷᠦᠬᠡ ᠲᠠᠳᠠᠵᠤ ᠲᠠᠶᠢᠹᠤᠰᠧ ᠵᠡᠬᠦᠨ ᠭᠠᠷ ᠤᠨ ᠠᠳᠤᠭᠤᠨ ᠲᠠᠯᠠᠪᠠᠢ ︵ᠰᠦᠷᠦᠭ︶ ᠪᠠ ᠲᠠᠶᠢᠹᠤᠰᠧ ᠪᠠᠷᠠᠭᠤᠨ ᠭᠡᠷ ᠤᠨ ᠠᠳᠤᠭᠤᠨ ᠲᠠᠯᠠᠪᠠᠢ ︵ᠰᠦᠷᠦᠭ︶ ᠶᠢ ᠪᠠᠶᠢᠭᠤᠯᠤᠨ᠂  ᠴᠢᠩ ᠬᠦᠷᠦᠨ ᠤ ᠵᠠᠰᠠᠭ ᠤᠨ ᠭᠠᠵᠠᠷ  ᠤᠨ ᠲᠤᠰᠬᠠᠶᠢᠯᠠᠨ ᠠᠳᠤᠭᠤᠨ ᠶᠠᠪᠤᠳᠠᠯ ᠢ ᠬᠠᠮᠢᠶᠠᠷᠳᠠᠭ ᠲᠠᠶᠢᠹᠥᠰᠧ ᠶᠡᠮᠣᠨ ᠳᠤ ᠬᠠᠷᠢᠶᠠᠯᠠᠭᠤᠯᠪᠠ᠃  ᠲᠠᠶᠢᠹᠤᠰᠧ ᠵᠡᠬᠦᠨ ᠭᠠᠷ ᠲᠠᠯᠠᠪᠠᠢ ︵ᠰᠦᠷᠦᠭ︶ ᠶᠢ ᠪᠠᠶᠢᠭᠤᠯᠬᠤ ᠳᠤ ᠴᠠᠬᠠᠷ ᠵᠡᠬᠦᠨ ᠭᠠᠷ ᠤᠨ  ᠬᠦᠪᠡᠭᠡᠳᠦ ᠰᠢᠷ᠎ᠠ᠂  ᠬᠦᠯᠦ ᠴᠠᠭᠠᠨ᠂ ᠬᠦᠪᠡᠭᠡᠳᠦ ᠴᠠᠭᠠᠨ᠂ ᠬᠦᠯᠦ ᠬᠦᠬᠡ ᠵᠡᠷᠭᠡ ᠬᠤᠰᠢᠭᠤᠳ ᠠᠴᠠ ᠮᠠᠯᠴᠢᠨ ᠡᠷᠦᠬᠡ ᠲᠠᠳᠠᠭᠰᠠᠨ ᠪᠠᠶᠢᠪᠠ  ᠃  ᠬᠥᠯᠤ ᠭᠥᠭᠡ ᠬᠤᠰᠢᠭᠤᠨ ᠠᠴᠠ ᠢᠷᠡᠭᠰᠡᠨ ᠠᠶᠢᠯ ᠤᠳ ᠪᠢᠩᠲᠥ ᠣᠪᠣᠭ᠎ᠠ ︵ ᠣᠳᠣ ᠶᠢᠨ ᠡᠾᠧᠪᠸᠢ ᠮᠤᠵᠢ ᠶᠢᠨ ᠬᠥᠶᠣᠸᠠᠨ ᠰᠢᠶᠡᠨ ᠤ ᠲᠥᠪ ᠫᠢᠩ ᠳ᠋ᠢᠩ ᠪᠤᠤ︶ ᠶᠢᠨ ᠪᠠᠷᠠᠭᠤᠨ ᠬᠤᠶᠢᠭᠤᠷ ᠰᠥᠷᠥᠭ ᠤᠨ ᠳᠠᠯ᠎ᠡ ᠭᠡᠲᠡᠭ ᠭᠠᠵᠡᠷ ᠨᠣᠲᠣᠡᠨᠯᠬᠠᠰᠡᠨ ᠪᠠᠶᠢᠨ᠎ᠡ᠃  ᠲᠡᠳᠡ ᠰᠢᠨ᠎ᠡ ᠨᠤᠳᠤᠭᠯᠠᠭᠰᠠᠨ ᠭᠠᠵᠠᠷ ᠲᠠᠭᠠᠨ ᠪᠦᠬᠡ ᠵᠠᠯᠠᠵᠤ ︽ᠬᠦᠯᠦ ᠬᠦᠬᠡ ᠶᠢᠨ ᠪᠤᠭᠳᠠ︾ ᠬᠡᠮᠡᠬᠦ ᠤᠪᠤᠭ᠎ᠠ ᠶᠢ ᠪᠤᠰᠬᠠᠨ  ᠵᠢᠯ ᠪᠤᠯᠭᠠᠨ ᠲᠠᠬᠢᠳᠠᠭ ᠪᠦᠬᠡᠳ ᠪᠢᠩᠳᠦ ᠤᠪᠤᠭᠠᠨ ᠤ ᠪᠠᠷᠠᠭᠤᠨ ᠲᠠᠯ᠎ᠠ  ᠳᠤ ᠬᠦᠯᠦ ᠬᠦᠬᠡ ᠶᠢᠨ ᠰᠦᠮ᠎ᠡ ᠶᠢ ᠪᠠᠶᠢᠭᠤᠯᠵᠤ ᠲᠡᠬᠦᠨ ᠢᠶᠠᠨ ︽ᠦᠬᠡᠷ ᠬᠤᠸᠠ ᠰᠦᠮ᠎ᠡ︾ ᠬᠡᠵᠦ  ᠨᠡᠷᠡᠯᠡᠪᠡ᠃ ᠰᠡᠬᠦᠯᠡᠷ ᠨᠢ ᠬᠥᠯᠤ ᠭᠥᠭᠡ  ᠬᠤᠰᠢᠭᠤᠨ ᠠᠴᠠ ᠢᠷᠡᠭᠰᠡᠨ ᠮᠠᠯᠴᠢᠳ ᠲᠠᠷᠢᠶᠠᠯᠠᠬᠤ ᠢᠷᠬᠡᠳ ᠤᠨ ᠲᠥᠷᠢᠯᠳᠡ ᠳᠤ  ᠰᠢᠬᠠᠭᠳᠠᠨ  ᠣᠮᠡᠷᠠᠰᠢ ᠨᠡᠬᠦᠳᠡᠯᠯᠡᠭᠰᠡᠭᠡᠷ ᠣᠲᠣᠬᠢ ᠬᠥᠡᠪᠣᠯᠠᠭ ᠰᠣᠮᠣᠨ ᠤ  ᠱᠢᠪᠠᠷᠳᠤ᠂ ᠬᠡᠷᠡᠯᠲᠤ ᠵᠡᠷᠬᠡ ᠭᠠᠴᠠᠭ᠎ᠠ  ᠪᠠᠷ  ᠰᠠᠭᠤᠷᠢᠰᠢᠵᠤ᠂ ᠠᠵᠤ ᠲᠥᠷᠣᠨ ᠠᠮᠢᠲᠣᠷᠬᠠᠰᠠᠭᠠᠷ ᠢᠷᠡᠵᠡᠢ᠃         ᠭᠦᠨᠪᠤᠯᠠᠬ ᠨᠤᠳᠤᠬ ᠤᠨ ᠵᠡᠭᠦᠨ ᠡᠮᠤᠨ᠎ᠡ ᠵᠠᠬ᠎ᠠ᠂ ᠤᠳᠤ ᠶᠢᠨ ᠾᠧᠪᠸᠢ ᠮᠤᠵᠢ ᠶᠢᠨ ᠭᠦ᠋ ᠶᠤᠸᠠᠨ ᠰᠢᠶᠠᠨ ᠤ ᠬᠠᠷᠢᠶᠠᠨ ᠳᠤ ᠪᠠᠶᠢᠭ᠎ᠠ  ᠡᠨᠡ ᠬᠦ᠋ ᠬᠦᠯᠦ ᠬᠦᠬᠡ ᠶᠢᠨ ᠪᠤᠭᠳᠠ   ᠨᠢ ᠠᠯᠤᠰ ᠠᠴᠠ ᠰᠦᠷᠯᠢᠭ ᠪᠡᠷ᠎ᠡ ᠲᠠᠢ ᠴᠡᠩᠭᠡᠷᠯᠡᠨ  ᠬᠠᠷᠠᠭᠳᠠᠨ᠎ᠠ᠃  ᠠᠳᠡᠬᠢ ᠠᠷᠠᠳ ᠤᠨ ᠲᠤᠮᠤᠭ ᠲᠤ ᠡᠨᠡ  ᠭᠠᠵᠠᠷ ᠢ ᠡᠵᠡᠨ ᠴᠢᠩᠬᠢᠰ ᠤᠨ ᠬᠡᠬᠦᠦ ᠪᠠᠨ ᠰᠠᠭᠠᠵᠤ ᠪᠠᠶᠢᠭᠰᠠᠨ ᠭᠠᠵᠠᠷ ᠬᠡᠯᠴᠡᠳᠡᠭ᠃ ᠬᠥᠯᠤ ᠭᠥᠭᠡ ᠶᠢᠨ ᠪᠤᠡᠨᠳᠠ ᠶᠢᠨ ᠪᠠᠶᠢᠷᠢᠰᠢᠯ ᠨᠢ ᠲᠤᠩ ᠥᠡᠲᠣᠷ  ᠂ ᠣᠷᠤᠢ ᠨᠢ ᠡᠬᠦᠯᠡᠨ ᠳᠤ ᠰᠢᠷᠭᠤᠵᠤ᠂ ᠪᠡᠯ ᠢᠶᠠᠷ ᠨᠢ ᠮᠠᠨᠠᠨ ᠲᠣᠨᠣᠷᠡᠨ᠎ᠡ᠃ ︽ ᠬᠥᠯᠤ ᠭᠥᠭᠡ ᠶᠢᠨ ᠪᠤᠡᠨᠳᠠ ᠶᠢᠨ ᠮᠠᠨᠠᠨ ᠲᠡᠬᠡᠭᠰᠢᠯᠡᠪᠡᠯ ᠨᠠᠷᠠ ᠭᠠᠷᠴᠤ᠂ ᠲᠣᠷᠣᠡᠨᠰᠢᠯᠡᠪᠡᠯ ᠪᠣᠷᠣᠭᠠᠨ ᠣᠷᠣᠨ᠎ᠡ︾ ᠬᠡᠵᠤ ᠨᠣᠲᠤᠭ ᠤᠨ ᠮᠠᠯᠴᠢᠳ ᠰᠥᠵᠢᠭᠲᠡᠢ ᠶᠠᠷᠢᠲᠠᠭ᠃ ᠬᠦᠯᠦ ᠬᠦᠭᠡ ᠶᠢᠨ ᠪᠤᠭᠳᠠ ᠶᠢᠨ ᠤᠷᠤᠢ ᠳᠤ ᠵᠡᠬᠦᠨ  ᠂ ᠪᠠᠷᠠᠭᠤᠨ ᠬᠤᠶᠠᠷ ᠤᠪᠤᠭ᠎ᠠ ᠲᠠᠢ᠃ ᠤᠪᠤᠭ᠎ᠠ ᠪᠦᠷᠢ ᠳᠤ ᠲᠤᠮᠤ ᠤᠷᠭᠤᠭ᠎ᠠ ᠬᠠᠶᠢᠯᠠᠰᠤ ᠲᠠᠢ ᠪᠠᠶᠢᠵᠥ᠂  ᠲᠡᠬᠦᠨ ᠢ ᠵᠡᠬᠦᠨ ᠭᠠᠭᠴᠠ ᠮᠤᠳᠤ ᠪᠠ ᠪᠠᠷᠠᠭᠤᠨ ᠭᠠᠭᠴᠠ ᠮᠤᠳᠤ ᠬᠡᠳᠡᠭ ᠪᠦᠬᠡᠳ ᠪᠤᠭᠳᠠ ᠡᠵᠡᠨ ᠤ ᠬᠡᠬᠦᠦ ᠶᠢᠨ ᠵᠡᠯ᠎ᠡ ᠶᠢᠨ ᠬᠤᠶᠠᠷ ᠭᠠᠳᠠᠰᠤ ᠭᠡᠵᠥ ᠳᠤᠮᠤᠬᠯᠠᠳᠠᠬ ᠪᠠᠶᠢᠪᠠ᠃ ᠡᠭᠦᠨ ᠢᠶᠠᠷ ᠪᠠᠷᠠᠬᠤ ᠦᠭᠡᠢ ᠤᠪᠤᠭ᠎ᠠ ᠪᠦᠷᠢ ᠶᠢᠨ ᠬᠠᠪᠢ ᠳᠤ ᠨᠢᠭᠡᠨ ᠮᠤᠷᠢᠨ ᠲᠤᠭᠤᠷᠠᠢ ᠶᠢᠨ ᠤᠷᠤᠮ ᠲᠠᠢ ᠴᠢᠯᠠᠭᠤ ᠪᠤᠢ᠃ ᠡᠬᠦᠨ ᠢ ᠨᠤᠳᠤᠬ ᠤᠨ ᠭᠢᠨᠢ ᠪᠠᠰᠠ ︽ᠪᠤᠭᠳᠠ ᠴᠢᠩᠬᠢᠰ ᠤᠨ ᠮᠤᠷᠢᠨ ᠲᠤᠭᠤᠷᠠᠢ ᠶᠢᠨ ᠤᠷᠤᠮ︾ ᠭᠡᠳᠡᠭ᠃  ᠵᠡᠬᠦᠨ‌ᠣᠪᠣᠭᠠᠨ ᠤ ᠬᠢᠨᠢ ᠣᠷᠣᠢ ᠮᠠᠰᠢ ᠲᠡᠯᠬᠡᠬᠦᠣ ᠠᠭᠤᠲᠡᠮ᠂  ᠣᠪᠣᠭᠠᠨ ᠠᠴᠠ ᠡᠷᠬᠢᠨ ᠲᠣᠭᠤᠷᠢᠨ ᠬᠠᠮᠢᠭ᠎ᠠ ᠬᠠᠮᠢᠭᠠᠰᠢ  ᠪᠠᠨ 50 ᠮᠧᠲᠷ  ᠲᠡᠭᠰᠢ ᠳᠠᠯ᠎ᠡ   ᠲᠠᠢ᠃      ᠲᠡᠦᠬᠡ ᠰᠤᠳᠤᠷ ᠲᠤ ᠲᠡᠮᠳᠡᠭᠯᠡᠭᠰᠡᠨ ᠢ ᠦᠨᠳᠦᠰᠦᠯᠡᠪᠡᠯ  ᠂ ᠬᠥᠯᠤ ᠭᠥᠭᠡ ᠶᠢᠨ ᠪᠤᠡᠨᠳᠠ ᠶᠢᠨ ᠲᠠᠬᠢᠯᠭ᠎ᠠ ᠨᠢ ᠪᠣᠰᠣᠳ ᠣᠪᠣᠭ᠎ᠠ  ᠪᠤᠩᠬᠤᠨ ᠤ ᠲᠠᠬᠢᠯᠭ᠎ᠠ ᠶᠢ ᠪᠣᠲᠣᠪᠡᠯ ᠲᠤᠩ ᠥᠪᠡᠷᠮᠢᠴᠠ ᠣᠡᠴᠠᠯᠢᠭ ᠲᠠᠢ  ᠂ ᠲᠡᠬᠡᠲᠣᠰ ᠤᠨ ᠦᠶ᠎ᠠ ᠠᠴᠠ ᠣᠯᠡᠮᠵᠢᠯᠡᠨ ᠢᠷᠡᠭᠰᠡᠨ ᠲᠥᠪ ᠴᠢᠩᠭ᠎ᠠ ᠲᠦᠷᠢᠮ ᠭᠤᠷᠢᠮ ᠲᠠᠢ ᠪᠠᠶᠢᠳᠠᠭ᠃ ᠲᠠᠬᠢᠯᠭ᠎ᠠ ᠶᠢᠨ ᠡᠲᠣᠷ ᠲᠣᠯᠣᠮᠬᠠᠴᠠ ᠬᠥᠯᠤ ᠭᠥᠭᠡ ᠶᠢᠨ ᠯᠠᠮᠠ ᠨᠠᠷ᠂ ᠭᠠᠯᠠᠢ ᠬᠤᠰᠠᠢ ᠳ᠋ᠠ ᠲᠡᠷᠢᠬᠦᠯᠡᠨ᠂ ᠬᠠᠷᠡᠴᠣᠰ ᠠᠷᠡᠳ  ᠲᠠᠭᠠᠯᠳᠤᠵᠤ  ᠤᠪᠤᠭᠠᠨ ᠲᠡᠬᠡᠷ᠎ᠠ ᠭᠠᠷᠣᠨ᠎ᠡ᠃ ᠣᠪᠣᠭᠠᠨ ᠲᠠᠬᠢᠯᠭ᠎ᠠ ᠳᠤ ᠶᠠᠪᠤᠡᠨᠴᠢᠳ ᠭᠤᠶᠤ ᠡᠮᠣᠰᠬᠡᠯ ᠢᠶᠠᠷ ᠬᠤᠪᠴᠡᠰᠣᠯᠡᠵᠤ᠂ ᠭᠠᠩᠭᠠᠡᠭ ᠰᠠᠶᠢᠬᠠᠨ ᠡᠮᠡᠬᠡᠯ ᠢᠶᠠᠨ ᠲᠣᠬᠤᠵᠤ᠂ ᠰᠢᠯᠢᠲᠡᠭ ᠰᠠᠶᠢᠨ ᠮᠣᠷᠢᠳ ᠢᠶᠠᠨ ᠣᠨᠣᠭᠠᠳ᠂ ᠵᠦᠭ ᠪᠥᠷᠢ ᠠᠴᠠ ᠮᠤᠷᠳᠠᠵᠠᠭᠠᠨ᠂ ᠮᠣᠷᠢᠳ ᠤᠨ ᠬᠠᠲᠠᠷᠢᠶ᠎ᠠ ᠲᠠᠪᠬᠢᠭ᠎ᠠ ᠶᠢ  ᠦᠵᠡᠵᠦ ᠢᠷᠡᠯᠴᠡᠬᠦ ᠨᠢ ᠴᠤᠭ ᠰᠥᠯᠳᠡ ᠪᠠᠲᠠᠷᠡᠨ ᠰᠦᠷ ᠵᠢᠪᠬᠤᠭ᠎ᠠ ᠲᠡᠬᠦᠯᠲᠡᠷ ᠪᠠᠶᠢᠲᠠᠭ ᠶᠤᠮ ᠪᠢᠯᠡ᠃ ᠬᠥᠯᠤ ᠭᠥᠭᠡ ᠶᠢᠨ ᠣᠪᠣᠭᠠᠨ ᠲᠠᠬᠢᠯᠭ᠎ᠠ ᠳᠤ ᠡᠮᠡᠭᠲᠡᠢ ᠬᠥᠮᠣᠨ ᠣᠷᠣᠯᠴᠠᠲᠠᠭ ᠦᠬᠡᠢ᠃ ᠬᠠᠮᠤᠭ ᠣᠷᠢᠲᠡᠪᠡᠷ ︽ᠡᠵᠡᠨ ᠴᠢᠩᠬᠢᠰ ᠤᠨ ᠮᠣᠷᠢᠨ ᠲᠣᠭᠤᠷᠠᠢ︾ ᠶᠢᠨ  ᠴᠤᠩᠬᠢᠶᠠᠯ ᠳᠤ ᠠᠶᠢᠷᠠᠭ ᠬᠡᠮᠨᠠᠨ ᠲᠥᠬᠦᠷᠬᠡᠭᠰᠡᠨ ᠤ ᠲᠠᠷᠠᠭ᠎ᠠ ᠣᠪᠣᠭᠠᠨ ᠳᠠᠭᠠᠨ ᠲᠠᠪᠣᠨ ᠥᠩᠬᠡ ᠶᠢᠨ ᠬᠡᠶᠢᠮᠣᠷᠢ ᠲᠠᠷᠤᠵᠤ ᠵᠡᠯ᠎ᠡ ᠲᠠᠳᠡᠨ ᠬᠡᠶᠢᠰᠬᠡᠵᠤ᠂ ᠣᠪᠣᠭᠠᠨ ᠤ ᠴᠢᠭᠠᠡᠭ  ᠳᠤ ᠬᠠᠲᠠᠭ ᠰᠡᠮᠪᠠᠢ ᠡᠯᠬᠦᠨ᠂ ᠲᠠᠬᠢᠯ ᠤᠨ ᠪᠣᠲᠠᠰ ᠪᠠ ᠢᠲᠡᠭᠡ ᠰᠢᠬᠦᠰᠣ ᠪᠠᠨ ᠵᠡᠷᠬᠡᠴᠡᠬᠦᠯᠣᠨ ᠲᠠᠯᠪᠢᠲᠠᠭ᠃ ᠲᠠᠬᠢᠯᠭ᠎ᠠ ᠶᠢᠨ ᠢᠲᠡᠭᠡ ᠰᠢᠬᠦᠰᠣ ᠨᠢ ᠥᠷᠣᠬᠡᠰᠣᠨ ᠲᠤᠭ᠎ᠠ ᠲᠠᠢ ᠪᠠᠶᠢᠲᠠᠭ᠃  ᠬᠠᠮᠤᠭ ᠪᠠᠭ᠎ᠠ ᠳᠠᠭᠠᠨ ᠶᠢᠰᠣ ᠠᠴᠠ ᠲᠡᠬᠡᠭᠰᠢᠬᠢ ᠪᠠ ᠨᠠᠶᠡᠨ ᠨᠢᠭᠡ ᠶᠢᠨ ᠲᠠᠬᠢᠯᠭ᠎ᠠ ᠲᠠᠢ᠃ ᠢᠩᠬᠢᠬᠡᠳ ᠯᠠᠮᠠ ᠨᠠᠷ ︽ ᠨᠠᠡᠸᠡᠩ ᠲᠠᠶ᠋ᠢ︾ ᠬᠡᠮᠡᠬᠦ ᠲᠣᠰᠬᠠᠢ ᠰᠣᠲᠣᠷ ᠣᠩᠰᠢᠵᠤ ᠰᠠᠩ ᠲᠠᠯᠪᠢᠲᠠᠭ᠃ ᠰᠡᠩ ᠲᠡᠯᠪᠢᠵᠤ ᠪᠠᠷᠠᠭᠠᠳ ᠣᠪᠣᠭᠠᠨ ᠤ ᠳᠠᠯᠠᠯᠭ᠎ᠠ ᠠᠪᠲᠠᠭ᠃  ᠳᠠᠯᠠᠯᠭ᠎ᠠ ᠠᠪᠤᠡᠨᠰᠡᠨ ᠤ ᠲᠠᠷᠠᠭ᠎ᠠ᠂ ᠣᠪᠣᠭᠠᠨ ᠤ ᠵᠡᠬᠦᠨ ᠬᠤᠶᠢᠲᠤ ᠳᠠᠯ᠎ᠡ ᠳᠤ ᠨᠢᠭᠡᠨ ᠲᠣᠮᠣᠭᠠᠳᠡᠨ ᠰᠠᠭᠤᠵᠤ ᠭᠠᠷ ᠲᠠᠭᠠᠨ ᠬᠤᠨᠢᠨ ᠤ ᠲᠡᠯᠤ ᠪᠠᠷᠢᠵᠤ᠂ ᠡᠮᠣᠨ᠎ᠡ ᠪᠠᠨ ᠭᠤᠷᠪᠡᠨ ᠠᠶᠠᠭ᠎ᠠ ᠠᠶᠢᠷᠠᠭ ᠲᠠᠯᠪᠢᠡᠨᠰᠡᠨ ᠪᠠᠶᠢᠬᠤ ᠪᠠ ᠲᠡᠬᠦᠨ ᠤ ᠵᠠᠬ᠎ᠠ ᠳᠤ ᠠᠷᠢᠬᠢ᠂ ᠠᠶᠢᠷᠠᠭ᠂ ᠴᠡᠭᠡ ᠬᠡᠮᠨᠠᠨ ᠪᠠᠷᠢᠡᠨᠰᠡᠨ ᠬᠡᠲᠣᠨ ᠬᠦᠮᠦᠨ ᠵᠡᠪᠢᠯᠡᠨ ᠰᠠᠭᠤᠨ᠎ᠡ᠂ ᠡᠬᠦᠨ ᠢ ︽ᠮᠠᠩᠨᠠᠢ ᠳᠤ ᠰᠠᠭᠤᠬᠤ︾ ᠭᠡᠲᠡᠭ᠃ ᠲᠡᠬᠦᠨ ᠤ ᠪᠠᠷᠠᠭᠤᠨ ᠳᠠᠯ᠎ᠡ ᠳᠤ ᠨᠢᠭᠡᠨ ᠲᠣᠮᠣᠭᠠᠳᠡᠨ ᠬᠤᠨᠢᠨ ᠤ ᠮᠤᠬᠤᠷ ᠭᠤᠶ᠎ᠠ ᠶᠢ ᠡᠮᠣᠨ᠎ᠡ ᠪᠠᠨ ᠲᠠᠬᠢᠵᠤ ᠭᠠᠷ ᠲᠠᠭᠠᠨ ᠠᠷᠢᠬᠢ ᠪᠠᠷᠢᠵᠤ ᠰᠠᠭᠤᠨ᠎ᠡ᠃ ᠡᠬᠦᠨ ᠢ ︽ ᠬᠤᠪᠴᠢ ᠬᠠᠷ᠎ᠠ︾ ᠭᠡᠵᠤ ᠨᠠᠷᠡᠯᠡᠲᠡᠭ᠃ ᠲᠡᠬᠦᠨ ᠠᠴᠠ ᠡᠮᠣᠨ᠎ᠡ ᠵᠦᠭ ᠵᠢᠷᠡᠨ ᠠᠯᠬᠤᠮ ᠤᠨ ᠵᠠᠢ ᠳᠤ ᠬᠠᠷ᠎ᠠ ᠲᠠᠰᠢᠭᠤᠷ ᠪᠠᠷᠢᠡᠨᠰᠡᠨ ᠬᠤᠶᠡᠷ ᠬᠥᠮᠣᠨ ᠡᠰᠡᠷᠬᠦᠯᠡᠨ ᠵᠣᠡᠨᠰᠣᠨ᠎ᠠ᠃ ᠡᠬᠦᠨ ᠢ ︽ᠬᠠᠭᠠᠯᠭᠠᠴᠢ︾ ᠬᠡᠨ᠎ᠠ᠃ ᠲᠠᠬᠢᠯᠭ᠎ᠠ ᠳᠤ ᠢᠷᠡᠭᠰᠡᠳ ᠣᠪᠣᠭᠠᠨ ᠤ ᠪᠠᠷᠠᠭᠤᠨ ᠳᠠᠯ᠎ᠡ ᠳᠤ ᠡᠩᠨᠠᠷᠡᠨ ᠵᠣᠡᠨᠰᠣᠵᠤ ︽ᠬᠠᠭᠠᠯᠭᠠᠴᠢ︾ ᠶᠢᠨ ︽ᠮᠥᠷᠬᠦ ︾ ᠬᠡᠰᠡᠨ ᠠᠮᠠᠨ ᠲᠤᠬᠢᠶ᠎ᠠ ᠶᠢ ᠰᠣᠨᠣᠰᠣᠮᠬᠠᠴᠠ ᠣᠯᠡᠨ ᠢᠶᠠᠷ ᠢᠶᠠᠨ ᠣᠪᠣᠭᠠᠨ ᠤ ᠰᠥᠯᠳᠡ ᠶᠢᠨ ᠵᠦᠭ ᠬᠠᠨᠲᠣᠨ ᠬᠤᠷᠮᠤᠢ ᠲᠡᠪᠢᠰᠣᠨ ᠮᠥᠷᠬᠦᠨ᠎ᠡ᠃  ︽ ᠬᠥᠴᠣ ᠡᠷᠬᠦ︾ ᠬᠡᠵᠤ ᠵᠠᠷᠯᠠᠮᠬᠠᠴᠠ ᠬᠤᠰᠠᠢ ᠳ᠋ᠠ ᠲᠡᠷᠢᠬᠦᠯᠡᠨ ᠶᠢᠰᠣᠨ ᠬᠥᠮᠣᠨ ᠪᠥᠷᠢ ᠨᠢᠭᠡ ᠲᠣᠭᠤᠶᠢᠯᠡᠩ ᠪᠣᠯᠵᠤ ᠲᠡᠩ ᠮᠣᠷᠣᠯᠡᠬᠡᠳ ᠣᠷᠢᠲᠡᠪᠡᠷ ᠰᠥᠯᠳᠡ ᠶᠢ ᠲᠣᠭᠤᠷᠢᠨ ᠬᠥᠶᠣᠵᠤ ︽ᠬᠠᠭᠠᠯᠭᠠᠴᠢ︾ ᠶᠢᠨ ᠲᠣᠮᠲᠠᠭᠤᠷ ᠲᠠᠮᠵᠢᠭᠠᠳ ︽ ᠮᠠᠩᠨᠠᠢ ᠳᠤ ᠰᠠᠭᠤᠡᠨᠰᠡᠳ︾ ᠤᠨ ᠡᠮᠣᠨ᠎ᠡ ᠣᠴᠢᠬᠤ ᠦᠶ᠎ᠠ ᠳᠤ ᠲᠣᠮᠣᠭᠠᠲᠡᠨ ᠨᠢ ᠲᠥᠷᠣᠬᠦᠣ ᠣᠴᠢᠡᠨᠰᠡᠨ ᠭᠤᠷᠪᠡᠨ ᠬᠥᠮᠣᠨ ᠳᠤᠨᠢ ᠠᠶᠢᠷᠠᠭ ᠰᠥᠩᠨᠡᠨ ᠪᠠᠷᠢᠳᠠᠭ᠃ ᠠᠶᠢᠷᠠᠭ ᠢ ᠲᠣᠰᠣᠨ ᠠᠪᠤᠡᠨᠰᠡᠨ ᠤ ᠲᠠᠷᠠᠭ᠎ᠠ ᠣᠷᠢᠲᠠᠪᠡᠷ ᠬᠠᠭᠠᠨ ᠲᠡᠭᠷᠢ ᠳᠤ ᠰᠠᠴᠣᠯᠢ ᠡᠷᠬᠦᠵᠤ ᠲᠠᠷᠠᠭ᠎ᠠ ᠨᠢ ᠥᠪᠡᠷᠰᠡᠳ ᠢᠶᠠᠨ ᠠᠮᠰᠠᠭᠠᠳ ᠪᠣᠰᠣᠳ ᠲᠠᠭᠠᠨ ᠲᠡᠮᠵᠢᠭᠤᠯᠣᠡᠨᠰᠡᠨ ᠤ ᠰᠡᠬᠦᠯᠡᠷ ᠪᠣᠴᠠᠭᠠᠨ ᠥᠭᠬᠦᠨ᠎ᠡ᠃ ᠡᠬᠦᠨ ᠤ ᠲᠠᠷᠠᠭ᠎ᠠ ᠡᠲᠡᠬᠡᠷ ᠬᠥᠮᠣᠰ ︽ᠬᠤᠪᠴᠢ ᠬᠠᠷ᠎ᠠ︾ ᠶᠢᠨ ᠵᠦᠭ ᠬᠥᠶᠣᠯᠲᠣᠨ ᠣᠴᠢᠨ᠎ᠡ᠃ ︽ ᠬᠤᠪᠴᠢ ᠬᠠᠷ᠎ᠠ︾ ᠠᠴᠠ ᠬᠥᠷᠣᠯᠴᠡᠨ‌ᠢᠷᠡᠭᠰᠡᠳ ᠤᠨ ᠲᠣᠲᠣᠷᠡᠬᠢ ᠵᠡᠷᠬᠡ ᠬᠡᠷᠬᠢᠮ ᠢᠶᠠᠷ ᠠᠯᠢ ᠥᠡᠲᠤᠷ ᠢ ᠨᠠᠷᠡᠯᠡᠨ ᠵᠢᠭᠠᠵᠤ ᠪᠠᠶᠢᠭᠠᠳ ᠠᠶᠠᠭ᠎ᠠ  ᠲᠠᠢ ᠠᠷᠢᠬᠢ ᠶᠢ ᠴᠡᠴᠡᠭ ᠢᠶᠠᠷ ᠰᠠᠴᠣᠯᠡᠨ ᠪᠠᠷᠢᠵᠤ ︽*** ᠴᠢᠨᠢ ᠠᠷᠢᠬᠢᠨ ᠳᠤ ᠲᠣᠷᠠᠯᠠᠭᠠᠳ ᠶᠡᠪᠣᠵᠤ ᠥᠭᠬᠦ ᠦᠬᠡᠢ ᠪᠠᠶᠢᠨ᠎ᠡ᠂ ᠴᠥᠭ ᠴᠥᠭ︾ ᠬᠡᠬᠦᠴᠢᠯᠡᠨ ᠥᠡᠲᠣᠷ ᠲᠠᠭᠤᠨ ᠢᠶᠠᠷ ᠲᠠᠭᠤᠲᠡᠨ ᠣᠪᠣᠭᠠᠨ ᠳᠠᠭᠠᠨ ᠵᠠᠭᠠᠯᠲᠣᠲᠠᠭ᠃ ᠡᠬᠦᠨ ᠤ ᠬᠠᠷᠢᠭᠤ ᠥᠴᠢᠵᠤ ᠥᠯᠤ ᠪᠣᠯᠣᠨ᠎ᠡ᠃ ᠳᠠᠶᠢᠡᠬᠦ ᠠᠮᠠ ᠬᠠᠮᠬᠢᠨ ᠲᠠᠭᠤ  ᠭᠠᠷᠭᠠᠯ ᠦᠬᠡᠢ ᠪᠠᠷ ᠬᠠᠷ᠎ᠠ ᠬᠤᠷᠳᠤ ᠪᠠᠷ ᠬᠥᠶᠣᠯᠲᠣᠨ ᠬᠤᠶᠡᠷ ︽ᠬᠠᠭᠠᠯᠭᠠᠴᠢ︾  ᠶᠢᠨ ᠲᠣᠮᠲᠠᠭᠤᠷ ᠭᠠᠷᠴᠤ ᠤᠭ ᠤᠨ ᠣᠷᠣᠨ ᠳᠠᠭᠠᠨ ᠪᠣᠴᠠᠲᠠᠭ᠃ ᠡᠨᠡ ᠮᠠᠲᠣᠴᠢᠯᠡᠨ ᠭᠤᠷᠪᠡᠨ ᠪᠥᠯᠥᠭ ᠬᠢᠴᠢᠶᠡᠨ ᠥᠢᠯᠡᠲᠣᠭ᠍ᠰᠡᠨ ᠤ ᠰᠡᠬᠦᠯᠡᠷ᠂ ᠭᠤᠷᠪᠡᠨ ᠲᠣᠮᠣᠭᠠᠲᠡᠨ ᠲᠡᠷᠢᠬᠦᠯᠡᠵᠤ᠂ ᠣᠯᠡᠨ ᠢᠶᠠᠷ ᠢᠶᠠᠨ ᠲᠠᠭᠠᠯᠴᠡᠵᠤ ᠮᠠᠩᠨᠠᠢ ᠳᠤ ᠰᠡᠭᠤᠡᠨᠰᠡᠳ ᠤᠨ ᠡᠮᠣᠨᠡᠬᠢ ᠭᠤᠷᠪᠡᠨ ᠠᠶᠠᠭ᠎ᠠ ᠠᠶᠢᠷᠠᠭ ᠢ ᠣᠪᠣᠭᠠᠨ ᠳᠠᠭᠠᠨ ᠡᠷᠬᠦᠭᠰᠡᠨ ᠤ ᠰᠡᠬᠦᠯᠡᠷ᠂ ᠣᠪᠣᠭᠠᠨ ᠲᠠᠬᠢᠯᠭ᠎ᠠ ᠲᠡᠬᠦᠰᠲᠡᠭ᠃ ᠣᠪᠣᠭ᠎ᠠ ᠪᠠᠨ ᠲᠡᠬᠢᠵᠤ ᠪᠠᠷᠠᠭᠠᠳ᠂ ᠣᠪᠣᠭᠠᠨ ᠨᠠᠶᠢᠷ ᠢᠶᠠᠨ ᠬᠥᠯᠤ ᠭᠥᠭᠡ ᠶᠢᠨ ᠰᠢᠲᠣᠬᠡᠨ ᠲᠡᠬᠡᠷ᠎ᠠ ᠢᠷᠡᠵᠤ ᠬᠢᠲᠡᠭ᠃ ᠣᠪᠣᠭᠠᠨ ᠨᠠᠶᠢᠷ ᠲᠤ ᠪᠥᠭᠡ ᠪᠠᠷᠢᠯᠲᠣᠵᠤ᠂ ᠮᠣᠷᠢ ᠣᠷᠣᠯᠲᠣᠨ᠂ ᠰᠣᠷ ᠬᠠᠷᠪᠣᠨ᠎ᠡ᠃ ᠮᠥᠷᠣᠶᠢᠴᠡᠬᠡᠨ ᠤ ᠳ᠋ᠣᠭᠠᠷ ᠲᠤ ᠣᠷᠣᠡᠨᠰᠡᠳ ᠢ ᠲᠠᠷᠠᠭᠠᠯᠡᠨ ᠱᠠᠩᠨᠠᠵᠤ  ᠨᠠᠶᠢᠷᠯᠠᠯᠳᠤᠨ ᠬᠥᠬᠡᠷᠣᠯᠲᠣᠵᠤ ᠣᠪᠣᠭᠠᠨ ᠬᠡᠰᠢᠭ ᠢᠶᠠᠨ ᠠᠪᠣᠭᠠᠳ ᠨᠠᠶᠢᠷ ᠥᠡᠲᠣᠷᠯᠡᠲᠡᠭ  ᠪᠠᠶᠢᠵᠠᠢ᠃ ᠬᠦᠯᠦ ᠬᠦᠬᠡ ᠶᠢᠨ ᠪᠤᠭᠳᠠ ᠶᠢ ᠲᠠᠬᠢᠬᠤ ᠠᠴᠠ ᠡᠬᠢᠯᠡᠭᠡᠳ ᠬᠦᠯᠦ ᠬᠦᠬᠡ ᠶᠢᠨ ᠰᠢᠳᠦᠬᠡᠨ ᠲᠡᠭᠡᠷ᠎ᠡ ᠶᠠᠪᠤᠭᠳᠠᠬᠤ ᠨᠠᠶᠢᠷ ᠨᠠᠭᠠᠳᠤᠮ ᠲᠡᠬᠦᠰᠬᠦ  ᠬᠦᠷᠳᠡᠯᠡᠬᠢ ᠪᠦᠬᠦ ᠶᠠᠪᠤᠴᠠ ᠶᠢ ᠬᠠᠮᠳᠤᠷᠠᠭᠤᠯᠤᠭᠠᠳ ︽ᠬᠦᠯᠦ ᠬᠦᠬᠡ  ᠶᠢᠨ ᠪᠤᠭᠳᠠ   ᠶᠢᠨ ᠲᠠᠬᠢᠯᠭ᠎ᠠ︾ ᠭᠡᠳᠡᠭ  ᠪᠠᠶᠢᠵᠠᠢ᠃         ᠨᠤᠳᠤᠭ ᠤᠨ ᠲᠤᠮᠤᠭᠠᠳᠠᠨ ᠤ ᠬᠠᠭᠤᠴᠢᠯᠠᠭᠰᠠᠨ ᠢ ᠦᠨᠳᠦᠰᠦᠯᠡᠪᠡᠯ᠂ 1945 ᠤᠨ ᠤ 8 ᠰᠠᠷ᠎ᠠ ᠳᠤ ᠶᠠᠫᠤᠨ ᠴᠡᠷᠢᠭ ᠪᠤᠴᠠᠵᠤ ᠶᠠᠪᠤᠭᠰᠠᠨ ᠤ ᠲᠠᠷᠠᠭ᠎ᠠ ᠲᠡᠭᠡᠷᠡᠮ ᠬᠤᠯᠠᠭᠠᠢ ᠤᠯᠠᠰᠢᠷᠠᠵᠤ᠂ ᠴᠠᠭ ᠤᠨ ᠪᠠᠶᠢᠳᠠᠯ ᠲᠤᠭᠳᠠᠭᠤᠨ ᠪᠤᠰᠤ ᠪᠤᠯᠤᠭᠰᠠᠨ ᠦᠶ᠎ᠡ ᠳᠤ ᠬᠦᠯᠦ ᠬᠦᠬᠡ ᠶᠢᠨ ᠪᠤᠭᠳᠠ ᠶᠢ ᠬᠤᠯᠠᠭᠠᠢ ᠲᠡᠭᠡᠷᠡᠮ ᠠᠭᠤᠳᠠᠯᠠᠵᠤ᠂ ᠤᠪᠤᠭᠠᠨ ᠲᠤᠤᠷ᠎ᠠ ᠲᠠᠷᠤᠭᠰᠠᠨ ᠪᠤᠮᠪᠤ ᠶᠢ ᠨᠢ ᠮᠠᠯᠳᠠᠵᠤ᠂ ᠲᠤᠳᠤᠷᠠᠬᠢ ᠡᠳ᠋ ᠡᠷᠳᠡᠨᠢᠰ ᠢ ᠨᠢ ᠴᠦᠯᠪᠡᠨ ᠲᠤᠳᠠᠭᠠᠭᠰᠠᠨ ᠪᠠᠶᠢᠵᠠᠢ ᠃ ᠡᠶᠢᠮᠦᠷᠬᠦ ᠪᠠᠶᠢᠳᠠᠯ ᠤᠨ ᠲᠤᠤᠷ᠎ᠠ᠂ ᠤᠤᠯ ᠤᠨ ᠲᠠᠶᠢᠹᠤᠰᠧ ᠵᠡᠬᠦᠨ ᠭᠠᠷ ᠬᠤᠰᠢᠭᠤᠨ ᠤ ᠬᠦᠯᠦ ᠬᠦᠬᠡ ᠰᠤᠮᠤᠨ ᠤ ᠵᠠᠩᠬᠢ ᠪᠠᠶᠢᠭᠰᠠᠨ ᠬᠦᠯᠦ ᠬᠦᠬᠡ ᠶᠢᠨ ᠨᠡᠷ᠎ᠡ ᠬᠦᠨᠳᠦᠳᠡᠨ ᠭᠡᠰᠢᠭᠳᠡᠯᠡᠢ ᠭᠤᠸᠠᠢ 1946 ᠤᠨ ᠤ ᠤᠪᠤᠭᠠᠨ ᠲᠠᠬᠢᠯᠭ᠎ᠠ ᠠᠴᠠ ᠡᠮᠦᠨ᠎ᠡ ᠤᠪᠤᠭᠠᠨ ᠪᠤᠮᠪᠤ ᠪᠠᠨ ᠲᠠᠬᠢᠨ ᠪᠦᠳᠦᠭᠡᠯᠬᠡᠵᠦ᠂ ᠡᠳ᠋ ᠡᠷᠳᠡᠨᠢᠰ᠂ ᠲᠠᠪᠤᠨ ᠲᠠᠷᠢᠶᠠᠨ ᠤ ᠦᠷ᠎ᠡ ᠵᠡᠷᠭᠡ ᠶᠢ 1 —2 ᠮᠧᠲᠷ ᠤᠨ  ᠠᠮᠠ ᠲᠦᠷᠪᠡᠯᠵᠢᠨ ᠮᠤᠳᠤᠨ ᠠᠪᠳᠠᠷ᠎ᠠ ᠳᠤ ᠰᠠᠪᠠᠯᠠᠭᠠᠳ᠂ ᠰᠡᠷᠡᠩᠨᠠᠮᠵᠢᠯ ᠠᠮᠪᠠᠨ ᠤ  ᠲᠡᠬᠦᠦ ᠷᠠᠬᠤᠸ᠎ᠠ ᠵᠠᠩᠬᠢ ᠶᠢᠨ ᠪᠤᠷᠤ ᠮᠤᠷᠢᠨ ᠳᠤ ᠠᠴᠢᠵᠤ᠂ ᠡᠭᠴᠡ ᠦᠨᠳᠦᠷ ᠬᠦᠯᠦ ᠬᠦᠬᠡ ᠶᠢᠨ ᠪᠤᠭᠳᠠ ᠲᠡᠭᠡᠷ᠎ᠡ ᠭᠠᠷᠴᠤ ᠤᠪᠤᠭ᠎ᠠ ᠪᠠᠨ ᠰᠡᠷᠬᠦᠬᠡᠨ ᠠᠮᠢᠯᠠᠭᠤᠯᠤᠭᠰᠠᠨ ᠪᠠᠶᠢᠪᠠ᠃  ᠬᠦᠯᠦ ᠬᠦᠬᠡ ᠶᠢᠨ ᠪᠤᠭᠳᠠ ᠨᠢ ᠤᠳᠤᠬᠢ ᠲᠠᠶᠢᠹᠤᠰᠧ ᠤᠨ ᠨᠤᠳᠤᠭ ᠠᠴᠠ ᠪᠠᠷᠤᠭ ᠵᠠᠭᠤᠭᠠᠳ ᠭᠠᠵᠠᠷ ᠤᠨ ᠠᠯᠤᠰ ᠲᠤ ᠪᠠᠶᠢᠭ᠎ᠠ ᠪᠤᠯᠬᠤᠷ  ᠮᠠᠯᠴᠢᠳ ᠲᠠᠬᠢᠯᠭ᠎ᠠ ᠶᠢᠨ ᠴᠠᠭ ᠢᠶᠠᠨ ᠪᠠᠷᠢᠮᠳᠠᠯᠠᠬᠤ ᠶᠢᠨ ᠲᠦᠯᠦᠬᠡ ᠲᠦᠷᠦᠬᠦᠦ ᠡᠳᠦᠷ ᠨᠢ ᠬᠦᠳᠦᠯᠦᠬᠡ ᠮᠤᠷᠢ ᠲᠠᠢ ᠠᠶᠠᠯᠠᠨ ᠤᠪᠤᠭᠠᠨ ᠤ ᠪᠠᠨ ᠲᠤᠤᠷ᠎ᠠ ᠬᠦᠷᠴᠦ᠂ ᠮᠠᠶᠢᠬᠠᠨ ᠪᠤᠰᠬᠠᠬᠤ ᠪᠤᠶᠤ ᠭᠡᠭᠡᠷ᠎ᠡ ᠭᠠᠳᠠᠨ᠎ᠠ ᠬᠤᠨᠤᠭᠯᠠᠭᠠᠳ᠂ ᠲᠠᠷᠠᠭ᠎ᠠ ᠦᠷᠯᠦᠬᠡ ᠨᠢ ᠨᠠᠷᠠᠨ ᠠᠴᠠ ᠡᠮᠦᠨ᠎ᠡ ᠤᠪᠤᠭᠠᠨ ᠳᠠᠭᠠᠨ ᠭᠠᠷᠳᠠᠭ ᠪᠠᠶᠢᠪᠠ᠃      ᠲᠡᠭᠡᠷ᠎ᠡ ᠵᠠᠭᠤᠨ ᠤ ᠲᠠᠪᠢ ᠵᠢᠷᠠᠭᠠᠳ ᠤᠨ ᠤ ᠦᠶᠡᠰ ᠠᠴᠠ ︽ᠵᠡᠬᠦᠨ︾ ᠤ ᠦᠵᠡᠯ ᠤᠬᠠᠮᠰᠠᠷ ᠤᠨ ᠨᠦᠯᠦᠬᠡᠯᠡᠯ ᠠᠴᠠ ᠪᠤᠯᠵᠤ ᠬᠦᠯᠦ ᠬᠦᠬᠡ ᠶᠢᠨ ᠪᠤᠭᠳᠠ ᠶᠢᠨ ᠲᠠᠬᠢᠯᠭ᠎ᠠ ᠲᠠᠰᠤᠷᠠᠵᠤ᠂ ᠬᠡᠳᠦᠨ ᠠᠷᠪᠠᠨ ᠵᠢᠯ ᠪᠤᠯᠤᠭᠰᠠᠨ  ᠶᠤᠮ᠃ 2010 ᠤᠨ ᠳᠤ ᠡᠷᠳᠡᠨᠢᠪᠠᠭᠠᠳᠤᠷ ᠵᠡᠷᠭᠡ ᠬᠦᠯᠦ ᠬᠦᠬᠡ ᠤᠳᠤᠮ ᠤᠨ ᠭᠡᠰᠡᠭ ᠬᠦᠮᠦᠰ ᠪᠠ ᠬᠦᠯᠦ ᠬᠦᠬᠡ ᠶᠢᠨ ᠪᠤᠭᠳᠠ ᠲᠠᠢ ᠤᠶᠢᠷᠠᠯᠴᠠᠭ᠎ᠠ ᠰᠠᠭᠤᠷᠢᠰᠢᠳᠠᠭ ᠰᠠᠶᠢᠬᠠᠨᠨᠠᠭᠤᠷ ᠭᠠᠴᠠᠭᠠᠨ ᠤ ᠭᠡᠰᠡᠭ ᠮᠠᠯᠴᠢᠳ ᠵᠦᠪᠳᠡᠯᠴᠡᠨ ᠲᠤᠭᠳᠠᠭᠠᠳ᠂ ᠤᠪᠤᠭᠠᠨ ᠤ ᠪᠤᠮᠪᠤ ᠶᠢ ᠲᠠᠬᠢᠨ ᠪᠦᠳᠦᠭᠡᠯᠬᠡᠵᠦ᠂ ᠬᠦᠯᠦ ᠬᠦᠬᠡ ᠶᠢᠨ ᠪᠤᠭᠳᠠ ᠶᠢᠨ ᠲᠠᠬᠢᠯᠭ᠎ᠠ ᠶᠢ ᠲᠠᠬᠢᠨᠳᠠ ᠰᠡᠷᠬᠦᠭᠡᠭᠰᠡᠨ ᠪᠢᠯᠡ᠃  ᠤᠳᠤ ᠡᠷᠳᠡ ᠲᠡᠭᠡᠳᠦ ᠶᠢᠨ ᠦᠪᠡᠷᠮᠢᠴᠡ ᠶᠤᠰᠤ  ᠵᠤᠷᠰᠢᠯ ᠢ  ᠲᠡᠷᠡ  ᠭᠡᠪ ᠢᠶᠠᠷ ᠨᠢ ᠰᠡᠷᠬᠦᠬᠡᠵᠦ ᠬᠠᠷᠠᠬᠠᠨ ᠴᠢᠳᠠᠭ᠎ᠠ ᠦᠬᠡᠢ ᠪᠤᠯᠪᠠᠴᠤ᠂  ᠬᠦᠯᠦ ᠬᠦᠬᠡ ᠶᠢᠨ ᠪᠤᠭᠳᠠ ᠶᠢᠨ ᠲᠠᠬᠢᠯᠭ᠎ᠠ ᠨᠢ ᠨᠡᠶᠢᠳᠡ ᠮᠤᠩᠭᠤᠯ ᠤᠨ ᠲᠠᠬᠢᠯᠭ᠎ᠠ ᠶᠢᠨ ᠵᠠᠩ ᠵᠢᠷᠤᠮ ᠢᠶᠠᠷ ᠵᠢᠯ ᠲᠠᠷᠠᠭᠠᠯᠠᠨ ᠶᠠᠪᠤᠭᠳᠠᠵᠤ᠂  ᠠᠶᠢᠮᠠᠭ  ᠤᠨ ᠲᠡᠰ ᠤᠨ ᠪᠤᠳᠠᠰ ᠤᠨ ᠪᠤᠰᠤ ᠰᠤᠶᠤᠯ ᠤᠨ ᠦᠪ   ᠢᠶᠠᠷ ᠲᠠᠩᠰᠠᠯᠠᠭᠳᠠᠭᠠᠳ᠂  ᠠᠩᠬ᠎ᠠ ᠡᠬᠢᠯᠡᠭᠡᠳ ᠲᠠᠪᠤ ᠲᠤᠯᠤᠭᠠᠨ ᠬᠦᠮᠦᠨ ᠯᠠ  ᠲᠠᠬᠢᠵᠤ ᠪᠠᠶᠢᠭᠰᠠᠨ ᠢᠶᠠᠨ ᠡᠳᠦᠬᠡ ᠪᠤᠯᠬᠤ ᠳᠤ ᠠᠷᠪᠠᠭᠠᠳ ᠭᠠᠴᠠᠭᠠᠨ ᠤ ᠮᠠᠯᠴᠢᠳ ᠪᠠ ᠬᠤᠰᠢᠭᠤᠨ ᠤ ᠲᠤᠳᠤᠷ᠎ᠠ ᠭᠠᠳᠠᠨ᠎ᠠ ᠠᠵᠢᠯᠯᠠᠵᠤ ᠠᠮᠢᠳᠤᠷᠠᠵᠵᠤ ᠪᠦᠬᠦᠢ ᠤᠯᠠᠨ ᠬᠦᠮᠦᠰ ᠠᠯᠤᠰ ᠤᠨ ᠠᠶᠠᠨ ᠬᠦᠭᠡᠭᠡᠵᠦ᠂  ᠪᠤᠭᠳᠠ ᠶᠢᠨ ᠲᠠᠬᠢᠯᠭ᠎ᠠ ᠳᠠᠭᠠᠨ ᠢᠷᠡᠵᠦ ᠤᠷᠤᠯᠴᠠᠬᠤ ᠪᠤᠯᠵᠠᠢ᠃  ᠡᠶᠢᠨ ᠬᠦ᠋ ᠠᠭᠤᠯᠠ ᠤᠰᠤ᠂  ᠤᠪᠤᠭ᠎ᠠ ᠪᠤᠩᠬᠤᠨ ᠢᠶᠠᠨ ᠲᠠᠬᠢᠬᠤ᠂ ᠢᠯᠠᠩᠭᠤᠶ᠎ᠠ  ᠤᠤᠯ ᠨᠤᠳᠤᠭ ᠤᠨ ᠢᠶᠠᠨ ᠤᠪᠤᠭ᠎ᠠ ᠰᠠᠷᠢᠳᠠᠭ   ᠢᠶᠠᠨ ᠰᠢᠳᠦᠬᠡᠨᠴᠢᠯᠡᠨ ᠲᠠᠬᠢᠬᠤ ᠨᠢ ᠲᠡᠭᠡᠳᠦ ᠠᠴᠠ ᠤᠯᠠᠮᠵᠢᠯᠠᠯ ᠲᠠᠢ  ᠦᠪᠡᠷᠮᠢᠴᠡ ᠰᠠᠶᠢᠬᠠᠨ ᠦᠪ ᠰᠤᠶᠤᠯ   ᠢᠶᠠᠨ ᠵᠠᠯᠭᠠᠮᠵᠢᠯᠠᠨ ᠬᠦᠭᠵᠢᠬᠦᠯᠬᠦ ᠲᠡᠳᠦᠢ ᠦᠬᠡᠢ᠂  ᠦᠯᠦᠬᠡᠢ ᠨᠤᠳᠤᠭ ᠤᠨ   ᠢᠶᠠᠨ ᠦᠦᠬᠡ ᠲᠡᠦᠬᠡ ᠶᠢ ᠵᠠᠯᠠᠭᠤ ᠨᠢᠬᠡᠨ ᠦᠶ᠎ᠡ ᠶᠢᠨ ᠬᠢᠨ ᠳᠡᠭᠡᠨ ᠮᠡᠳᠡᠬᠦᠯᠵᠦ᠂  ᠭᠠᠵᠠᠷ ᠨᠤᠳᠤᠭ ᠢᠶᠠᠨ ᠰᠠᠬᠢᠨ ᠬᠠᠮᠠᠭᠠᠯᠠᠬᠤ   ᠶᠢᠨ  ᠤᠳᠬ᠎ᠠ ᠤᠴᠢᠷ᠂ ᠠᠴᠢ ᠬᠤᠯᠪᠤᠭᠳᠠᠯ ᠢ ᠦᠷ᠎ᠡ ᠬᠤᠶᠢᠴᠢᠰ ᠲᠠᠭᠠᠨ ᠲᠠᠨᠢᠭᠤᠯᠬᠤ ᠲᠤᠮᠤᠬᠠᠨ ᠦᠢᠯᠡᠳᠦᠯ ᠲᠠᠢ ᠪᠤᠶᠤ᠃  
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号