ᠤᠯᠠᠮᠵᠢᠯᠠᠯᠳᠤ ᠵᠠᠩ ᠦᠢᠯᠡ —  ᠲᠡᠭᠷᠢ ᠲᠠᠬᠢᠬᠤ
ᠨᠡᠶᠢᠲᠡᠯᠡᠭᠰᠡᠨ ᠴᠠᠭ᠄
2023/5/10
  ᠮᠤᠩᠭᠤᠯᠴᠤᠳ ᠤᠨ ᠤᠯᠠᠮᠵᠢᠯᠠᠯᠳᠤ ᠲᠠᠬᠢᠯᠭ᠎ᠠ ᠶᠢᠨ ᠶᠤᠰᠤᠨ ᠳᠤ ᠬᠠᠮᠤᠭ ᠭᠤᠤᠯ  ᠪᠤᠯᠵᠤ ᠪᠠᠶᠢᠭᠰᠠᠨ ᠲᠠᠬᠢᠯᠭ᠎ᠠ  ᠨᠢ ᠲᠠᠷᠤᠢ ᠲᠡᠭᠷᠢ ᠲᠠᠬᠢᠬᠤ ᠶᠤᠰᠤᠨ ᠪᠤᠯᠬᠤ ᠶᠤᠮ᠃  ᠡᠬᠦᠨ ᠤ ᠲᠤᠬᠠᠢ ︽ᠮᠤᠩᠭᠤᠯ —  ᠲᠠᠲ᠋ᠠᠷ ᠤᠨ ᠪᠦᠷᠢᠨ ᠲᠡᠮᠳᠡᠭᠯᠡᠯ︾ ᠳᠤ ᠮᠤᠩᠭᠤᠯᠴᠤᠳ ᠴᠠᠭᠠᠨ ᠰᠠᠷ᠎ᠠ ᠶᠢᠨ ᠰᠢᠨ᠎ᠡ ᠶᠢᠨ ᠨᠢᠬᠡᠨ ᠳᠤ ᠵᠠᠪᠠᠯ ᠲᠡᠭᠷᠢ ᠲᠠᠬᠢᠳᠠᠭ ᠬᠡᠮᠡᠨ ᠲᠡᠮᠳᠡᠭᠯᠡᠵᠦ ᠪᠤᠢ᠃  ᠲᠠᠶᠢᠹᠤᠰᠧ ᠮᠤᠩᠭᠤᠯᠴᠤᠳ ᠤᠨ ᠴᠠᠭᠠᠨ ᠰᠠᠷ᠎ᠠ ᠶᠢᠨ ᠰᠢᠨ᠎ᠡ ᠶᠢᠨ ᠨᠢᠬᠡᠨ ᠳᠤ ᠲᠡᠭᠷᠢ ᠲᠠᠬᠢᠬᠤ ᠵᠠᠩᠰᠢᠯ ᠦᠨᠦ ᠪᠤᠯᠳᠠᠯ᠎ᠠ ᠤᠯᠠᠮᠵᠢᠯᠠᠭᠳᠠᠭᠰᠠᠭᠠᠷ ᠪᠢᠯᠡ᠃       ᠰᠢᠨ᠎ᠡ ᠶᠢᠨ ᠨᠢᠭᠡᠨ ᠤ ᠲᠡᠭᠷᠢ ᠳᠤ ᠮᠦᠷᠬᠦᠬᠦ ᠶᠡᠨᠳᠡᠷ ᠢ ᠪᠢᠳᠡᠬᠦᠨ ᠤ ᠡᠳᠦᠷ ᠪᠡᠯᠡᠳᠭᠡᠨ᠎ᠡ᠃  ᠲᠤᠬᠠᠶᠢᠯᠠᠪᠠᠯ ᠭᠡᠷ ᠠᠴᠠ ᠡᠮᠦᠨ᠎ᠡ ᠵᠦᠭ ᠲᠤ ᠬᠦᠷ ᠴᠠᠰᠤ ᠶᠢ ᠲᠤᠭᠤᠷᠢᠭᠯᠠᠨ ᠡᠰᠬᠡᠵᠦ᠂ ᠲᠤᠤᠷ᠎ᠠ ᠠᠴᠠ ᠲᠡᠭᠡᠭᠰᠢ ᠪᠠᠨ ᠶᠢᠰᠦᠨ ᠲᠠᠪᠬᠤᠷ ᠰᠤᠪᠤᠷᠭᠠᠯᠠᠨ ᠪᠤᠰᠬᠠᠭᠠᠳ᠂  ᠵᠠᠭᠤ ᠨᠠᠢᠮᠠᠨ ᠰᠢᠷᠭᠡᠭ ᠲᠡᠷᠡᠰᠦᠨ ᠳᠤ ᠬᠦᠪᠦᠩ ᠢᠶᠠᠷ ᠪᠠᠮᠪᠠᠷ ᠤᠷᠢᠶᠠᠨ᠂ ᠲᠡᠭᠡᠷ᠎ᠡ ᠨᠢ ᠰᠢᠷ᠎ᠠ ᠲᠤᠰᠤ ᠴᠢᠳᠬᠤᠨ ᠴᠠᠷᠴᠠᠭᠠᠵᠤ᠂  ᠡᠬᠦᠨ ᠢᠶᠠᠨ ᠲᠡᠭᠷᠢ ᠶᠢᠨ ᠵᠤᠯᠠ ᠬᠡᠮᠡᠨ ᠶᠡᠨᠳᠡᠷ ᠲᠡᠭᠡᠷ᠎ᠡ ᠪᠠᠨ ᠬᠠᠳᠬᠤᠬᠤ ᠪᠠᠷ ᠪᠡᠯᠡᠳᠭᠡᠵᠦ ᠲᠠᠯᠪᠢᠨ᠎ᠠ᠃   ᠴᠠᠭᠠᠨ ᠰᠠᠷ᠎ᠠ ᠶᠢᠨ ᠪᠠᠩᠰᠢ ᠪᠤᠤᠰᠠ ᠪᠠᠨ ᠪᠠᠷᠢᠬᠤ ᠦᠶᠡᠰ ᠪᠠᠰᠠ ᠲᠡᠭᠷᠢ   ᠳᠤ ᠡᠷᠬᠦᠬᠦ ᠪᠠᠩᠰᠢ ᠬᠡᠮᠡᠨ ᠱᠦᠯᠦᠨ ᠤ ᠪᠠᠩᠰᠢ ᠠᠴᠠ ᠤᠨᠳᠤᠤ ᠭᠤᠷᠪᠠᠯᠵᠢᠨ ᠬᠡᠯᠪᠡᠷᠢ ᠲᠠᠢ ᠪᠠᠩᠰᠢ ᠭᠤᠷᠪᠠ  ᠶᠢ ᠪᠠᠷᠢᠵᠤ ᠬᠦᠯᠳᠡᠭᠡᠳᠡᠭ᠃      ᠰᠢᠨ᠎ᠡ ᠶᠢᠨ ᠨᠢᠬᠡᠨ ᠤ ᠦᠷ ᠢᠶᠠᠷ  ᠂ ᠨᠢᠭᠤᠷ ᠭᠠᠷ ᠢᠶᠠᠨ ᠤᠬᠢᠶᠠᠵᠤ ᠠᠷᠴᠢᠭᠠᠳ᠂  ᠰᠢᠨ᠎ᠡ ᠲᠡᠪᠡᠯ ᠬᠤᠪᠴᠠᠰᠤ ᠪᠠᠨ  ᠡᠮᠦᠰᠦᠭᠰᠡᠨ ᠤ ᠲᠠᠷᠠᠭ᠎ᠠ ᠵᠤᠯᠠ ᠡᠷᠬᠦᠵᠦ ᠲᠡᠭᠷᠢ ᠳᠤ ᠮᠦᠷᠬᠦᠨ᠎ᠡ᠃ ᠲᠡᠭᠷᠢ ᠳᠤ ᠮᠦᠷᠬᠦᠬᠦ ᠳᠡᠭᠡᠨ ᠶᠡᠨᠳᠡᠷ ᠤᠨ ᠡᠮᠦᠨ᠎ᠡ  ᠤᠯᠪᠤᠭ ᠭᠡᠪᠢᠰ ᠪᠤᠶᠤ ᠢᠰᠡᠭᠡᠢ ᠲᠡᠪᠢᠰᠴᠦ ᠰᠢᠷᠡᠭᠡ ᠲᠠᠯᠪᠢᠭᠠᠳ᠂ ᠲᠡᠭᠡᠷ᠎ᠡ ᠨᠢ ᠲᠠᠬᠢᠯᠭ᠎ᠠ ᠲᠠᠪᠠᠭ   ᠢᠶᠠᠨ ᠦᠷᠦᠵᠦ᠂ ᠪᠢᠳᠡᠬᠦᠨ ᠤ ᠡᠳᠦᠷ ᠪᠡᠯᠡᠳᠭᠡᠭᠰᠡᠨ ᠵᠤᠯᠠ ᠬᠦᠵᠢ   ᠪᠠᠨ ᠶᠡᠨᠳᠡᠷ ᠲᠡᠭᠡᠷ᠎ᠡ ᠬᠠᠳᠬᠤᠵᠤ ᠠᠰᠠᠭᠠᠭᠠᠳ᠂ ᠡᠷᠬᠦᠴᠡ ᠰᠠᠴᠤᠯᠢ ᠪᠠᠨ ᠡᠷᠬᠦᠭᠰᠡᠨ ᠤ ᠲᠠᠷᠠᠭ᠎ᠠ  ᠂  ᠭᠡᠷ ᠤᠨ ᠡᠵᠡᠨ ᠭᠤᠤᠯᠯᠠᠨ ᠪᠦᠬᠦᠳᠡᠭᠡᠷ ᠰᠦᠬᠦᠳᠴᠦ ᠭᠤᠷᠪᠠᠨ ᠭᠤᠷᠪᠠ ᠶᠢᠰᠦ ᠮᠦᠷᠬᠦᠭᠡᠳ᠂ ᠲᠠᠬᠢᠯᠭ᠎ᠠ ᠶᠢᠨ ᠵᠦᠢᠯ᠂ ᠢᠳᠡᠭᠡᠨ ᠤ ᠲᠡᠭᠡᠵᠢ᠂ ᠠᠷᠢᠬᠢ ᠰᠠᠴᠤᠯᠢ ᠪᠠᠨ ᠵᠦᠭ ᠵᠦᠭ ᠲᠤ ᠡᠷᠬᠦᠵᠦ᠂ ᠫᠤᠤᠵᠢᠩ ᠲᠠᠯᠪᠢᠵᠤ ᠪᠠᠶᠠᠰᠤᠯᠴᠠᠨ᠎ᠠ᠃ ᠲᠠᠷᠠᠭ᠎ᠠ ᠨᠢ ᠭᠡᠷ ᠤᠨ ᠡᠵᠡᠨ ᠬᠡᠶᠢᠮᠦᠷᠢ ᠪᠠᠨ ᠬᠡᠶᠢᠰᠭᠡᠨ᠎ᠡ᠃  ᠬᠡᠶᠢᠮᠦᠷᠢ ᠶᠢ ᠮᠠᠮᠠ ᠬᠦᠮᠦᠨ ᠢᠶᠠᠷ ᠠᠳᠢᠰᠯᠠᠭᠤᠯᠵᠤ ᠠᠮᠢᠯᠠᠭᠤᠯᠳᠠᠭ᠃ ᠬᠡᠶᠢᠮᠦᠷᠢ  ᠶᠢᠨ ᠴᠢᠭᠠᠩ ᠬᠡᠵᠦ ᠭᠡᠷ ᠤᠨ ᠪᠠᠷᠠᠭᠤᠨ ᠡᠮᠦᠨ᠎ᠡ ᠪᠠᠨ ᠦᠨᠳᠦᠷ ᠮᠤᠳᠤ ᠪᠤᠰᠬᠠᠭᠰᠠᠨ ᠪᠠᠶᠢᠳᠠᠭ᠃  ᠬᠡᠶᠢᠮᠦᠷᠢ ᠭᠡᠳᠡᠭ ᠪᠤᠯ ᠭᠤᠤᠯ ᠳᠠᠭᠠᠨ ᠵᠢᠬᠦᠷ ᠲᠠᠢ ᠮᠤᠷᠢ᠂ ᠲᠦᠷᠪᠡᠨ ᠦᠨᠴᠦᠭ ᠲᠤᠨᠢ ᠯᠤᠤ᠂ ᠭᠠᠷᠤᠢ᠂ ᠪᠠᠷᠰ᠂ ᠠᠷᠰᠯᠠᠨ ᠲᠦᠷᠪᠡᠨ ᠬᠦᠴᠦᠳᠡᠨ  ᠵᠢᠷᠤᠵᠤ᠂  ᠵᠠᠪᠰᠠᠷ ᠲᠤᠨᠢ ᠲᠦᠪᠡᠳ ᠨᠤᠮ ᠤᠨ ᠯᠠᠨᠽᠠ ᠦᠰᠦᠭ ᠲᠠᠢ ᠲᠠᠷᠨᠢ ᠪᠢᠴᠢᠭᠰᠡᠨ ᠠᠮᠠ ᠲᠦᠷᠪᠡᠯᠵᠢᠨ ᠪᠦᠰ ᠢ ᠬᠦᠪᠡᠭᠡᠯᠡᠵᠦ᠂ ᠭᠤᠷᠪᠠᠨ ᠬᠡᠯᠡ ᠪᠠᠷᠢᠵᠤ ᠤᠶᠤᠭᠰᠠᠨ ᠡᠯᠬᠦᠵᠦ ᠮᠠᠨᠳᠤᠭᠤᠯᠬᠤ ᠭᠡᠷᠡᠭᠰᠡᠯ ᠪᠤᠯᠤᠨ᠎ᠠ᠃ ᠬᠡᠯᠪᠡᠷᠢ ᠲᠦᠷᠰᠦ ᠨᠢ ᠦᠨᠳᠦᠰᠦᠨ ᠳᠡᠭᠡᠨ ᠠᠳᠠᠯᠢ᠂ ᠦᠩᠬᠡ ᠨᠢ ᠠᠳᠠᠯᠢ ᠦᠬᠡᠢ ᠪᠠᠶᠢᠳᠠᠭ᠃ ᠬᠤᠯᠤᠭᠠᠨ᠎ᠠ᠂ ᠯᠤᠤ᠂ ᠪᠡᠴᠢ ᠵᠢᠯᠳᠡᠨ ᠤ ᠭᠡᠶᠢᠮᠦᠷᠢ ᠨᠢ ᠬᠦᠬᠡ  ᠲᠡᠪᠢᠰᠭᠡᠷ᠂ ᠰᠢᠷ᠎ᠠ ᠬᠦᠪᠡᠭᠡ᠂ ᠴᠠᠭᠠᠨ ᠬᠡᠯᠡ ᠲᠠᠢ  ᠃ ᠪᠠᠷᠰ᠂ ᠮᠤᠷᠢ᠂ ᠨᠤᠬᠠᠢ ᠵᠢᠯᠳᠡᠨ ᠤ ᠭᠡᠶᠢᠮᠦᠷᠢ ᠨᠢ  ᠰᠢᠷ᠎ᠠ ᠲᠡᠪᠢᠰᠭᠡᠷ᠂  ᠨᠤᠭᠤᠭᠠᠨ ᠬᠦᠪᠡᠭᠡ᠂  ᠤᠯᠠᠭᠠᠨ ᠬᠡᠯᠡ  ᠲᠠᠢ  ᠃  ᠲᠠᠬᠢᠶ᠎ᠠ᠂ ᠦᠬᠡᠷ᠂ ᠮᠤᠭᠠᠢ ᠵᠢᠯᠳᠡᠨ ᠤ ᠭᠡᠶᠢᠮᠦᠷᠢ ᠨᠢ  ᠴᠠᠭᠠᠨ ᠲᠡᠪᠢᠰᠭᠡᠷ᠂  ᠤᠯᠠᠭᠠᠨ ᠬᠦᠪᠡᠭᠡ᠂  ᠰᠢᠷ᠎ᠠ ᠬᠡᠯᠡ ᠲᠠᠢ  ᠃  ᠲᠠᠤᠯᠠᠢ᠂ ᠬᠤᠨᠢ᠂ ᠭᠠᠭ᠋ᠠᠢ ᠵᠢᠯᠳᠡᠨ ᠤ ᠭᠡᠶᠢᠮᠦᠷᠢ ᠨᠢ  ᠨᠤᠭᠤᠭᠠᠨ ᠲᠡᠪᠢᠰᠭᠡᠷ᠂  ᠴᠠᠭᠠᠨ ᠬᠦᠪᠡᠭᠡ᠂  ᠬᠦᠭᠡ ᠬᠡᠯᠡ ᠲᠠᠢ ᠪᠠᠶᠢᠳᠠᠭ  ᠃  ᠵᠦᠭᠡᠷ ᠴᠠᠭᠠᠨ ᠪᠦᠰ ᠲᠡᠭᠡᠷ᠎ᠡ ᠭᠡᠪᠯᠡᠭᠰᠡᠨ ᠬᠡᠶᠢᠮᠦᠷᠢ ᠶᠢ ᠡᠰᠢ ᠪᠠᠷ  ᠨᠢ ᠭᠡᠷ ᠤᠨ ᠪᠠᠷᠠᠭᠤᠨ ᠬᠤᠶᠢᠳᠤ ᠪᠦᠰᠡᠯᠡᠬᠦᠷ ᠲᠤ ᠬᠠᠪᠴᠢᠭᠤᠯᠤᠭᠰᠠᠨ ᠴᠤ ᠪᠠᠶᠢᠳᠠᠭ᠃  ᠬᠦᠮᠦᠨ ᠪᠦᠷᠢ ᠶᠢᠨ ᠯᠦᠩᠳᠡ ᠪᠠᠭᠤᠬᠤ ︵ᠬᠡᠶᠢᠮᠦᠷᠢ ᠪᠠᠭᠤᠬᠤ︶  ᠡᠳᠦᠷ ᠠᠳᠠᠯᠢ ᠦᠬᠡᠢ ᠪᠦᠬᠡᠳ ᠲᠡᠷᠡ   ᠨᠢ ᠲᠤᠰ ᠬᠦᠮᠦᠨ ᠤ ᠵᠢᠯ᠂ ᠮᠠᠬᠠᠪᠤᠳ᠂ ᠮᠡᠩᠬᠡ᠂ ᠰᠠᠭᠤᠳᠠᠯ ᠵᠡᠷᠭᠡ ᠪᠠᠷ ᠲᠤᠭᠳᠠᠭᠠᠭᠳᠠᠨ᠎ᠠ᠃  ᠯᠦᠩᠳᠡ ᠡᠳᠦᠷ ᠬᠡᠶᠢᠮᠦᠷᠢ ᠪᠠᠨ ᠲᠠᠬᠢᠬᠤ ᠪᠠ ᠵᠢᠯ ᠲᠤᠵᠢ ᠭᠡᠶᠢᠰᠭᠡᠬᠦ ᠴᠤ ᠪᠤᠢ᠃ ᠬᠡᠶᠢᠮᠦᠷᠢ ᠪᠠᠨ ᠲᠠᠬᠢᠬᠤ ᠳᠤ ᠬᠡᠶᠢᠮᠦᠷᠢ ᠶᠢᠨ ᠰᠠᠩ ᠲᠠᠯᠪᠢᠭᠤᠯᠤᠨ᠎ᠠ᠃ ᠴᠠᠭᠠᠨ ᠰᠠᠷ᠎ᠠ ᠳᠠᠭᠠᠨ ᠪᠤᠯ ᠡᠷᠭᠡᠪᠰᠢ ᠰᠢᠨᠡᠳᠭᠡᠨ ᠰᠡᠷᠬᠦᠬᠡᠵᠦ ᠬᠡᠶᠢᠰᠭᠡᠳᠡᠭ᠃  
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号