ᠤᠯᠠᠮᠵᠢᠯᠠᠯᠳᠤ ᠵᠠᠩ ᠦᠢᠯᠡ —  ᠭᠠᠯ  ᠤᠨ ᠲᠠᠬᠢᠯᠭ᠎ᠠ
ᠨᠡᠶᠢᠲᠡᠯᠡᠭᠰᠡᠨ ᠴᠠᠭ᠄
2023/4/11
   ᠭᠠᠯ ᠢ ᠰᠢᠳᠦᠵᠦ  ᠂ ᠭᠠᠯ   ᠢ ᠲᠠᠬᠢᠬᠤ ᠨᠢ ᠮᠤᠩᠭᠤᠯ ᠦᠨᠳᠦᠰᠦᠳᠡᠨ ᠤ ᠡᠷᠳᠡ ᠲᠡᠭᠡᠷ᠎ᠡ ᠦᠶ᠎ᠡ ᠠᠴᠠ ᠤᠯᠠᠮᠵᠢᠯᠠᠭᠳᠠᠭᠰᠠᠭᠠᠷ ᠢᠷᠡᠭᠰᠡᠨ ᠵᠠᠩ ᠲᠠᠳᠬᠠᠯ ᠪᠠ ᠶᠤᠰᠤ ᠵᠢᠷᠤᠮ ᠤᠨ ᠨᠢᠭᠡ ᠪᠤᠯᠤᠨ᠎ᠠ᠃   ᠮᠣᠩᠭᠤᠯᠴᠣᠳ ᠡᠷᠲᠡ ᠲᠡᠬᠡᠲᠤ ᠠᠴᠠ ᠠᠪᠣᠭᠠᠳ ᠭᠠᠯ ᠪᠣᠯ ᠬᠥᠮᠣᠨ ᠲᠥᠷᠣᠯᠬᠢᠲᠡᠨ ᠤ ᠣᠷᠣᠰᠢᠨ ᠲᠣᠡᠨᠲᠠᠨᠢᠬᠤ ᠳᠤ ᠲᠣᠳ᠋ᠬᠠᠲᠠᠵᠤ ᠪᠣᠯᠣᠰᠢ ᠦᠬᠡᠢ ᠬᠡᠰᠡᠨ ᠢ ᠣᠬᠠᠭᠠᠷᠡᠵᠤ ᠮᠡᠲᠡᠭᠰᠡᠨ ᠠᠴᠠ ︽ ᠬᠡᠰᠢᠭ ᠲᠠᠢ ᠶᠠᠭᠤᠮ᠎ᠡ ᠭᠠᠯ ᠲᠡᠬᠡᠷ᠎ᠠ ᠣᠨᠠᠨ᠎ᠡ᠂ ᠬᠢᠯᠢᠡᠴᠠ ᠲᠠᠢ ᠶᠠᠭᠤᠮ᠎ᠡ ᠭᠠᠲᠡᠰᠣᠨ ᠲᠡᠬᠡᠷ᠎ᠠ ᠣᠨᠡᠨ᠎ᠡ︾ ᠬᠡᠵᠤ ᠦᠶ᠎ᠠ ᠶᠢᠨ ᠦᠶ᠎ᠠ ᠳᠡᠭᠡᠨ ᠭᠠᠯ ᠢ ᠲᠡᠬᠡᠲᠣᠯᠡᠨ ᠬᠥᠡᠲᠣᠳᠬᠡᠭᠰᠡᠬᠡᠷ ᠢᠷᠡᠵᠡᠢ᠃   ᠲᠠᠶᠢᠹᠣᠰᠧ ᠵᠡᠬᠦᠨ ᠭᠠᠷ ᠰᠥᠷᠦᠭ ᠨᠢ ᠬᠥᠪᠡᠬᠡᠲᠤ ᠰᠢᠷ᠎ᠠ᠂  ᠬᠥᠯᠤ ᠴᠠᠭᠠᠨ᠂ ᠬᠥᠪᠡᠬᠡᠲᠣ ᠴᠠᠭᠠᠨ᠂  ᠬᠦᠯᠦ ᠬᠥᠬᠡ ᠵᠡᠷᠬᠡ ᠲᠥᠷᠪᠡᠨ ᠬᠤᠰᠢᠭᠤᠳ ᠠᠴᠠ ᠴᠣᠡᠨᠯᠠᠷᠡᠨ ᠪᠥᠷᠢᠯᠲᠣᠭ᠍ᠰᠡᠨ ᠪᠣᠯᠬᠤᠷ ᠡᠯ᠎ᠡ ᠡᠬᠡ ᠬᠤᠰᠢᠭᠤᠳ ᠤᠨ ᠵᠠᠩ ᠥᠢᠯᠡ ᠴᠦ ᠬᠤᠭᠤᠷᠣᠡᠲᠣ ᠪᠠᠨ ᠪᠠᠭ᠎ᠠ ᠰᠠᠭ᠎ᠠ ᠵᠥᠷᠢᠶ᠎ᠠ ᠲᠠᠢ ᠪᠠᠶᠢᠲᠠᠭ᠃ ᠭᠠᠯ  ᠤᠨ ᠲᠠᠬᠢᠯᠭ᠎ᠠ ᠶᠢᠨ  ᠵᠠᠩ ᠵᠢᠷᠤᠮ ᠨᠢ  ᠵᠦᠷᠢᠶ᠎ᠡ ᠲᠠᠢ ᠪᠠᠶᠢᠳᠠᠭ ᠴᠦ  ᠬᠠᠮᠢᠭ᠎ᠠ ᠭᠠᠵᠠᠷ ᠠᠴᠠ ᠬᠡᠨ ᠬᠦᠮᠦᠨ ᠢᠷᠡᠭᠰᠡᠨ ᠴᠦ ᠲᠤᠯᠭ᠎ᠠ ᠶᠢᠨ ᠭᠠᠯ ᠳᠤ  ᠡᠷᠬᠦᠴᠡ ᠡᠷᠭᠦᠵᠤ᠂  ᠰᠦᠵᠢᠭᠯᠡᠨ ᠮᠦᠷᠭᠦᠬᠦ ᠨᠢ ᠠᠳᠠᠯᠢᠬᠠᠨ  ᠶᠤᠮ᠃      ᠲᠠᠶᠢᠹᠤᠰᠧ ᠮᠤᠩᠭᠤᠯᠴᠤᠳ ᠬᠦᠭᠡᠭᠡ ᠰᠠᠷ᠎ᠠ ᠶᠢᠨ ᠬᠤᠷᠢᠨ ᠭᠤᠷᠪᠠᠨ   ᠳᠤ ᠭᠠᠯ ᠢᠶᠠᠨ ᠲᠠᠬᠢᠨ᠎ᠠ᠃  ᠡᠨᠡ ᠡᠳᠦᠷ ᠢ  ︽ᠭᠠᠯ ᠲᠠᠬᠢᠬᠤ ᠶᠢᠨ ᠬᠤᠷᠢᠨ ᠭᠤᠷᠪᠠᠨ︾ ᠭᠡᠳᠡᠭ᠂ ᠪᠠᠰᠠ  ︽ᠪᠠᠭ᠎ᠠ ᠴᠠᠭᠠᠨ ᠰᠠᠷ᠎ᠠ︾  ᠬᠡᠵᠦ ᠬᠡᠯᠡᠳᠡᠭ᠃  ᠭᠠᠯ ᠤᠨ ᠪᠤᠷᠬᠠᠨ ᠪᠤᠯ ᠬᠤᠷᠢᠨ ᠭᠤᠷᠪᠠᠨ ᠪᠤᠶᠤ ᠬᠤᠷᠢᠨ ᠲᠦᠷᠪᠡᠨ ᠤ ᠡᠳᠦᠷ ᠲᠡᠭᠷᠢ ᠳᠤ ᠭᠠᠷᠴᠤ ᠬᠦᠮᠦᠨ ᠤ ᠪᠤᠶᠠᠨ ᠬᠢᠯᠢᠨᠴᠡ ᠶᠢ ᠮᠡᠳᠡᠬᠦᠯᠬᠦ ᠪᠠᠷ ᠶᠠᠪᠤᠬᠤ ᠤᠴᠢᠷ ᠠᠴᠠ ᠦᠳᠡᠨ ᠮᠤᠷᠳᠠᠭᠤᠯᠵᠤ ᠲᠠᠬᠢᠵᠤ ᠪᠠᠶᠢᠨ᠎ᠠ ᠭᠡᠳᠡᠭ᠃ ᠭᠠᠯ ᠲᠠᠬᠢᠬᠤ ᠡᠲᠣᠷ ᠤᠲᠤᠭ᠎ᠠ ᠲᠤᠭᠤᠰᠤ ᠬᠥᠲᠡᠯᠬᠡᠬᠦ ᠦᠬᠡᠢ ᠲᠣᠯᠡ ᠠᠶᠢᠯ ᠪᠤᠯᠭᠠᠨ ᠬᠤᠷᠢᠨ ᠭᠤᠷᠪᠠᠨ  ᠠᠴᠠ ᠡᠮᠦᠨ᠎ᠡ  ᠡᠷᠭᠡᠪᠰᠢ ᠤᠳᠤᠭ᠎ᠠ ᠲᠤᠭᠤᠰᠤ ᠪᠠᠨ ᠱᠦᠬᠦᠷᠳᠡᠨ᠂ ᠲᠡᠪᠢᠰᠭᠡᠷ ᠬᠤᠮ ᠢᠶᠠᠨ ᠬᠦᠪᠢᠵᠦ᠂ ᠬᠡᠷ  ᠬᠦᠷᠢᠶ᠎ᠡ ᠪᠠᠨ  ᠴᠡᠪᠡᠷᠯᠡᠨ᠂  ᠲᠤᠯᠭ᠎ᠠ ᠶᠢᠨ ᠬᠠᠵᠠᠭᠤ ᠳᠠᠬᠢ ᠰᠢᠷᠤᠢ ᠶᠢ ᠰᠢᠨ᠎ᠡ ᠰᠢᠷᠤᠢ ᠪᠠᠷ ᠰᠣᠯᠢᠵᠤ ᠴᠡᠪᠡᠷ ᠪᠠᠶᠢᠯᠭᠠᠨ᠎ᠡ᠃  ᠭᠠᠯ ᠲᠠᠬᠢᠬᠤ ᠨᠢ ᠭᠡᠷᠡᠭ ᠲᠡᠭᠡᠷ᠎ᠡ ᠪᠠᠨ ᠵᠢᠯ ᠴᠠᠭᠠᠨ ᠰᠠᠷ᠎ᠠ ᠪᠠᠨ ᠤᠭᠳᠤᠬᠤ ᠠᠵᠢᠯᠯᠠᠭᠠᠨ ᠤ ᠬᠦᠰᠢᠭᠡ ᠨᠡᠭᠡᠭᠡᠭᠳᠡᠭᠰᠡᠨ ᠢ ᠬᠠᠷᠠᠭᠤᠯᠵᠤ ᠪᠠᠶᠢᠭ᠎ᠠ ᠶᠤᠮ᠃       ᠲᠡᠭᠡᠬᠦ   ᠳᠡᠭᠡᠨ ᠪᠡᠯᠡᠳᠭᠡᠯ ᠠᠵᠢᠯ ᠢ ᠡᠷᠳᠡ ᠠᠴᠠ ᠬᠢᠨ᠎ᠡ᠃ ᠭᠠᠯ ᠲᠠᠬᠢᠬᠤ ᠳᠤ  ᠭᠡᠷᠡᠭᠯᠡᠬᠦ ᠬᠤᠨᠢ ᠶᠢ  ᠡᠪᠣᠯ ᠤᠨ ᠡᠬᠢᠨ ᠳᠤ ᠮᠠᠯ ᠡᠴᠡᠬᠦ ᠠᠴᠠ ᠡᠮᠣᠨ᠎ᠡ ᠬᠠᠷ᠎ᠠ ᠲᠡᠷᠢᠬᠦᠨ᠂ ᠰᠢᠷ᠎ᠠ ᠲᠡᠷᠢᠬᠦᠨ ᠪᠣᠶᠣ ᠴᠠᠭᠠᠨ ᠵᠢᠰᠣᠮ ᠤᠨ ᠡᠪᠡᠳᠴᠢᠨ ᠡᠮᠭᠡᠭ ᠦᠬᠡᠢ᠂ ᠥᠬᠡᠳᠠ ᠡᠰᠡᠷᠡᠭ ᠰᠥᠷᠦᠭ ᠤᠨ ᠲᠥᠷᠣᠬᠦᠣ ᠡᠷ᠎ᠠ ᠬᠤᠨᠢ ᠶᠢ ᠰᠣᠩᠭᠤᠵᠤ᠂  ︽ᠮᠠᠯ ᠰᠦᠷᠥᠭ ᠤᠨ ᠲᠥᠷᠣᠬᠦᠣ᠂ ᠮᠠᠨ ᠤ ᠠᠶᠢᠯ ᠤᠨ ᠰᠢᠲᠣᠯᠬᠡ᠂  ᠶᠡᠷᠡ ᠶᠢᠰᠣᠨ ᠲᠡᠭᠷᠢ ᠶᠢ ᠲᠠᠬᠢᠬᠤ᠂  ᠣᠩᠭᠤᠨ ᠴᠠᠭᠠᠨ ᠬᠤᠨᠢ ᠡᠨᠡ ᠪᠢᠯᠡ︾  ᠬᠡᠬᠦ ᠮᠡᠲᠣ ᠪᠠᠷ ᠮᠬᠠᠲᠡᠨ ᠢᠷᠣᠬᠡᠵᠤ᠂ ᠬᠦᠵᠢ ᠤᠲᠣᠯᠭ᠎ᠠ ᠪᠠᠷ ᠠᠷᠢᠭᠤᠯᠡᠵᠤ ᠪᠠᠷᠠᠭᠠᠳ ᠲᠣᠰᠬᠠᠢ ᠬᠥᠮᠣᠨ ᠵᠠᠯᠡᠵᠤ  ᠨᠢᠳᠤᠯᠤᠭᠤᠯᠤᠨ᠂  ᠡᠪᠴᠢᠬᠦᠦ᠂ ᠱᠠᠭᠠᠨᠳᠤ᠂ ᠲᠦᠷᠪᠡᠨ ᠦᠨᠳᠦᠷ᠂ ᠭᠤᠰ ᠬᠤᠰᠬᠢᠨᠠᠭ ᠵᠡᠷᠭᠡ ᠶᠢ ᠶᠤᠰᠤᠴᠢᠯᠠᠨ ᠰᠠᠶᠢᠬᠠᠨ ᠠᠪᠴᠤ ᠪᠡᠯᠡᠳᠭᠡᠨ ᠲᠠᠯᠪᠢᠳᠠᠭ᠃ ᠬᠤᠨᠢ ᠪᠠᠨ ᠡᠪᠲᠡᠬᠦ ᠳᠡᠭᠡᠨ ᠡᠪᠴᠢᠬᠦᠨ ᠤ ᠠᠷᠡᠰᠣ ᠶᠢ ᠪᠥᠬᠦᠨ ᠢ ᠥᠪᠴᠢᠬᠦ ᠦᠬᠡᠢ ᠠᠯᠠᠭ᠎ᠠ ᠲᠠᠷᠣᠮ᠎ᠡ ᠠᠷᠡᠰᠣ ᠲᠠᠢ ᠨᠢ ᠠᠪᠴᠣ᠂ ᠡᠪᠴᠢᠬᠦᠨ ᠤ ᠬᠤᠷᠮᠣᠢ ᠶᠢ ᠶᠡᠭᠡ ᠪᠠᠷ ᠪᠠᠭᠤᠯᠠᠭᠠᠨ ᠠᠪᠲᠠᠭ ᠪᠥᠭᠡᠳ ᠡᠪᠴᠢᠬᠦᠤ ᠶᠢᠨ ᠠᠷᠠᠰᠣ ᠶᠢ ᠪᠣᠴᠠᠯᠣᠡᠨᠰᠡᠨ ᠣᠰᠤ ᠪᠠᠷ ᠵᠣᠮᠡᠯᠵᠤ ᠥᠰᠤ ᠶᠢ ᠨᠢ  ᠴᠡᠪᠡᠷᠯᠡᠲᠡᠭ  ᠃ ᠬᠤᠷᠢᠨ ᠭᠤᠷᠪᠠᠨ ᠤ ᠡᠳᠦᠷ  ᠡᠪᠴᠢᠬᠦᠦ᠂ ᠱᠠᠭᠠᠨᠳᠤ᠂ ᠲᠦᠷᠪᠡᠨ ᠦᠨᠳᠦᠷ᠂  ᠭᠤᠰ ᠬᠤᠰᠬᠢᠨᠠᠭ ᠵᠡᠷᠭᠡ ᠶᠢ  ᠴᠢᠨᠠᠵᠤ ᠪᠡᠯᠡᠳᠭᠡᠬᠦ ᠶᠢᠨ ᠬᠠᠮᠳᠤ  ᠪᠠᠰᠠ ᠦᠬᠡᠷ ᠤᠨ ᠰᠡᠭᠡᠷ ᠨᠢᠷᠤᠭᠤ᠂ ᠬᠠᠪᠢᠰᠤ ᠴᠢᠨᠠᠵᠤ  ᠂ ︽ᠭᠠᠯ ᠤᠨ ᠢᠳᠡᠭᠡᠨ︾  ᠬᠡᠮᠡᠨ ᠡᠪᠴᠢᠬᠦᠦ ᠴᠢᠨᠠᠭᠰᠠᠨ ᠱᠦᠯᠦᠨ ᠳᠡᠭᠡᠨ ᠬᠤᠨᠤᠭ ᠪᠤᠳᠠᠭ᠎ᠠ ᠠᠭᠰᠢᠭᠠᠵᠤ ᠪᠡᠯᠡᠳᠭᠡᠨ᠎ᠡ᠃ ᠪᠠᠰᠠ ᠦᠬᠡᠬᠦ᠂ ᠰᠢᠷ᠎ᠠ ᠲᠣᠰᠣ᠂  ᠬᠠᠷ᠎ᠠ ᠠᠷᠢᠬᠢ  ᠵᠡᠷᠬᠡ  ᠡᠷᠬᠦᠴᠡ ᠶᠢᠨ ᠵᠦᠢᠯ  ᠂ ᠠᠷᠴᠠ᠂  ᠬᠦᠵᠢ᠂ ᠠᠬᠢ  ᠂ ᠭᠠᠩᠭ᠎ᠠ  ᠵᠡᠷᠬᠡ ᠤᠲᠤᠯᠭ᠎ᠠ ᠶᠢᠨ ᠵᠥᠢᠯᠡᠰ᠂   ᠲᠥᠷᠪᠡᠨ ᠬᠡᠰᠡᠭ ᠲᠥᠭᠡ ᠬᠢᠷᠢᠲᠠᠢ ᠲᠥᠷᠪᠡᠯᠵᠢᠨ ᠴᠠᠭᠠᠨ ᠴᠠᠭᠠᠨᠰᠣ  ᠂  ᠨᠢᠭᠡ ᠠᠳᠬᠤ ᠴᠠᠭᠠᠨ ᠬᠢᠯᠭᠠᠨ᠎ᠡ ᠡᠪᠡᠰᠣ  ᠪᠠ  ᠲᠦᠷᠪᠡᠨ ᠵᠣᠯᠡ ᠪᠡᠯᠡᠳᠬᠡᠨ᠎ᠠ ᠃  ᠭᠠᠯ ᠲᠠᠬᠢᠬᠤ ᠳᠤ ᠬᠡᠷᠡᠭᠯᠡᠬᠦ ᠮᠣᠲᠤ ᠲᠦᠯᠡᠭᠡ ᠶᠢ ᠴᠤ ᠡᠷᠲᠡ ᠠᠴᠠ ᠪᠡᠯᠡᠳᠬᠡᠵᠤ ᠲᠡᠯᠪᠢᠲᠠᠭ᠃ ᠴᠡᠪᠡᠷᠬᠡᠨ ᠬᠠᠶᠢᠯᠡᠰᠣᠨ ᠮᠣᠲᠤ ᠶᠢ ᠬᠤᠶᠡᠷ ᠬᠤᠷᠣᠭᠤ ᠥᠷᠬᠡᠨ  ᠬᠠᠭᠠᠯᠵᠤ᠂ ᠲᠡᠬᠡᠰᠣ ᠪᠠᠷ ᠣᠶᠡᠵᠤ ᠪᠠᠭᠯᠠᠭᠠᠳ ᠣᠨᠢ ᠠᠴᠠ ᠪᠠᠨ ᠡᠯᠬᠦᠵᠤ  ᠬᠠᠳᠠᠭᠠᠨ᠎ᠠ᠃ ᠭᠠᠯ ᠲᠠᠬᠢᠬᠤ ᠳᠤ ᠬᠠᠶᠢᠯᠡᠰᠣᠨ ᠮᠣᠲᠤ ᠬᠡᠷᠡᠭᠯᠡᠲᠡᠭ᠂ ᠬᠠᠶᠢᠯᠡᠰᠣᠨ ᠮᠣᠲᠤ ᠪᠣᠯ ᠨᠣᠴᠣᠬᠤ ᠳᠠᠭᠠᠨ ᠣᠴᠢ ᠨᠢ ᠥᠰᠣᠷᠴᠣ ᠪᠣᠲᠡᠷᠠᠲᠠᠭ ᠦᠬᠡᠢ᠃     ᠬᠤᠨᠢᠨ ᠤ ᠡᠪᠴᠢᠬᠦᠦ ᠪᠤᠯ ᠭᠠᠯ ᠲᠠᠬᠢᠬᠤ ᠳᠤ ᠬᠡᠷᠡᠭᠯᠡᠳᠡᠭ ᠬᠠᠮᠤᠭ ᠴᠢᠬᠤᠯᠠ ᠵᠦᠢᠯ ᠪᠤᠯᠤᠨ᠎ᠠ  ᠃  ᠡᠪᠴᠢᠬᠦᠤ ᠶᠢ ᠭᠡᠷ ᠤᠨ ᠡᠵᠡᠨ ᠪᠣᠶᠣ  ᠬᠦᠪᠡᠬᠦᠨ ᠨᠢ ᠵᠠᠰᠡᠲᠠᠭ᠃  ᠡᠪᠴᠢᠬᠦᠤ ᠵᠠᠰᠠᠬᠤ ᠳᠤ ᠡᠪᠴᠢᠬᠦᠣ ᠶᠢᠨ ᠬᠡᠷᠰᠡᠩ ᠢ ᠶᠠᠰᠣᠨ ᠠᠴᠠ ᠨᠢ ᠱᠣᠯᠣᠵᠤ᠂ ᠡᠪᠴᠢᠬᠦᠨ ᠤ ᠬᠤᠷᠮᠣᠢ ᠶᠢᠨ ᠬᠥᠪᠡᠭᠡ ᠪᠠᠷ ᠬᠤᠷᠣᠭᠤ ᠢᠯᠡᠬᠦᠤ ᠨᠠᠷᠢᠨ ᠥᠯᠡᠲᠡᠬᠡᠵᠤ᠂ ᠲᠣᠮᠳᠡ ᠬᠡᠰᠡᠭ ᠢ ᠨᠢ ᠣᠡᠨᠲᠣᠯᠵᠤ ᠠᠪᠣᠨ᠎ᠡ᠃ ᠡᠪᠴᠢᠬᠦᠨ ᠤ ᠬᠤᠷᠮᠣᠢ ᠶᠢ ᠲᠣᠭᠤᠷᠢᠭᠤᠯᠣᠨ  ᠦᠯᠡᠳᠡᠭᠡᠭᠰᠡᠨ ᠮᠢᠬ᠎ᠠ ᠶᠢ ᠡᠪᠴᠢᠬᠦᠨ ᠤ ᠪᠥᠲᠣᠷᠬᠡᠢ ᠳᠤ  ᠭᠤᠬᠠᠳᠠᠨ᠎ᠠ᠃ ᠴᠠᠭᠠᠨ ᠬᠤᠨᠢᠨ ᠨᠣᠣᠰᠤ ᠪᠠᠷ ᠲᠠᠮᠣᠡᠨᠰᠡᠨ ᠣᠲᠠᠰᠣ ᠶᠢ ᠭᠤᠷᠪᠡ ᠲᠠᠪᠬᠤᠷᠯᠡᠨ᠂ ᠡᠪᠴᠢᠬᠦᠨ ᠤ ᠪᠥᠲᠣᠷᠬᠡᠢ ᠠᠴᠠ ᠡᠬᠢᠯᠡᠨ ᠵᠥᠪ ᠢᠶᠠᠷ ᠲᠣᠭᠤᠷᠢᠭᠤᠯᠣᠨ ᠬᠤᠶᠡᠷ  ᠰᠦᠷᠪᠡᠭᠡᠳᠡᠰᠦᠨ ᠤ ᠥᠵᠣᠬᠦᠷ ᠪᠥᠷᠢ ᠶᠢ ᠭᠤᠷᠪᠡ ᠭᠤᠷᠪᠡ ᠣᠷᠢᠶᠠᠨ ᠪᠥᠲᠣᠷᠬᠡᠢ ᠲᠡᠬᠡᠷ᠎ᠠ ᠬᠥᠷᠴᠤ ᠣᠷᠢᠶᠠᠵᠤ ᠲᠠᠭᠤᠰᠬᠠᠨ᠎ᠡ᠃ ᠣᠷᠢᠶᠡᠨᠰᠡᠨ ᠡᠪᠴᠢᠬᠦᠨ ᠤ ᠡᠯᠢᠬᠡᠨ ᠳᠤ  ᠬᠠᠭᠤᠷᠠᠢ ᠪᠣᠲᠠᠭ᠎ᠠ᠂ ᠴᠠᠢ᠂ ᠰᠢᠷ᠎ᠠ ᠲᠤᠰᠤ ᠵᠡᠷᠬᠡ ᠢᠲᠡᠬᠡᠨ ᠣᠮᠲᠠᠭᠠᠨ ᠤ ᠲᠡᠭᠡᠵᠢ ᠪᠠ  ᠰᠢᠷ᠎ᠠ ᠬᠦᠵᠢ᠂ ᠴᠠᠭᠠᠨ ᠬᠢᠯᠭᠠᠨ᠎ᠠ ᠮᠡᠳᠦ ᠲᠠᠬᠢᠯᠭ᠎ᠠ ᠶᠢᠨ ᠵᠥᠢᠯᠡᠰ ᠢ ᠭᠤᠷᠪᠠ ᠪᠤᠶᠤ ᠶᠢᠰᠦ ᠪᠠᠷ ᠬᠢᠵᠦ ︵ᠵᠠᠷᠢᠮ ᠭᠠᠵᠡᠷ ᠨᠢ ᠪᠠᠰᠡ ᠱᠠᠭᠠᠨᠲᠤ ᠲᠥᠷᠪᠡᠨ ᠥᠡᠲᠣᠷ ᠵᠡᠷᠬᠡ ᠵᠥᠢᠯᠡᠰ ᠢ ᠭᠢᠲᠡᠭ  ︶᠂   ᠡᠪᠴᠢᠬᠦᠦ ᠪᠠᠨ ᠰᠡᠮᠡᠵᠡ ᠪᠠᠷ ᠪᠤᠭᠤᠬᠤ ᠪᠤᠶᠤ  ᠪᠦᠳᠡᠭᠡᠭᠡᠳ᠂ ᠭᠠᠯ ᠲᠠᠬᠢᠬᠤ ᠪᠠᠷ ᠪᠡᠯᠡᠳᠭᠡᠵᠦ ᠲᠠᠯᠪᠢᠨ᠎ᠠ᠃ ᠡᠬᠦᠨ  ᠢ ᠡᠪᠴᠢᠬᠦᠦ ᠵᠠᠰᠠᠬᠤ ᠭᠡᠨ᠎ᠡ᠃       ᠲᠤᠯᠭ᠎ᠠ ᠶᠢᠨ ᠲᠦᠷᠪᠡᠨ  ᠤᠴᠤᠭ  ᠲᠡᠭᠡᠷ᠎ᠡ  ᠲᠠᠪᠤᠨ ᠦᠩᠬᠡ ᠶᠢᠨ ᠪᠦᠰ ᠪᠤᠶᠤ ᠭᠭᠢᠪ  ᠲᠤᠷᠭ᠎ᠠ ᠶᠢᠨ  ︽ᠡᠮᠦᠰᠭᠡᠯ︾ ᠪᠡᠯᠡᠳᠭᠡᠨ᠎ᠡ᠃  ︽ᠡᠮᠦᠰᠭᠡᠯ︾ ᠤᠨ ᠲᠤᠷᠭ᠎ᠠ ᠪᠠ ᠪᠦᠰ ᠢ ᠬᠤᠷᠤᠭᠤ ᠬᠢᠷᠢᠳᠡᠢ ᠦᠷᠭᠡᠨ᠂ ᠲᠦᠭᠡ ᠰᠢᠬᠠᠮ ᠤᠷᠳᠤ ᠵᠦᠰᠦᠵᠦ᠂  ᠲᠡᠭᠡᠷ᠎ᠡ ᠨᠢ ᠬᠦᠭᠡ᠂ ᠲᠤᠮᠳᠠ ᠨᠢ ᠤᠯᠠᠭᠠᠨ᠂  ᠰᠢᠷ᠎ᠠ᠂ ᠵᠠᠪᠰᠠᠷ ᠲᠤᠨᠢ ᠴᠠᠭᠠᠨ᠂ ᠨᠤᠭᠤᠭᠠᠨ ︵ᠬᠠᠷ᠎ᠠ ᠦᠩᠬᠡ ᠶᠢ ᠴᠡᠭᠡᠷᠯᠡᠵᠦ᠂ ᠨᠤᠭᠤᠭᠠᠨ ᠦᠩᠬᠡ ᠪᠠᠷ ᠤᠷᠤᠯᠠᠭᠤᠯᠳᠠᠭ︶ ᠢ ᠬᠠᠪᠴᠢᠭᠤᠯᠵᠤ᠂ ᠲᠡᠭᠡᠷ᠎ᠡ ᠨᠢ ᠰᠡᠮᠡᠵᠡ ᠲᠠᠯᠪᠢᠵᠤ ᠬᠤᠨᠢᠨ ᠤ ᠤᠩᠭᠠᠰᠤ ᠪᠠᠷ ᠤᠷᠢᠶᠠᠵᠤ ᠲᠠᠯᠪᠢᠨ᠎ᠠ᠃  ᠪᠠᠰᠠ ᠲᠠᠯᠠᠯᠭ᠎ᠠ ᠶᠢᠨ  ᠰᠠᠭᠤᠯᠭ᠎ᠠ ᠪᠤᠶᠤ  ᠡᠮᠲᠡᠷᠡᠵᠤ ᠬᠠᠭᠠᠷᠬᠠᠰᠡᠨ ᠦᠬᠡᠢ ᠴᠡᠪᠡᠷ ᠪᠥᠲᠣᠨ  ᠰᠠᠪᠠᠨ ᠳᠤ ᠲᠠᠯᠤ ᠲᠦᠷᠪᠡᠨ ᠦᠨᠳᠦᠷ᠂  ᠪᠦᠬᠦᠯᠢ ᠭᠤᠰ ᠬᠤᠰᠬᠢᠨᠠᠭ᠂  ᠱᠠᠭᠠᠨᠳᠤ  ᠪᠤᠯᠤᠨ  ᠴᠠᠭᠠᠨ ᠢᠲᠡᠬᠡᠨ ᠤ ᠵᠥᠢᠯᠡᠰ᠂ ᠠᠮᠲᠠᠲᠤ ᠢᠲᠡᠬᠡᠨ ᠬᠢᠵᠤ ᠳᠠᠯᠠᠯᠭ᠎ᠠ ᠠᠪᠬᠤ ᠳᠤ ᠪᠡᠯᠡᠳᠬᠡᠨ᠎ᠠ᠃  ᠡᠬᠦᠨ ᠢ ᠳᠠᠯᠠᠯᠭ᠎ᠠ ᠶᠢᠨ ᠢᠲᠡᠬᠡᠨ ᠬᠡᠨ᠎ᠠ᠃        ᠭᠠᠯ ᠲᠠᠬᠢᠬᠤ ᠦᠶᠡᠰ ᠦᠨᠳᠦᠷ ᠤᠨ ᠬᠡᠮᠵᠢᠶ᠎ᠡ ᠨᠢ ᠠᠳᠠᠯᠢ ᠬᠠᠶᠢᠯᠠᠰᠤᠨ ᠮᠤᠳᠤ ᠶᠢ ᠬᠠᠭᠤᠷᠠᠢ ᠠᠷᠭᠠᠯ ᠤᠨ ᠬᠠᠮᠳᠤ ᠲᠤᠯᠭ᠎ᠠ ᠳᠠᠭᠠᠨ ᠵᠡᠷᠭᠡᠯᠡᠭᠡᠳ᠂  ᠲᠤᠯᠭ᠎ᠠ ᠶᠢᠨ ᠲᠥᠷᠪᠡᠨ ᠥᠡᠴᠥᠭ ᠲᠤ ᠲᠥᠷᠪᠡᠯᠵᠢᠨ ᠴᠠᠭᠠᠰᠣᠨ ᠲᠡᠪᠢᠰᠬᠡᠷ ᠲᠡᠬᠡᠷ᠎ᠠ  ᠲᠥᠷᠪᠡᠨ ᠵᠣᠯᠡ ᠪᠠᠨ ᠪᠠᠷᠢᠨ᠎ᠡ᠃  ᠭᠠᠯ ᠲᠠᠬᠢᠬᠤ ᠳᠠᠭᠠᠨ ᠪᠦᠬᠦ ᠭᠡᠷ ᠢᠶᠠᠷ ᠢᠶᠠᠨ ᠰᠢᠨ᠎ᠡ ᠲᠡᠪᠡᠯ ᠬᠤᠪᠴᠠᠰᠤ ᠪᠠᠨ ᠡᠮᠦᠰᠴᠦ᠂  ᠭᠡᠷ ᠤᠨ ᠡᠵᠡᠭᠲᠡᠢ  ᠲᠤᠯᠭᠠᠨ ᠳᠠᠭᠠᠨ ᠠᠷᠭᠠᠯ ᠵᠡᠷᠭᠡᠯᠡᠵᠦ ᠭᠠᠯ ᠢᠶᠠᠨ ᠨᠣᠴᠣᠭᠠᠭᠠᠳ᠂  ᠬᠠᠶᠢᠯᠡᠰᠣ ᠪᠣᠷᠭᠠᠰᠣ ᠵᠡᠷᠬᠡ ᠮᠣᠲᠤ ᠪᠠᠷ ᠬᠦᠭᠵᠢᠬᠡᠵᠦ᠂ ᠬᠦᠵᠢ᠂ ᠠᠷᠴᠠ᠂ ᠣᠲᠤᠯᠭ᠎ᠠ ᠶᠢᠨ ᠵᠥᠢᠯ ᠢᠶᠠᠷ ᠭᠠᠯ ᠤᠨ ᠲᠤᠯᠭ᠎ᠠ  ᠪᠠᠨ ᠭᠤᠷᠪᠠᠨᠲᠠ ᠲᠣᠭᠤᠷᠢᠭᠤᠯᠣᠨ ᠠᠷᠢᠭᠤᠳᠬᠠᠨ᠎ᠡ᠃ ᠭᠠᠯ ᠪᠤᠯ ᠴᠡᠪᠡᠷ ᠠᠷᠢᠭᠤᠨ ᠶᠠᠭᠤᠮ᠎ᠠ ᠪᠤᠯᠬᠤᠷ  ᠪᠣᠵᠡᠷ ᠪᠣᠷᠲᠠᠭ ᠨᠠᠭᠠᠯᠲᠣᠡᠨᠰᠡᠨ᠂ ᠨᠢᠰᠣ ᠨᠢᠯᠪᠣᠰᠣ ᠬᠥᠷᠣᠭ᠍ᠰᠡᠨ ᠵᠥᠢᠯᠡᠰ ᠪᠠ ᠨᠣᠣᠰᠣ ᠨᠣᠣᠯᠣᠷ ᠵᠡᠷᠬᠡ  ᠡᠯᠳᠡᠪ ᠥᠨᠣᠷᠲᠤ  ᠵᠦᠢᠯᠡᠰ ᠢ ᠭᠠᠯ ᠳᠤ ᠬᠢᠬᠦ ᠶᠢ  ᠤᠨᠴᠠ  ᠬᠢᠴᠢᠶᠡᠳᠡᠭ᠃ ᠭᠠᠯ ᠬᠦᠭᠵᠢᠮᠡᠭᠴᠡ ᠭᠡᠷ ᠤᠨ ᠡᠵᠡᠨ ᠲᠤᠯᠭ᠎ᠠ ᠶᠢᠨ ᠡᠮᠣᠨ᠎ᠡ ᠲᠠᠯ᠎ᠡ ᠠᠴᠠ  ᠬᠤᠷᠮᠤᠢ ᠲᠡᠪᠢᠰᠦᠨ ᠭᠤᠷᠪᠠᠨ ᠭᠤᠷᠪᠠ ᠶᠢᠰᠦ  ᠮᠦᠷᠬᠦᠵᠦ᠂  ᠡᠪᠴᠢᠬᠦᠦ ᠪᠠᠨ ᠭᠠᠯ ᠳᠠᠭᠠᠨ ᠡᠷᠬᠦᠨ᠎ᠡ᠃  ᠲᠠᠷᠠᠭ᠎ᠠ ᠨᠢ ᠡᠬᠡᠨᠡᠷ ᠬᠡᠦᠭᠡᠳ ᠨᠢ ᠬᠠᠷ᠎ᠠ ᠠᠷᠢᠬᠢ᠂ ᠬᠠᠯᠢᠮ ᠦᠬᠡᠬᠦ  ᠂ ᠰᠢᠷ᠎ᠠ ᠲᠤᠰᠤ ᠬᠤᠯᠢᠭᠰᠠᠨ ᠡᠷᠬᠦᠴᠡ ᠠᠴᠠ ᠪᠠᠨ ᠭᠠᠯ ᠳᠠᠭᠠᠨ  ᠭᠤᠷᠪᠠ ᠭᠤᠷᠪᠠᠨ ᠬᠠᠯᠪᠠᠭ᠎ᠠ ᠪᠠᠷ ᠡᠷᠬᠦᠵᠤ᠂ ᠭᠠᠯ ᠢᠶᠠᠨ ᠣᠯᠡᠮ ᠪᠠᠳᠠᠷᠠᠭᠠᠨ  ᠬᠦᠭᠵᠢᠬᠡᠵᠦ᠂  ᠭᠡᠷ ᠤᠨ ᠪᠦᠬᠦᠳᠡᠭᠡᠷ  ᠰᠦᠬᠦᠳᠦᠨ ᠮᠦᠷᠬᠦᠵᠦ  ᠪᠤᠶᠠᠨ ᠭᠡᠰᠢᠭ ᠢᠷᠡᠬᠦ ᠶᠢ ᠲᠠᠯᠠᠯᠤᠨ ᠬᠤᠷᠤᠶᠢᠯᠠᠨ᠎ᠠ᠃  ᠭᠠᠯ ᠲᠠᠬᠢᠬᠤ ᠵᠣᠷᠢᠯᠭ᠎ᠠ ᠪᠣᠯ ᠥᠪᠡᠷᠣᠨ ᠬᠥᠰᠡᠯ ᠰᠠᠨᠠᠭ᠎ᠠ ᠪᠠᠨ ᠭᠠᠯ ᠤᠨ ᠲᠡᠭᠷᠢ ᠪᠣᠯᠣᠨ ᠠᠯᠢᠪᠡ ᠡᠵᠡᠳ  ᠰᠠᠬᠢᠭᠤᠯᠰᠤᠨ ᠳᠤ  ᠲᠠᠭᠠᠳᠬᠠᠨ ᠵᠡᠯᠪᠠᠷᠢᠵᠤ ᠪᠠᠶᠢᠭ᠎ᠠ ᠶᠠᠪᠣᠲᠡᠯ ᠪᠣᠯᠬᠤᠷ ᠶᠡᠷᠦ ᠨᠢ ᠭᠡᠷ ᠲᠡᠭᠡᠨ ᠲᠠᠬᠢᠲᠠᠭ᠃ ᠲᠠᠭᠠᠳᠬᠠᠨ ᠵᠡᠯᠪᠠᠷᠢᠵᠤ ᠪᠠᠶᠢᠭ᠎ᠠ ᠵᠥᠢᠯ ᠨᠢ ᠴᠦ ᠲᠣᠰ ᠲᠣᠰ ᠤᠨ ᠢᠶᠠᠨ ᠪᠣᠳᠣᠯ ᠰᠠᠨᠠᠭ᠎ᠠ ᠪᠠᠷ ᠲᠤᠭᠳᠠᠭᠠᠭᠳᠠᠨ᠎ᠠ᠃ ᠵᠢᠱᠢᠶᠠᠯᠡᠪᠡᠯ  ᠡᠷᠦᠬᠡ ᠬᠡᠷ ᠢᠶᠠᠨ ᠦᠬᠡᠳᠡᠯᠡᠬᠦᠯᠬᠦ᠂ ᠡᠪᠡᠳᠴᠢᠨ ᠵᠤᠪᠠᠯᠠᠩ ᠠᠴᠠ  ᠮᠤᠯᠳᠤᠷᠠᠬᠤ  ᠂ ᠮᠠᠯ ᠬᠥᠷᠣᠩᠬᠡ ᠪᠠᠨ ᠥᠰᠬᠡᠬᠦ᠂  ᠭᠠᠮᠰᠢᠭ ᠵᠣᠣᠨ ᠠᠴᠠ ᠵᠠᠶᠢᠯᠠᠬᠤ᠂  ᠠᠵᠢᠯ ᠦᠢᠯᠡᠰ ᠪᠦᠳᠦᠮᠵᠢᠳᠡᠢ ᠪᠤᠯᠬᠤ᠂ ᠠᠶᠠᠨ ᠵᠠᠮ ᠳᠤ ᠬᠡᠶᠢᠮᠣᠷᠢ ᠲᠠᠢ ᠶᠠᠪᠣᠬᠤ ᠵᠡᠷᠬᠡ  ᠬᠥᠰᠡᠭᠰᠡᠨ ᠪᠥᠬᠦᠨ ᠢᠶᠠᠨ ᠠᠶᠢᠯᠡᠳᠬᠠᠨ ᠲᠠᠭᠠᠳᠬᠠᠵᠤ ᠬᠤᠷᠤᠶᠢᠯᠠᠳᠠᠭ᠃      ᠭᠠᠯ ᠢᠶᠠᠨ ᠲᠠᠬᠢᠵᠤ ᠪᠠᠷᠠᠪᠠᠯ᠂ ᠭᠠᠯ ᠤᠨ ᠲᠠᠬᠢᠯᠭ᠎ᠠ ᠰᠠᠶᠢᠬᠠᠨ ᠪᠣᠯᠣᠯ᠎ᠡ ᠬᠡᠵᠤ ᠪᠥᠬᠦᠲᠡᠬᠡᠷ ᠪᠡᠯᠭᠡ ᠲᠡᠮᠪᠡᠷᠢᠯ  ᠲᠠᠢ ᠦᠭᠡ ᠬᠡᠯᠡᠬᠦ ᠶᠢᠨ ᠬᠠᠮᠲᠤ᠂ ᠭᠠᠯ ᠤᠨ ᠠᠷᠢᠬᠢ ᠪᠠᠷᠢᠵᠤ  ᠂ ᠭᠠᠯ ᠤᠨ  ᠢᠳᠡᠭᠡᠨ ᠢᠶᠠᠨ ᠠᠮᠰᠠᠵᠠᠭᠠᠨ᠂ ︽ ᠪᠣᠶᠡᠨ ᠬᠡᠰᠢᠭ ᠠᠷᠪᠢᠨ ᠢᠷᠡᠭᠰᠡᠨ︾ ᠢᠶᠠᠨ ᠪᠠᠶᠡᠷᠯᠡᠨ  ᠪᠡᠯᠭᠡᠯᠡᠨ᠎ᠡ᠃ ᠲᠠᠬᠢᠯᠭ᠎ᠠ ᠶᠢᠨ ᠢᠳᠡᠭᠡᠨ ᠢᠶᠠᠨ ᠭᠤᠷᠪᠠᠨ ᠦᠷᠯᠦᠬᠡ  ᠬᠤᠷᠤᠶᠢᠯᠠᠭᠠᠳ ᠬᠤᠷᠢᠨ ᠵᠢᠷᠭᠤᠭᠠᠨ ᠳᠤ ᠢᠳᠡᠨ᠎ᠡ᠃ ᠪᠠᠰᠠ ᠮᠤᠩᠭᠤᠯ ᠭᠡᠷ ᠤᠨ ᠲᠤᠳᠤᠭᠤ ᠲᠡᠭᠡᠷ᠎ᠡ ᠭᠤᠷᠪᠠᠨ ᠭᠡᠰᠡᠭ ᠦᠬᠡᠬᠦ ᠲᠤᠰᠤ ᠲᠠᠯᠪᠢᠵᠤ᠂ ᠭᠠᠯ ᠢᠶᠠᠨ ᠲᠠᠬᠢᠭᠰᠠᠨ ᠠᠴᠠ ᠬᠤᠶᠢᠰᠢ ᠭᠤᠷᠪᠠᠨ ᠡᠳᠦᠷ ᠲᠠᠷᠠᠭᠠᠯᠠᠨ ᠤᠷᠤᠢ ᠪᠦᠷᠢ ᠨᠢᠬᠡ ᠬᠡᠰᠡᠭ ᠢ ᠭᠠᠯ ᠳᠠᠭᠠᠨ ᠡᠷᠬᠦᠨ᠎ᠡ᠃        ᠭᠠᠯ ᠲᠠᠬᠢᠬᠤ ᠦᠶᠡᠰ ᠪᠠᠰᠠ ᠭᠠᠯ ᠤᠨ ᠰᠤᠳᠤᠷ ᠤᠩᠰᠢᠳᠠᠭ᠃ ᠡᠨᠡ   ᠨᠢ ᠭᠠᠯ ᠤᠨ ᠲᠡᠭᠷᠢ ᠪᠣᠯᠣᠨ ᠲᠡᠬᠦᠨ ᠤ ᠨᠥᠬᠦᠷ ᠰᠡᠯᠳᠠ ︵ᠲᠠᠷᠤᠢ ᠪᠠᠶᠢᠭᠠᠯᠢ ᠶᠡᠷᠲᠢᠡᠴᠣ ᠶᠢᠨ ᠠᠯᠢᠪᠡ  ᠡᠵᠡᠳ  ᠰᠠᠬᠢᠭᠤᠯᠰᠤᠨ︶  ᠶᠢ ᠮᠬᠠᠲᠡᠨ ᠢᠷᠣᠬᠡᠵᠤ᠂  ᠮᠦᠷᠬᠦᠨ ᠲᠠᠬᠢᠵᠤ᠂  ᠣᠷᠢᠨ ᠵᠠᠯᠠᠵᠤ᠂  ᠲᠡᠳᠡᠨ ᠳᠤ ᠥᠪᠡᠷ ᠤᠨ ᠪᠣᠳᠣᠯ ᠰᠡᠳᠬᠢᠯ ᠢᠶᠠᠨ ᠲᠠᠭᠠᠳᠬᠠᠨ᠂ ᠲᠡᠳᠡᠨ ᠠᠴᠠ ᠢᠪᠡᠭᠡᠯ  ᠰᠤᠶᠤᠷᠬᠠᠯ ᠭᠤᠶᠤᠭᠠᠳ  ᠂  ᠦᠲᠡᠨ  ᠮᠤᠷᠳᠠᠭᠤᠯᠵᠤ ᠪᠠᠶᠢᠭ᠎ᠠ ᠤᠬᠠᠭᠠᠨ  ᠲᠠᠢ᠃ ᠭᠠᠯ ᠲᠠᠬᠢᠯᠭ᠎ᠠ ᠶᠢᠨ ᠰᠣᠲᠣᠷ ᠤᠳ ᠨᠠᠯᠢᠶᠡᠳ ᠣᠯᠠᠨ ᠪᠠᠶᠢᠳᠠᠭ ᠴᠦ ᠥᠡᠲᠣᠰᠣᠨ ᠳᠡᠭᠡᠨ ᠠᠲᠠᠯᠢᠪᠲᠣᠷ ᠭᠡᠳᠡᠭ᠃  ᠠᠳᠡ  ᠲᠠᠶᠢᠹᠤᠰᠧ ᠵᠡᠬᠦᠨ ᠭᠠᠷ ᠤᠨ ᠬᠥᠪᠡᠬᠡᠲᠣ ᠰᠢᠷ᠎ᠠ ᠶᠢᠨ ᠬᠢᠨ ᠤ ᠭᠠᠯ  ᠲᠠᠬᠢᠬᠤ ᠳᠠᠭᠠᠨ ᠤᠩᠰᠢᠳᠠᠭ ᠴᠠᠬᠠᠷ ᠬᠡᠪᠰᠢ ᠯᠣᠪᠰᠡᠩᠴᠥ᠋ᠯᠲᠣᠮ ᠤᠨ ᠪᠢᠴᠢᠭᠰᠡᠨ ︽ ᠭᠠᠯ ᠤᠨ ᠲᠡᠭᠷᠢ ᠶᠢ ᠲᠠᠬᠢᠬᠤ ᠰᠣᠲᠣᠷ ᠣᠷᠣᠰᠢᠪᠠ︾ ᠭᠡᠲᠡᠭ ᠮᠣᠩᠭᠤᠯ ᠲᠠᠬᠢᠯᠭ᠎ᠠ ᠶᠢᠨ ᠰᠣᠲᠣᠷ ᠢ ᠰᠡᠶᠢᠷᠡᠬᠦᠯᠪᠡᠢ᠃        ︵1︶   ᠵᠠᠯᠠᠯᠭ᠎ᠠ ᠶᠢᠨ ᠰᠤᠳᠤᠷ      ︽ᠠᠶᠢᠯᠡᠳᠬᠠᠬᠤ  ᠡᠨᠡᠷᠢᠩᠬᠦᠢ ᠶᠢᠨ ᠡᠷᠲᠡᠮ ᠬᠤᠲᠡᠯᠡ ᠲᠡᠬᠦᠰᠣᠭ᠍ᠰᠡᠨ      ᠠᠮᠣᠷᠯᠢᠩᠭᠤᠢ ᠲᠣᠡᠨᠰᠢᠨ ᠡᠯᠲᠡᠪ ᠬᠤᠪᠢᠯᠭᠠᠨ ᠢ ᠥᠵᠡᠬᠦᠯᠥᠭᠴᠢ      ᠠᠰᠡᠷᠡᠯᠲᠤ ᠭᠠᠯ ᠲᠡᠭᠷᠢ ᠨᠥᠬᠦᠳ ᠰᠠᠯᠳᠡ ᠯᠦᠭᠡ ᠶᠢ      ᠠᠷᠢᠭᠤᠨ  ᠲᠠᠬᠢᠯ ᠡᠷᠬᠦᠬᠦ ᠶᠢᠨ ᠲᠣᠯᠡᠳᠡ ᠠᠳᠠ ᠣᠷᠢᠨ ᠵᠠᠯᠠᠮᠣᠢ      ᠡᠨᠡᠷᠢᠯᠲᠤ ᠣᠷᠴᠢᠯᠡᠩ ᠤᠨ ᠠᠮᠢᠲᠡᠨ ᠪᠥᠬᠦᠨ ᠤ      ᠡᠷᠢᠭᠰᠡᠨ ᠬᠠᠮᠤᠭ ᠲᠣᠰᠡ ᠶᠢ ᠪᠥᠲᠣᠬᠡᠰᠣᠬᠡᠢ ᠬᠡᠮᠡᠨ      ᠡᠷᠲᠡᠨ ᠴᠠᠭ ᠲᠤᠷ ᠠᠶᠢᠯᠡᠲᠣᠡᠨᠰᠡᠨ  ᠲᠠᠩᠭᠠᠷᠢᠭ ᠢᠶᠠᠨ ᠲᠤᠷᠠᠳᠴᠤ      ᠡᠲᠣᠬᠡ ᠡᠨᠡ ᠣᠷᠣᠨ᠎ᠡ ᠥᠬᠡᠳᠠ ᠪᠣᠯᠵᠤ ᠢᠷᠡᠨ  ᠰᠤᠶᠤᠷᠬ᠎ᠠ︾       ︵2︶ ᠲᠠᠬᠢᠯᠭ᠎ᠠ ᠶᠢᠨ  ᠰᠤᠳᠤᠷ       ︽ᠴᠣᠡᠨᠲᠣ ᠵᠢᠪᠬᠤᠯᠡᠩ ᠬᠤᠲᠡᠯᠡ ᠲᠡᠬᠦᠰᠣᠭ᠍ᠰᠡᠨ ᠪᠠᠶᠡᠲᠤ       ᠴᠣᠡᠨᠲᠤ ᠢᠷᠠᠭᠤ ᠡᠬᠡᠰᠢᠭ ᠬᠤᠲᠡᠯᠡ ᠲᠡᠬᠦᠰᠣᠭ᠍ᠰᠡᠨ ᠵᠡᠷᠯᠢᠡᠨᠲᠤ       ᠴᠣᠡᠨᠲᠣ ᠠᠰᠡᠷᠡᠨ ᠨᠢᠬᠦᠯᠡᠰᠦᠩᠬᠦᠢ ᠬᠤᠲᠡᠯᠠ ᠲᠠᠬᠦᠰᠣᠭ᠍ᠰᠡᠨ ᠰᠡᠳᠬᠢᠯᠲᠣ       ᠴᠣᠡᠨᠲᠤ ᠭᠠᠯ ᠲᠡᠭᠷᠢ ᠨᠥᠬᠦᠳ ᠰᠡᠯᠳᠠ ᠯᠦᠭᠡ ᠳᠤᠷ ᠮᠥᠷᠬᠦᠮᠤ       ᠰᠢᠮ᠎ᠡ ᠠᠮᠳᠡ ᠴᠢᠳᠠᠯ ᠪᠥᠬᠦᠨ ᠲᠡᠬᠦᠰᠣᠭ᠍ᠰᠡᠨ ᠠᠷᠢᠭᠤᠨ ᠡᠪᠴᠢᠬᠦᠨ ᠢ       ᠰᠢᠨ᠎ᠡ ᠴᠠᠭᠠᠨ ᠣᠳᠠᠰᠣᠨ ᠢᠶᠠᠷ ᠥᠵᠡᠮᠵᠡᠲᠠᠶᠢᠶ᠎ᠠ  ᠣᠷᠢᠶᠡᠵᠤ         ᠱᠠᠭᠠᠡᠲᠤ ᠴᠢᠮᠣᠬᠡ ᠲᠥᠷᠪᠡᠨ ᠥᠡᠲᠣᠷ ᠬᠠᠪᠢᠷᠭ᠎ᠠ ᠯᠤᠭ᠎ᠠ ᠶᠢ       ᠰᠢᠲᠣᠬᠡᠨ ᠭᠠᠯ ᠲᠡᠭᠷᠢ ᠶᠢᠨ ᠴᠢᠭᠤᠯᠭᠠᠨ ᠳᠤᠷ ᠲᠠᠬᠢᠯ ᠪᠣᠯᠭᠠᠨ ᠡᠷᠬᠦᠮᠣ᠃       ᠬᠤᠷᠴᠡ ᠲᠣᠰᠣᠨ ᠤ ᠴᠢᠨᠠᠷ ᠲᠡᠬᠦᠰᠣᠭ᠍ᠰᠡᠨ ᠰᠡᠮᠡᠵᠡ ᠪᠠ       ᠬᠤᠷᠲᠣᠨ᠎ᠡ ᠥᠷᠪᠢᠰᠣᠨ ᠪᠠᠲᠠᠷᠬᠠᠴᠢ ᠬᠢᠯᠭᠠᠨ᠎ᠡ ᠡᠪᠡᠰᠣᠨ ᠢ       ᠬᠤᠲᠤᠭ ᠬᠡᠰᠢᠭ ᠢ ᠨᠠᠮᠡᠭᠲᠡᠬᠦᠯᠥᠭᠴᠢ ᠲᠡᠬᠡᠲᠤ ᠭᠠᠯ ᠲᠡᠭᠷᠢ       ᠬᠤᠪᠢᠯᠭᠠᠨ ᠣᠯᠡᠨ ᠨᠥᠬᠦᠳ ᠤᠨ ᠴᠢᠭᠤᠯᠭᠠᠨ ᠰᠡᠯᠳᠠ ᠳᠤᠷ ᠡᠷᠬᠦᠮᠤ᠃       ᠠᠯᠢᠮᠡᠣᠨ ᠬᠠᠷᠡᠩᠭᠤᠢ ᠶᠢ ᠬᠡᠶᠢᠬᠦᠯᠥᠭᠴᠢ ᠶᠢᠰᠣᠨ ᠵᠣᠯᠡ       ᠠᠩᠬᠢᠯᠠᠬᠤᠢ ᠰᠠᠶᠢᠨ ᠥᠨᠥᠷ ᠲᠡᠬᠦᠰᠣᠭ᠍ᠰᠡᠨ ᠶᠢᠰᠣᠨ ᠬᠦᠵᠢ        ᠠᠷᠴᠠ  ᠲᠠᠷᠢᠬᠦᠲᠡᠨ ᠡᠯᠲᠡᠪ ᠬᠤᠪᠴᠡᠳ ᠤᠨ ᠵᠥᠢᠯ   ᠯᠦᠭᠡ        ᠠᠪᠣᠷᠬᠠᠴᠢ ᠭᠠᠯ ᠲᠡᠭᠷᠢ ᠨᠥᠬᠦᠳ ᠰᠠᠯᠳᠡ ᠳᠤᠷ ᠡᠷᠬᠦᠮᠤ᠃        ᠠᠰᠣᠷᠣ ᠪᠠᠶᠠᠰᠬᠤᠯᠡᠩ ᠢ ᠲᠥᠷᠣᠬᠦᠯᠦᠭᠴᠢ ᠣᠮᠲᠠᠭᠠᠨ ᠤ ᠡᠷᠬᠢᠨ        ᠠᠷᠡᠳ ᠪᠥᠬᠦᠨ ᠤ ᠰᠡᠳᠬᠢᠯ ᠢ ᠪᠣᠯᠢᠶ᠋ᠬᠠᠴᠢ ᠰᠢᠮᠡᠰ ᠤᠨ ᠵᠢᠷᠣᠬᠡᠨ        ᠠᠮᠲᠠᠯᠠᠬᠤᠢ ᠠᠮᠳᠡ ᠭᠢᠬᠡᠳ ᠠᠩᠬᠢᠯᠠᠬᠤᠢ ᠥᠨᠥᠷ ᠤᠨ ᠡᠷᠲᠡᠮ ᠲᠡᠬᠦᠰᠣᠭ᠍ᠰᠡᠨ        ᠠᠷᠢᠬᠢᠨ ᠤ ᠲᠡᠭᠡᠵᠢ ᠥᠬᠡᠬᠦᠨ ᠯᠦᠭᠡ ᠰᠡᠯᠳᠠ ᠪᠠᠷ ᠲᠡᠬᠢᠮᠤᠢ᠃        ᠡᠷᠬᠡ ᠬᠥᠴᠣᠨ ᠬᠤᠲᠡᠯᠡ ᠲᠡᠬᠦᠰᠣᠭ᠍ᠰᠡᠨ ᠭᠠᠯ ᠲᠡᠭᠷᠢ ᠶᠢᠨ ᠴᠢᠭᠤᠯᠭᠠᠨ ᠢᠶᠠᠷ        ᠡᠷᠬᠦᠭᠰᠡᠨ ᠡᠲᠡᠬᠡᠷ ᠳᠠᠬᠢᠯ ᠢ ᠪᠠᠶᠠᠰᠣᠨ ᠵᠣᠭᠤᠡᠨᠯᠠᠭᠠᠳ        ᠡᠷᠢᠵᠤ ᠬᠥᠰᠡᠭᠰᠡᠨ ᠶᠠᠮᠪᠡᠷ ᠬᠡᠷᠡᠭᠲᠡᠨ ᠢ  ᠴᠤ ᠬᠤᠴᠤᠷᠤᠭᠠᠯ ᠦᠬᠡᠢ ᠪᠠᠷ        ᠡᠨᠡᠷᠢᠩᠬᠦᠢ ᠰᠡᠳᠬᠢᠯ ᠢᠶᠠᠷ ᠪᠥᠲᠣᠬᠡᠨ ᠬᠠᠶᠢᠷᠠᠯᠡᠨ ᠰᠣᠶᠣᠷᠬ᠎ᠠ  ︾        ︵3︶  ᠳᠠᠯᠠᠯᠭ᠎ᠠ   ᠶᠢᠨ ᠰᠤᠳᠤᠷ        ︽ᠬᠠᠷ᠎ᠠ ᠴᠢᠯᠠᠭᠤᠨ ᠡᠬᠡᠲᠣ        ᠬᠠᠲᠡᠨ ᠲᠡᠮᠤᠷ ᠴᠢᠬᠡᠲᠣ        ᠬᠠᠨ ᠡᠴᠢᠬᠡ ᠶᠢᠨ ᠴᠠᠬᠢᠨᠨᠰᠡᠨ        ᠬᠠᠲᠣᠨ ᠡᠬᠡ ᠶᠢᠨ ᠥᠯᠢᠶᠡᠭᠰᠡᠨ         ᠭᠠᠯ ᠭᠤᠯᠣᠮᠳᠡ᠂ ᠬᠠᠮᠤᠭ ᠠᠮᠢᠲᠡᠨ ᠳᠤ ᠲᠣᠰᠡ ᠪᠣᠯᠲᠣᠭᠠᠢ         ᠬᠤᠷᠣᠢ  ᠬᠤᠷᠣᠢ   ᠬᠤᠷᠣᠢ         ᠠᠯᠲᠡᠲᠣ ᠶᠢ ᠴᠢᠨᠢ ᠡᠮᠣᠰᠬᠡᠵᠤ         ᠠᠮᠲᠡᠲᠣ ᠶᠢ ᠴᠢᠨᠢ ᠡᠷᠬᠦᠨ ᠰᠠᠭᠤᠨᠠᠮ         ᠠᠰᠢᠳᠠ ᠰᠠᠶᠢᠨ ᠵᠢᠷᠭᠠᠯᠡᠩ ᠢ ᠲᠡᠯᠬᠡᠷᠡᠬᠦᠯᠣᠨ  ᠰᠤᠶᠤᠷᠬ᠎ᠠ         ᠬᠤᠷᠣᠢ  ᠬᠤᠷᠣᠢ   ᠬᠤᠷᠣᠢ         ᠠᠮᠢ ᠨᠠᠰᠣᠨ ᠣᠷᠲᠣ ᠪᠣᠯᠬᠤ ᠶᠢᠨ ᠬᠡᠰᠢᠭ ᠪᠠ           ᠠᠲᠣᠭᠤ ᠮᠠᠯ ᠣᠯᠡᠨ ᠪᠣᠯᠬᠤ ᠶᠢᠨ ᠬᠡᠰᠢᠭ ᠭᠢᠭᠡᠳ         ᠠᠮᠣᠷ ᠵᠢᠷᠭᠠᠯᠡᠩ ᠶᠡᠭᠡ ᠪᠣᠯᠬᠤ ᠶᠢᠨ ᠬᠡᠰᠢᠭ ᠯᠦᠭᠡ         ᠠᠯᠢᠪᠡ ᠰᠠᠶᠢᠨ ᠤ ᠬᠡᠰᠢᠭ ᠨᠤᠭᠤᠳ ᠢ ᠢᠷᠡᠬᠦᠯᠣᠨ  ᠰᠤᠶᠤᠷᠬ᠎ᠠ         ᠬᠤᠷᠣᠢ   ᠬᠤᠷᠣᠢ  ᠬᠤᠷᠣᠢ         ᠬᠡᠵᠢᠶᠡᠳᠠ ᠥᠯᠤ ᠡᠪᠲᠡᠷᠡᠬᠦ ᠪᠠᠲᠤ ᠡᠳ᠋ ᠲᠠᠸᠡᠷ ᠤᠨ ᠬᠡᠰᠢᠭ         ᠬᠡᠵᠢᠶᠡᠳᠠ ᠥᠯᠤ ᠡᠴᠡᠬᠦ ᠲᠠᠷᠭᠤᠨ ᠰᠥᠷᠦᠭ ᠮᠠᠯ ᠤᠨ ᠬᠡᠰᠢᠭ         ᠬᠡᠵᠢᠶᠡᠳᠠ ᠥᠯᠤ ᠲᠣᠲᠠᠬᠤ ᠡᠯᠪᠡᠭ ᠢᠲᠡᠬᠡᠨ ᠣᠮᠲᠠᠭᠠᠨ ᠤ ᠬᠡᠰᠢᠭ         ᠬᠡᠲᠣᠢ ᠪᠥᠬᠦ ᠬᠡᠷᠡᠭᠲᠡᠨ ᠤ ᠬᠡᠰᠢᠭ ᠢ ᠲᠡᠬᠦᠰᠬᠡᠨ ᠰᠣᠶᠣᠷᠬ᠎ᠠ         ᠬᠤᠷᠣᠢ   ᠬᠤᠷᠣᠢ   ᠬᠤᠷᠣᠢ           ᠠᠯᠢ ᠵᠦᠭ ᠲᠤ ᠶᠠᠪᠣᠪᠠᠴᠣ ᠰᠠᠨ᠋ᠬᠠᠰᠠᠭᠠᠷ ᠪᠥᠲᠣᠬᠦ ᠵᠡᠮ ᠤᠨ ᠥᠯᠵᠡᠢ         ᠠᠯᠢ ᠣᠷᠣᠨ᠎ᠡ ᠰᠠᠭᠤᠪᠠᠴᠤ ᠬᠥᠰᠡᠭᠰᠡᠬᠡᠷ ᠪᠥᠲᠣᠬᠦ ᠨᠣᠲᠤᠭ ᠤᠨ ᠥᠯᠵᠡᠢ         ᠠᠯᠢ ᠬᠡᠷᠡᠭ ᠢ ᠥᠢᠯᠡᠳᠪᠡᠴᠤ ᠵᠣᠷᠢᠡᠨᠰᠠᠭᠠᠷ ᠪᠥᠲᠣᠬᠦ ᠥᠢᠯᠡᠰ ᠤᠨ ᠥᠯᠵᠡᠢ         ᠠᠯᠢᠪᠡ ᠥᠯᠵᠡᠶᠢᠲᠤ ᠬᠡᠰᠢᠭ ᠨᠤᠭᠤᠳ ᠢ ᠥᠭᠬᠦᠨ ᠰᠣᠶᠣᠷᠬ᠎ᠠ         ᠬᠤᠷᠣᠢ   ᠬᠤᠷᠣᠢ   ᠬᠤᠷᠣᠢ         ᠡᠷᠬᠡᠲᠤ ᠪᠤᠡᠨᠳᠠ ᠲᠡᠭᠷᠢ ᠶᠢᠨ  ᠥᠯᠮᠡᠢ ᠪᠠᠲᠣᠳᠬᠠᠭᠠᠳ         ᠡᠷᠲᠠᠨᠢ ᠪᠣᠶᠡᠨ ᠬᠡᠰᠢᠭ ᠠᠷᠪᠡᠨ ᠵᠦᠭ ᠲᠤ ᠲᠡᠯᠬᠡᠷᠡᠵᠤ         ᠡᠬᠡ ᠪᠣᠯᠣᠡᠨᠰᠡᠨ ᠬᠠᠮᠤᠭ ᠠᠮᠢᠲᠡᠨ ᠨᠠᠰᠣᠵᠢᠨ ᠵᠢᠷᠭᠠᠬᠤ ᠶᠢᠨ         ᠡᠷᠬᠢᠨ ᠰᠠᠶᠢᠨ ᠨᠤᠭᠤᠳ ᠥᠨᠢᠳᠡ ᠪᠠᠳᠠᠷᠠᠬᠤ ᠪᠣᠯᠲᠣᠭᠠᠢ         ᠬᠤᠷᠣᠢ  ᠬᠤᠷᠣᠢ  ᠬᠤᠷᠣᠢ︾        4.  ᠮᠤᠷᠳᠠᠭᠤᠯᠭ᠎ᠠ ᠶᠢᠨ ᠰᠤᠳᠤᠷ         ︽ᠡᠷᠬᠡ ᠬᠥᠴᠣᠨ ᠲᠡᠬᠦᠯᠲᠡᠷ ᠭᠠᠯ ᠲᠡᠭᠷᠢ ᠶᠢᠨ ᠴᠢᠭᠤᠯᠭᠠᠨ ᠢᠶᠠᠷ        ᠡᠨᠡᠷᠢᠵᠤ ᠮᠠᠨ ᠤ ᠲᠣᠰᠡ ᠶᠢ ᠪᠥᠲᠣᠬᠡᠭᠰᠡᠨ ᠮᠠᠰᠢ ᠠᠴᠢᠲᠠᠢ ᠪᠣᠯᠪᠠᠢ        ᠡᠲᠣᠬᠡ ᠥᠪᠡᠷ ᠥᠪᠡᠷᠣᠨ ᠣᠷᠣᠨ ᠳᠠᠭᠠᠨ ᠠᠵᠢᠷᠡᠨ ᠵᠠᠯᠠᠷᠠᠭᠠᠳ        ᠡᠬᠦᠷᠢᠳᠠ ᠰᠣᠯᠠᠲᠣᠯ ᠦᠬᠡᠢ ᠨᠢᠬᠦᠯᠡᠰᠬᠦᠢ ᠪᠠᠷ ᠠᠶᠢᠯᠡᠲᠣᠨ ᠰᠣᠶᠣᠷᠬ᠎ᠠ        ᠬᠤᠷᠣᠢ   ᠬᠤᠷᠣᠢ   ᠬᠤᠷᠣᠢ          ᠵᠠ  ᠪᠣᠶᠡᠨ  ᠬᠡᠰᠢᠭ ᠠᠷᠪᠢᠨ ᠢᠷᠡᠪᠡᠣ︖  ᠠᠷᠪᠢᠨ ᠢᠷᠡᠯ᠎ᠡ︾᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号