ᠤᠯᠠᠮᠵᠢᠯᠠᠯᠳᠤ ᠵᠠᠩ ᠦᠢᠯᠡ — ᠤᠷᠤᠰᠢᠭᠤᠯᠭ᠎ᠠ  ᠶᠢᠨ ᠶᠤᠰᠤᠨ
ᠨᠡᠶᠢᠲᠡᠯᠡᠭᠰᠡᠨ ᠴᠠᠭ᠄
2023/2/8
   ᠮᠤᠩᠭᠤᠯᠴᠤᠳ ᠡᠷᠳᠡ ᠤᠷᠢᠳᠤ ᠠᠴᠠ ᠠᠪᠤᠭᠠᠳ ᠬᠦᠮᠦᠨ ᠦᠬᠦᠬᠦ  ᠶᠢ ᠶᠡᠷᠦ  ᠠᠴᠠ ᠦᠬᠦᠯ᠎ᠡ ᠬᠡᠵᠦ ᠬᠡᠯᠡᠳᠡᠭ ᠦᠬᠡᠢ᠂ ᠬᠠᠷᠢᠨ ᠨᠠᠰᠤ ᠪᠤᠯᠵᠠᠢ᠂ ᠮᠤᠷᠢᠯᠠᠵᠠᠢ᠂ ᠦᠭᠡᠳᠡ ᠪᠤᠯᠵᠠᠢ᠂ ᠪᠤᠷᠬᠠᠨ ᠪᠤᠯᠵᠠᠢ᠂ ᠦᠨᠡᠨ ᠤ ᠭᠠᠵᠠᠷ ᠬᠦᠷᠴᠡᠢ  ᠬᠡᠬᠦ ᠪᠤᠶᠤ ᠶᠡᠬᠡᠰ ᠯᠠᠮᠨ ᠨᠠᠷ  ᠢ ᠪᠤᠯ ᠲᠡᠭᠷᠢ  ᠳᠤ ᠬᠠᠯᠢᠯ᠎ᠠ᠂ ᠲᠠᠭᠠᠯᠠᠯ ᠲᠡᠭᠦᠰᠦᠯ᠎ᠡ ᠬᠡᠬᠦ ᠮᠡᠳᠦ  ᠪᠠᠷ ᠬᠦᠨᠳᠦᠯᠡᠨ ᠴᠡᠭᠡᠷᠯᠡᠵᠦ ᠬᠡᠯᠡᠳᠡᠭ ᠪᠠᠶᠢᠨ᠎ᠠ᠃  ᠬᠡᠦᠬᠡᠳ ᠢ ᠪᠤᠯ ᠠᠯᠳᠠᠴᠢᠬᠠᠯ᠎ᠠ᠂ ᠭᠡᠭᠡᠭᠳᠡᠴᠢᠬᠡᠯ᠎ᠡ᠂ ᠬᠤᠴᠤᠷᠴᠢᠬᠠᠯ᠎ᠠ ᠬᠡᠬᠦ ᠮᠡᠳᠦ  ᠪᠠᠷ  ᠬᠡᠯᠡᠬᠦ ᠪᠠ ᠵᠤᠯ ᠪᠤᠰᠤ ᠪᠠᠷ ᠬᠠᠯᠢᠭᠰᠠᠳ ᠢ  ᠪᠤᠯ ᠪᠦᠷᠢᠯᠦᠭᠡᠴᠢ᠂ ᠲᠠᠯᠢᠢᠭᠴᠢ᠂ ᠵᠢᠯᠡᠢᠭᠴᠢ ᠬᠡᠮᠡᠨ ᠴᠡᠭᠡᠷᠯᠡᠨ ᠨᠡᠷᠡᠯᠡᠨ᠎ᠡ᠃      ᠤᠷᠢᠳᠤ ᠳᠠᠭᠠᠨ ᠲᠠᠶᠢᠹᠤᠰᠧ ᠤᠨ ᠨᠤᠳᠤᠭ ᠲᠡᠪᠢᠰᠭᠡᠷ ᠦᠷᠭᠡᠨ ᠠᠭᠤᠳᠠᠮ᠂ ᠠᠳᠡ ᠲᠡᠨᠳᠡ ᠲᠠᠷᠬᠠᠨ ᠨᠤᠳᠤᠭᠯᠠᠵᠤ ᠪᠠᠶᠢᠭᠰᠠᠨ ᠪᠤᠯᠬᠤᠷ ᠭᠡᠭᠡᠷ᠎ᠡ ᠬᠦᠨᠳᠡᠢ᠂ ᠠᠳᠠᠷ ᠴᠦᠯ᠂ ᠬᠦᠮᠦᠨ ᠮᠠᠯ ᠤᠨ ᠬᠦᠯ ᠬᠦᠷᠬᠦ ᠦᠬᠡᠢ ᠪᠤᠶᠢᠳᠠ ᠭᠠᠵᠠᠷ   ᠲᠤ ᠨᠦᠭᠴᠢᠭᠰᠡᠳ ᠢᠶᠠᠨ ᠤᠷᠤᠰᠢᠭᠤᠯᠳᠠᠭ ᠪᠠᠶᠢᠵᠠᠢ᠃ ᠡᠨᠡ  ᠭᠠᠵᠠᠷ ᠢ ᠰᠤᠩᠭᠤᠬᠤ ᠳᠠᠭᠠᠨ ᠦᠵᠡᠭᠡᠴᠢ ᠲᠦᠯᠭᠡᠴᠢ ᠪᠠᠷ ᠦᠵᠡᠬᠦᠯᠵᠦ᠂ ᠤᠷᠤᠰᠢᠭᠤᠯᠬᠤ ᠳᠤ ᠲᠤᠬᠢᠷᠠᠮᠵᠢᠳᠠᠢ ᠭᠡᠰᠡᠨ ᠭᠠᠵᠠᠷ ᠢ ᠰᠤᠩᠭᠤᠳᠠᠭ ᠪᠠᠶᠢᠨ᠎ᠠ᠃ ᠢᠩᠬᠢᠭᠡᠳ  ᠨᠦᠭᠴᠢᠭᠴᠢ ᠶᠢᠨ  ᠴᠢᠨᠳᠠᠷ ᠢ ᠲᠡᠷᠡ ᠭᠠᠵᠠᠷ ᠨᠢ ᠠᠪᠠᠴᠢᠵᠤ  ᠬᠦᠳᠡᠭᠡᠯᠡᠨ ᠲᠠᠯᠪᠢᠳᠠᠭ᠃  ᠤᠷᠢᠳᠤ ᠳᠠᠭᠠᠨ ᠲᠠᠶᠢᠹᠤᠰᠧ ᠨᠤᠳᠤᠭ ᠤᠨ ᠬᠤᠶᠢᠳᠤ ᠵᠠᠬ᠎ᠠ ᠳᠠᠬᠢ  ᠲᠠᠷᠢᠶᠠᠯᠠᠩ᠂ ᠲᠠᠷᠢᠶᠠᠨ ᠲᠤᠯᠤᠭᠠᠢ᠂ ᠲᠡᠷᠭᠡᠳᠦ  ᠶᠢᠨ ᠬᠦᠨᠳᠡᠢ᠂ ᠴᠠᠭᠠᠨ ᠡᠪᠡᠰᠦᠳᠡᠢ᠂ ᠡᠮᠦᠨ᠎ᠡ ᠵᠠᠬ᠎ᠠ ᠳᠠᠬᠢ ᠴᠤᠭ ᠦᠨᠳᠦᠷ᠂ ᠠᠮᠤᠷᠯᠢᠩᠭᠤᠢ᠂ ᠬᠦᠬᠡ ᠪᠤᠬ᠎ᠠ ᠶᠢᠨ ᠱᠤᠷᠤᠩ᠂ ᠴᠢᠪᠠᠭᠠᠨᠴᠠ᠂ ᠬᠠᠪᠳᠠᠭᠠᠢ ᠵᠡᠷᠭᠡ ᠭᠠᠵᠠᠷ  ᠪᠤᠯ ᠶᠡᠷᠦᠳᠡ ᠶᠢᠨ ᠬᠦᠮᠦᠰ ᠢ ᠤᠷᠤᠰᠢᠭᠤᠯᠳᠠᠭ ᠤᠷᠤᠰᠢᠭᠤᠯᠭ᠎ᠠ ᠶᠢᠨ ᠭᠠᠵᠠᠷ ᠪᠠᠶᠢᠪᠠ᠃ ᠰᠡᠬᠦᠯᠡᠷ ᠨᠢ ᠠᠳᠠᠷ ᠬᠠᠭᠠᠯᠪᠤᠷᠢᠯᠠᠵᠤ ᠭᠠᠵᠠᠷ ᠨᠤᠳᠤᠭ ᠢᠪᠴᠤᠤᠷᠠᠨ᠂ ᠬᠦᠨᠳᠡᠢ ᠴᠦᠯ ᠭᠠᠵᠠᠷ ᠬᠤᠪᠤᠷᠳᠠᠭᠰᠠᠨ ᠠᠴᠠ ᠬᠦᠳᠡᠭᠡᠯᠡᠨ ᠲᠠᠯᠪᠢᠬᠤ ᠪᠠᠨ ᠪᠤᠯᠢᠵᠤ᠂ ᠪᠤᠮᠪᠠ ᠪᠠᠷᠢᠵᠤ ᠬᠠᠶᠢᠯᠠᠭᠤᠯᠤᠨ ᠤᠷᠤᠰᠢᠭᠤᠯᠬᠤ  ᠪᠤᠯᠵᠠᠢ᠃ ᠠᠮᠪᠠᠰ ᠨᠤᠶᠠᠳ ᠪᠤᠯ ᠦᠪᠡᠷᠰᠡᠳ ᠤᠨ ᠲᠤᠭᠳᠠᠭᠰᠠᠨ ᠤᠷᠤᠰᠢᠭᠤᠯᠭ᠎ᠠ  ᠶᠢᠨ ᠭᠠᠵᠠᠷ ᠲᠠᠢ᠃ ᠲᠡᠷᠡ  ᠭᠠᠵᠠᠷ ᠲᠠᠭᠠᠨ ᠤᠷᠤᠰᠢᠭᠤᠯᠬᠤ ᠠᠴᠠ ᠪᠢᠰᠢ᠂  ᠪᠤᠰᠤᠳ ᠭᠠᠵᠠᠷ ᠢ ᠭᠡᠷᠡᠭᠯᠡᠳᠡᠭ ᠦᠬᠡᠢ ᠪᠠᠶᠢᠪᠠ᠃    ᠬᠦᠮᠦᠨ ᠨᠠᠰᠤ ᠨᠦᠭᠴᠢᠬᠦ ᠲᠦᠬᠦᠪᠡᠯ ᠤᠶᠢᠷ᠎ᠠ ᠬᠠᠪᠢ ᠶᠢᠨ ᠯᠠᠮᠠ ᠪᠤᠶᠤ ᠬᠤᠶᠢᠳᠤᠬᠢ   ᠶᠢ ᠨᠢ ᠲᠠᠭᠠᠭᠠᠬᠤ ᠯᠠᠮᠠ  ᠶᠢ ᠵᠠᠯᠠᠵᠤ  ᠢᠷᠡᠭᠡᠳ ᠠᠮᠢᠰᠬᠤᠯ ᠬᠤᠷᠢᠶᠠᠬᠤ ᠦᠶ᠎ᠡ   ᠳᠤ ᠲᠤᠯᠤᠭᠠᠢ ᠲᠡᠭᠡᠷ᠎ᠡ ᠨᠢ ᠬᠤᠩᠬᠤ ᠲᠡᠯᠡᠰᠴᠦ᠂ ᠰᠠᠩᠵᠢᠳᠮᠤᠩᠯᠤᠮ ᠪᠤᠶᠤ ᠲᠠᠷᠪᠠᠴᠢᠩᠪᠤ ᠤᠩᠰᠢᠭᠤᠯᠤᠨ᠎ᠠ᠃ ᠡᠬᠦᠨ ᠢ ᠬᠤᠩᠬᠤᠨ ᠲᠠᠭᠤᠨ ᠲᠠᠢ ᠶᠠᠪᠤᠨ᠎ᠠ ᠬᠡᠬᠦ ᠪᠦᠬᠡᠳ ᠡᠨᠡ  ᠬᠦᠮᠦᠨ ᠢ ᠨᠦᠬᠦᠬᠡ ᠶᠢᠷᠳᠢᠨᠴᠦ ᠳᠤ ᠤᠴᠢᠯ᠎ᠠ ᠭᠡᠰᠡᠨ ᠢ ᠮᠡᠳᠡᠭᠡᠯᠡᠵᠦ ᠪᠠᠶᠢᠭ᠎ᠠ ᠭᠡᠳᠡᠭ᠃ ᠲᠠᠷᠪᠠᠴᠢᠩᠪᠤ ᠤᠩᠰᠢᠪᠠᠯ ᠲᠠᠮᠤ ᠶᠢᠨ ᠤᠷᠤᠨ ᠳᠤ ᠤᠷᠤᠬᠤ ᠦᠬᠡᠢ ᠭᠡᠰᠡᠨ ᠦᠬᠡ ᠪᠠᠶᠢᠳᠠᠭ᠃ ᠲᠡᠭᠡᠭᠡᠳ ᠨᠢᠳᠦ ᠶᠢ  ᠨᠢ ᠠᠨᠢᠭᠤᠯᠵᠤ᠂ ᠠᠮᠠᠨ ᠳᠤᠨᠢ ᠰᠢᠷ᠎ᠠ ᠲᠤᠰᠤ ᠡᠮᠬᠦᠬᠦᠯᠦᠨ᠂ ᠲᠡᠭᠡᠭᠰᠢ ᠬᠠᠷᠠᠵᠤ ᠠᠮᠤᠷᠯᠢᠩᠭᠤᠢ ᠨᠤᠶᠢᠷᠰᠤᠵᠤ ᠪᠠᠶᠢᠭ᠎ᠠ ᠮᠡᠳᠦ ᠲᠡᠭᠰᠢᠯᠡᠵᠦ ᠬᠡᠪᠳᠡᠬᠦᠯᠦᠭᠡᠳ᠂ ᠨᠢᠭᠤᠷ ᠲᠡᠭᠡᠷ᠎ᠡ ᠨᠢ ᠬᠠᠳᠠᠭ ᠪᠤᠶᠤ ᠴᠠᠭᠠᠨ ᠠᠯᠴᠢᠭᠤᠷ ᠪᠦᠳᠡᠭᠡᠵᠦ᠂ ᠲᠤᠯᠤᠭᠠᠢ   ᠶᠢᠨ ᠲᠡᠷᠭᠡᠳᠡ ᠵᠤᠯᠠ ᠠᠰᠠᠭᠠᠨ᠂ ᠡᠷᠦᠬᠡ ᠪᠠᠨ ᠬᠤᠰᠢᠭᠤᠯᠳᠠᠵᠤ ᠲᠠᠳᠠᠭᠠᠳ ᠤᠭᠤᠰᠤᠷ ᠢ ᠰᠤᠯᠠ  ᠲᠠᠯᠪᠢᠨ᠎ᠠ᠃ ᠢᠩᠬᠢᠪᠡᠯ ᠭᠠᠳᠠᠨ᠎ᠠ ᠶᠢᠨ ᠬᠦᠮᠦᠰ ᠡᠨᠡ ᠠᠶᠢᠯ ᠳᠤ ᠭᠠᠰᠢᠭᠤᠳᠠᠯ ᠪᠤᠯᠵᠤ ᠪᠠᠶᠢᠭ᠎ᠠ ᠭᠡᠳᠡᠭ ᠢ ᠮᠡᠳᠡᠨ᠎ᠠ᠃ ᠲᠡᠭᠡᠭᠡᠳ ᠬᠤᠶᠢᠳᠤᠬᠢ ᠶᠢ ᠲᠠᠭᠠᠭᠠᠭᠰᠠᠨ ᠯᠠᠮᠠ  ᠪᠤᠶᠤ ᠭᠡᠭᠡᠨ ᠱᠠᠪᠷᠤᠩ ᠢᠶᠠᠷ ᠡᠳᠦᠷ ᠦᠵᠡᠬᠦᠯᠵᠦ ᠭᠠᠷᠭᠠᠬᠤ ᠴᠠᠭ  ᠢ ᠲᠤᠭᠳᠠᠭᠠᠨ᠎ᠠ᠃ ᠵᠠᠷᠢᠮ ᠨᠠᠰᠤᠳᠠᠳ ᠨᠠᠰᠤ ᠪᠤᠯᠬᠤ ᠠᠴᠠ ᠪᠠᠨ ᠡᠮᠦᠨ᠎ᠡ ᠲᠠᠭᠠᠭᠠᠬᠤ ᠯᠠᠮᠠ   ᠪᠠᠨ ᠵᠠᠯᠠᠭᠠᠳ᠂  ᠤᠷᠤᠰᠢᠭᠤᠯᠬᠤ ᠭᠠᠵᠠᠷ ᠢᠶᠠᠨ ᠬᠦᠷᠳᠡᠯ᠎ᠡ ᠲᠤᠭᠳᠠᠭᠰᠠᠨ ᠴᠤ ᠪᠠᠶᠢᠳᠠᠭ᠃       ᠬᠦᠮᠦᠨ  ᠨᠦᠭᠴᠢᠭᠡᠳ 12 —24 ᠴᠠᠭ  ᠦᠩᠭᠡᠷᠡᠭᠰᠡᠨ ᠤ ᠲᠠᠷᠠᠭ᠎ᠠ ᠴᠢᠨᠳᠠᠷ ᠢ ᠬᠦᠨᠳᠡᠵᠦ ᠬᠤᠪᠴᠠᠰᠤᠯᠠᠨ᠎ᠠ᠃ ᠬᠤᠪᠴᠠᠰᠤᠯᠠᠬᠤ ᠳᠤ ᠢᠪᠡᠬᠡᠯ ᠬᠦᠮᠦᠰ ᠤᠷᠤᠯᠴᠠᠵᠤ ᠬᠦᠢᠴᠡᠳᠭᠡᠨ᠎ᠠ᠃  ᠨᠦᠭᠴᠢᠭᠰᠡᠨ ᠬᠦᠮᠦᠨ ᠤ ᠬᠤᠪᠴᠠᠰᠤ ᠶᠢ  ᠲᠠᠶᠢᠯᠤᠨ ᠠᠪᠴᠤ᠂  ᠪᠡᠶ᠎ᠡ   ᠶᠢ ᠴᠠᠭᠠᠨ ᠪᠦᠰ ᠢᠶᠠᠷ ᠤᠷᠢᠶᠠᠬᠤ ᠪᠤᠶᠤ  ᠴᠠᠭᠠᠨ ᠲᠠᠭᠠᠷᠴᠤᠭ ᠲᠤ ᠬᠢᠵᠦ᠂  ᠮᠤᠳᠤᠨ ᠵᠢᠶᠠᠰᠠ ︵ᠲᠠᠮᠨᠠᠭᠤᠷ︶ ᠲᠡᠭᠡᠷ᠎ᠡ ᠲᠠᠯᠪᠢᠳᠠᠭ᠃ ᠨᠢᠴᠦᠬᠦᠨ ᠢᠶᠠᠷ ᠬᠤᠪᠴᠠᠰᠤᠯᠠᠳᠠᠭ ᠤᠨ ᠤᠴᠢᠷ ᠨᠢ ᠲᠠᠷᠠᠭ᠎ᠠ ᠲᠦᠷᠦᠯ ᠳᠡᠭᠡᠨ ᠦᠰᠦ ᠲᠠᠢ ᠮᠠᠯ ᠤᠨ ᠲᠦᠷᠦᠯ ᠤᠯᠬᠤ ᠠᠴᠠ ᠴᠡᠭᠡᠷᠯᠡᠵᠦ ᠪᠠᠶᠢᠭ᠎ᠠ  ᠬᠡᠨ᠎ᠡ  ᠃ ᠪᠠᠰᠠ  ︽ ᠡᠨᠡ ᠬᠤᠷᠸ᠎ᠠ ᠳᠤ ᠨᠢᠴᠦᠬᠦᠨ ᠢᠷᠡᠭᠰᠡᠨ ᠪᠤᠯᠬᠤᠷ᠂ ᠶᠠᠪᠤᠬᠤ ᠳᠠᠭᠠᠨ ᠴᠤ ᠨᠢᠴᠦᠬᠦᠨ ᠶᠠᠪᠤᠨ᠎ᠠ︾ ᠭᠡᠳᠡᠭ᠃    ᠴᠢᠨᠳᠠᠷ ᠲᠡᠭᠡᠷ᠎ᠡ ᠴᠠᠭᠠᠨ ᠬᠠᠳᠠᠭ ᠪᠤᠶᠤ ᠡᠷᠢᠬᠡ ᠶᠢᠨ ᠤᠭᠤᠰᠤᠷ ᠲᠠᠮᠤᠵᠤ ᠲᠠᠯᠪᠢᠬᠤ ᠪᠦᠬᠡᠳ ᠡᠮᠦᠨ᠎ᠡ ᠨᠢ ᠪᠤᠤᠪᠤ᠂ ᠰᠢᠬᠢᠷ᠂ ᠵᠢᠮᠢᠰ ᠤᠨ ᠵᠦᠢᠯ ᠢ ᠲᠠᠪᠠᠭᠯᠠᠵᠤ᠂ ᠵᠤᠯᠠ ᠬᠦᠵᠢ ᠠᠰᠠᠭᠠᠨ᠎ᠠ  ᠃ ᠬᠤᠪᠴᠠᠰᠤᠯᠠᠭᠰᠠᠨ ᠠᠴᠠ ᠠᠪᠤᠭᠠᠳ ᠬᠦᠳᠡᠭᠡᠯᠡᠳᠡᠯ᠎ᠡ ᠦᠷ᠎ᠡ ᠭᠡᠦᠬᠡᠳ ᠪᠠ ᠲᠦᠷᠦᠯ ᠰᠠᠳᠤᠨ ᠨᠢ ᠴᠠᠭᠠᠯᠠᠬᠤ ᠶᠤᠰᠤ ᠬᠦᠢᠴᠡᠳᠭᠡᠨ᠎ᠡ᠃  ᠶᠡᠭᠡ  ᠪᠠᠷ ᠴᠠᠭᠠᠯᠠᠬᠤ ᠨᠢ ᠴᠠᠭᠠᠨ ᠪᠦᠰ ᠢᠶᠠᠷ ᠡᠩᠭᠡᠷ ᠵᠠᠳᠠᠭᠠᠢ ᠬᠦᠷᠮ᠎ᠡ ᠬᠦᠰᠢᠵᠦ ᠡᠮᠦᠰᠦᠨ᠂  ᠪᠠᠭ᠎ᠠ ᠴᠠᠭᠠᠯᠠᠬᠤ ᠨᠢ  ᠴᠠᠭᠠᠨ ᠪᠦᠰᠡ ᠪᠦᠰᠡᠯᠡᠬᠦ  ᠂ ᠮᠠᠯᠠᠭᠠᠢ ᠪᠤᠶᠤ ᠬᠠᠨᠴᠤᠢ ᠲᠡᠭᠡᠷ᠎ᠡ ᠪᠠᠨ ᠴᠠᠭᠠᠨ ᠪᠦᠰ ᠬᠠᠳᠠᠳᠠᠭ᠃  ᠭᠠᠰᠢᠭᠤᠳᠠᠯ ᠤᠨ ᠬᠤᠭᠤᠴᠠᠭᠠᠨ ᠳᠤ ᠵᠠᠭᠠᠮ᠎ᠠ   ᠶᠢᠨ ᠲᠤᠪᠴᠢ ᠶᠢ ᠵᠠᠳᠠᠭᠠᠶᠢᠯᠠᠬᠤ ᠪᠠ ᠮᠠᠯᠠᠭᠠᠢ ᠶᠢᠨ ᠰᠠᠷᠠᠪᠴᠢ ᠶᠢ ᠪᠠᠭᠤᠯᠭᠠᠬᠤ ᠪᠤᠶᠤ ᠲᠤᠳᠤᠭᠰᠢ  ᠬᠤᠮᠢᠨ ᠡᠮᠦᠰᠴᠦ᠂  ᠡᠮᠡᠭᠳᠡᠢ ᠬᠦᠮᠦᠨ ᠵᠠᠰᠠᠯ ᠰᠦᠢᠬᠡ ᠪᠠᠨ  ᠵᠡᠬᠦᠬᠦ ᠦᠬᠡᠢ᠃ ᠢᠨᠢᠶᠠᠵᠦ ᠬᠦᠭᠡᠷᠦᠯᠳᠦᠬᠦ᠂ ᠲᠠᠭᠤᠯᠠᠵᠤ ᠦᠢᠮᠡᠯᠳᠦᠬᠦ ᠶᠢ ᠴᠡᠭᠡᠷᠯᠡᠬᠦ ᠪᠦᠬᠡᠳ ᠵᠤᠯᠠ ᠶᠢ ᠵᠠᠯᠭ᠎ᠠ ᠠᠰᠠᠭᠠᠵᠤ᠂ ᠠᠷᠴᠠ ᠬᠦᠵᠢ ᠰᠢᠳᠠᠭᠠᠨ ᠭᠡᠩᠰᠢᠬᠦᠦ ᠲᠠᠯᠪᠢᠵᠤ ᠪᠠᠶᠢᠳᠠᠭ᠃ ᠨᠦᠭᠴᠢᠭᠰᠡᠨ ᠬᠦᠮᠦᠨ ᠤ ᠲᠡᠷᠭᠡᠳᠡ ᠬᠡᠵᠢᠶᠡᠳᠡ ᠬᠦᠮᠦᠨ ᠪᠠᠶᠢᠬᠤ ᠭᠡᠷᠡᠭᠳᠡᠢ᠃ ᠮᠤᠤᠷ ᠨᠤᠬᠠᠢ ᠶᠢ ᠤᠶᠢᠷᠠᠳᠤᠭᠤᠯᠳᠠᠭ ᠦᠬᠡᠢ᠃      ᠬᠦᠮᠦᠨ ᠨᠦᠭᠴᠢᠭᠰᠡᠨ ᠤ ᠲᠠᠷᠠᠭ᠎ᠠ  ᠲᠤᠤᠷ᠎ᠠ ᠦᠶ᠎ᠡ ᠶᠢᠨ ᠬᠦᠮᠦᠰ ᠪᠤᠶᠤ ᠲᠦᠷᠦᠯ  ᠰᠠᠳᠤᠨ ᠳᠤᠨᠢ  ᠴᠢᠮᠡᠭᠡ  ᠦᠭᠭᠦᠨ᠎ᠡ᠂ ᠡᠬᠦᠨ  ᠢ  ᠲᠠᠶᠢᠹᠤᠰᠧ ᠨᠤᠳᠤᠭ ᠲᠤ ᠮᠡᠳᠡᠭᠡ ᠬᠡᠯᠡᠬᠦ᠂ ᠮᠡᠳᠡᠭᠡ ᠪᠠᠷᠢᠬᠤ ᠬᠡᠳᠡᠭ᠃ ᠠᠶᠢᠯ ᠰᠠᠭᠠᠬᠠᠯᠳᠠ ᠪᠠ ᠬᠤᠯᠠ ᠤᠶᠢᠷ᠎ᠠ ᠶᠢᠨ ᠬᠢᠨ ᠴᠤ ᠬᠠᠷᠢᠯᠴᠠᠨ ᠴᠢᠮᠡᠭᠡ ᠠᠪᠤᠯᠴᠠᠵᠤ ᠢᠷᠡᠭᠡᠳ᠂  ︽ᠰᠢᠷᠡᠭᠡ ᠪᠠᠷᠢᠵᠤ ︾ ᠭᠠᠰᠢᠭᠤᠳᠠᠯ  ᠢᠯᠡᠷᠭᠡᠶᠢᠯᠡᠬᠦ ᠶᠢᠨ ᠬᠠᠮᠳᠤ᠂  ᠶᠠᠮᠠᠷ ᠴᠤ ᠨᠦᠬᠦᠴᠡᠯ ᠦᠬᠡᠢ ᠪᠠᠷ ᠪᠤᠶᠠᠨ ᠤ ᠶᠠᠪᠤᠳᠠᠯ ᠳᠤ ᠬᠠᠮᠵᠢᠯᠴᠠᠬᠤ ᠵᠠᠩᠰᠢᠯ ᠲᠠᠢ᠃  ᠬᠤᠷᠢᠳᠤᠭᠠᠷ ᠵᠠᠭᠤᠨ ᠤ ᠲᠠᠯᠠᠭᠠᠳ ᠤᠨ ᠤ ᠰᠡᠬᠦᠯᠴᠢ ᠪᠤᠶᠤ ᠨᠠᠶᠠᠭᠠᠳ ᠤᠨ ᠠᠴᠠ ᠡᠬᠢᠯᠡᠵᠦ᠂ ᠬᠦᠮᠦᠨ  ᠨᠦᠭᠴᠢᠪᠡᠯ ᠠᠶᠢᠯ ᠬᠤᠳᠠᠨ ᠤ ᠬᠢᠨ  ᠪᠠ ᠬᠤᠯᠠ   ᠶᠢᠨ ᠲᠦᠷᠦᠯ ᠰᠠᠳᠤᠨ᠂ ᠨᠠᠶᠢᠵᠠ ᠨᠦᠬᠦᠳ ᠲᠤᠨᠢ ᠭᠡᠵᠦ ᠨᠡᠯᠢᠶᠡᠳ ᠦᠷᠭᠡᠨ ᠭᠡᠪᠴᠢᠶ᠎ᠡ ᠪᠠᠷ ᠮᠡᠳᠡᠭᠡ  ᠬᠡᠯᠡᠳᠡᠭ ᠪᠤᠯᠵᠠᠢ᠃     ᠨᠦᠭᠴᠢᠭᠰᠡᠨ ᠬᠦᠮᠦᠨ ᠤ ᠬᠤᠶᠢᠨ᠎ᠠ ᠠᠴᠠ ᠴᠢᠳᠠᠯ ᠤᠨ  ᠬᠢᠷᠢ ᠪᠠᠷ ᠪᠤᠶᠠᠨ ᠦᠢᠯᠡᠳᠦᠨ᠎ᠡ᠃  ︽ᠰᠢᠷᠡᠭᠡ ᠪᠠᠷᠢᠬᠤ︾ ᠬᠦᠮᠦᠰ ᠠᠪᠴᠢᠷᠠᠭᠰᠠᠨ ᠪᠤᠤᠪᠤ ᠪᠤᠭᠤᠷᠰᠤᠭ᠂ ᠮᠦᠩᠬᠦ ᠵᠤᠭᠤᠰ ᠵᠡᠷᠭᠡ ᠲᠠᠬᠢᠯ ᠤᠨ ᠶᠠᠭᠤᠮ᠎ᠠ ᠪᠠᠨ ᠴᠢᠨᠳᠠᠷ ᠤᠨ ᠡᠮᠦᠨ᠎ᠡ ᠲᠠᠯᠪᠢᠭᠠᠳ᠂  ᠬᠦᠵᠢ ᠠᠰᠠᠭᠠᠵᠤ ᠮᠦᠷᠬᠦᠨ ᠶᠤᠰᠤᠯᠠᠨ᠎ᠠ᠃  ᠨᠦᠭᠴᠢᠭᠰᠡᠳ ᠤᠨ  ᠪᠤᠶᠠᠨ ᠲᠡᠭᠡᠷ᠎ᠡ ᠠᠶᠢᠯ ᠬᠤᠳᠠᠨ ᠤ ᠬᠦᠭᠰᠢᠨ ᠵᠠᠯᠠᠭᠤ ᠬᠡᠦᠭᠡᠳ ᠱᠤᠤᠬᠠᠳ ᠢᠷᠡᠭᠰᠡᠨ ᠪᠤᠯᠭᠠᠨ   ᠳᠤ ᠪᠤᠶᠠᠨ ᠤ ᠬᠤᠭᠤᠯᠠ ᠢᠳᠡᠬᠦᠯᠦᠨ᠎ᠡ᠃  ᠯᠠᠮᠠ ᠬᠦᠮᠦᠨ ᠪᠤᠶᠠᠨ ᠲᠡᠭᠡᠷ᠎ᠡ ᠲᠤᠰᠬᠠᠶᠢᠯᠠᠨ ᠢᠷᠡᠵᠦ ᠢᠷᠦᠬᠡᠯ ᠤᠩᠰᠢᠭᠠᠳ  ᠂ ᠴᠠᠭᠠᠨ ᠬᠠᠳᠠᠭ᠂ ᠡᠷᠢᠬᠡᠨ ᠤ ᠤᠭᠤᠰᠤᠷ ᠪᠤᠶᠤ ᠵᠡᠬᠦᠦ ᠤᠳᠠᠰᠤ ᠶᠢᠨ ᠪᠠᠷᠢᠴᠠ ᠠᠪᠤᠭᠠᠳ᠂ ᠪᠤᠶᠠᠨ ᠤ ᠴᠠᠪ  ᠵᠤᠭᠤᠭᠯᠠᠭᠠᠳ ᠶᠠᠪᠤᠨ᠎ᠠ ᠃ ᠭᠡᠷᠪᠡ ᠰᠦᠮ᠎ᠡ ᠰᠠᠩ ᠤᠨ ᠨᠡᠷ᠎ᠡ ᠪᠠᠷ ᠰᠢᠷᠡᠭᠡ ᠪᠠᠷᠢᠭᠰᠠᠨ ᠪᠤᠯ ᠲᠡᠷᠡ  ᠠᠶᠢᠯ ᠨᠢ ᠰᠦᠮ᠎ᠡ ᠬᠡᠶᠢᠳ ᠤᠨ ᠬᠤᠷᠠᠯ  ᠳᠤ ᠨᠢᠬᠡ ᠡᠳᠦᠷ ᠤᠨ ᠴᠠᠪ ᠮᠠᠩᠵᠠ ᠡᠷᠬᠦᠨ᠎ᠡ ᠬᠡᠮᠡᠨ ᠠᠮᠠᠯᠠᠬᠤ ᠪᠤᠶᠤ ᠠᠳᠠᠭ ᠲᠠᠭᠠᠨ ᠬᠤᠷᠠᠯ ᠨᠤᠮ ᠳᠤ ᠵᠢᠳ ᠪᠠᠷᠢᠨ᠎ᠠ ᠬᠡᠵᠦ ᠠᠮᠠᠯᠠᠭᠠᠳ ᠶᠤᠰᠤᠴᠢᠯᠠᠨ ᠪᠡᠶᠡᠯᠡᠬᠦᠯᠦᠨ᠎ᠡ᠃      ᠪᠤᠶᠠᠨ ᠦᠢᠯᠡᠳᠬᠦ ᠬᠤᠭᠤᠴᠠᠭᠠᠨ  ᠳᠤ  ᠯᠠᠮᠨ ᠨᠠᠷ ᠦᠷᠬᠦᠯᠵᠢᠯᠡᠨ ᠨᠤᠮ ᠤᠩᠰᠢᠵᠤ᠂  ᠭᠠᠷᠭᠠᠬᠤ ᠶᠢᠨ ᠲᠦᠷᠦᠬᠦᠦ ᠡᠳᠦᠷ ᠨᠢ ᠯᠾᠤᠷᠤᠭ ᠤᠩᠰᠢᠨ᠎ᠠ᠃ ᠯᠾᠤᠷᠤᠭ ᠤᠩᠰᠢᠬᠤ ᠭᠡᠳᠡᠭ ᠪᠤᠯ ᠨᠦᠭᠴᠢᠭᠰᠡᠨ ᠬᠦᠮᠦᠨ ᠤ ᠰᠦᠨᠡᠰᠦ ᠡᠷᠯᠢᠭ ᠤᠨ ᠤᠷᠤᠨ ᠳᠤ ᠤᠴᠢᠬᠤ ᠵᠠᠮ ᠳᠠᠭᠠᠨ ᠤᠯᠠᠨ ᠵᠦᠢᠯ ᠤᠨ ᠬᠠᠷᠰᠢ ᠰᠠᠭᠠᠳ ᠲᠤ ᠤᠴᠠᠷᠠᠳᠠᠭ ᠪᠤᠯᠬᠤᠷ ᠡᠨᠡ  ᠨᠤᠮ ᠢ ᠤᠩᠰᠢᠵᠤ᠂ ᠲᠡᠬᠦᠨ ᠳᠤ ᠬᠢᠴᠢᠶᠡᠨ ᠰᠡᠷᠡᠮᠵᠢᠯᠡᠵᠦ ᠦᠩᠭᠡᠷᠡᠬᠦ ᠶᠢ ᠵᠠᠬᠢᠨ᠂  ᠶᠠᠪᠤᠬᠤ ᠵᠠᠮ ᠮᠦᠷ ᠢ ᠨᠢ ᠵᠢᠭᠠᠵᠤ ᠦᠭᠳᠡᠭ ᠬᠡᠨ᠎ᠡ᠃ ᠯᠾᠤᠷᠤᠭ ᠤᠩᠰᠢᠬᠤ ᠦᠶᠡᠰ᠂ ᠨᠦᠭᠴᠢᠭᠰᠡᠨ ᠬᠦᠮᠦᠨ  ᠤ ᠡᠮᠦᠨ᠎ᠡ ᠰᠢᠨ᠎ᠡ ᠮᠠᠯᠠᠭᠠᠢ᠂ ᠭᠤᠳᠤᠯ᠂ ᠲᠡᠪᠡᠯ᠂ ᠪᠦᠰᠡ ᠪᠠ  ᠡᠳ᠋ᠯᠡᠯ ᠭᠡᠷᠡᠭᠯᠡᠬᠦᠨ  ᠢ ᠲᠡᠯᠪᠢᠵᠦ᠂ ᠡᠬᠦᠨ   ᠢᠶᠠᠨ ︽ᠰᠢᠨ᠎ᠡ ᠬᠤᠪᠴᠠᠰᠤ ᠡᠮᠦᠰᠭᠡᠨ᠎ᠡ︾ ᠭᠡᠳᠡᠭ᠃  ᠪᠠᠰᠠ ᠮᠤᠷᠢ ᠡᠮᠡᠬᠡᠯᠯᠡᠨ᠂ ᠵᠦᠪᠳᠡᠢ ᠲᠠᠯ᠎ᠠ ᠳᠤᠨᠢ ᠲᠠᠰᠢᠭᠤᠷ ᠵᠡᠬᠦᠵᠦ᠂  ᠰᠠᠭᠠᠯᠳᠤᠷᠭ᠎ᠠ ᠶᠢ ᠤᠶᠠᠬᠤ ᠦᠬᠡᠢ ᠰᠤᠯᠠ ᠲᠠᠯᠪᠢᠭᠠᠳ᠂ ᠨᠢᠬᠡ ᠬᠦᠮᠦᠨ ᠭᠡᠷ ᠤᠨ ᠡᠬᠦᠳᠡᠨ᠎ᠡ ᠬᠦᠳᠦᠯᠵᠦ ᠵᠤᠭᠰᠤᠨ᠎ᠠ᠃ ᠡᠨᠡ  ᠪᠤᠯ ᠨᠦᠭᠴᠢᠭᠰᠡᠳ ᠢ  ᠪᠤᠷᠬᠠᠨ ᠤ ᠤᠷᠤᠨ ᠳᠤ ᠮᠤᠷᠢ  ᠤᠨᠤᠭᠤᠯᠤᠨ ᠮᠤᠷᠳᠠᠭᠤᠯᠵᠤ ᠪᠠᠶᠢᠭ᠎ᠠ ᠶᠤᠰᠤ ᠪᠤᠯᠤᠨ᠎ᠠ᠃  ᠬᠤᠪᠴᠠᠰᠤ ᠬᠤᠨᠠᠷ ᠪᠠ ᠬᠦᠳᠦᠯᠦᠭᠰᠡᠨ ᠮᠤᠷᠢ ᠶᠢ ᠲᠠᠭᠠᠭᠠᠭᠰᠠᠨ ᠯᠠᠮᠠ   ᠳᠤ  ᠦᠭᠴᠦ᠂ ᠡᠰᠡᠬᠦᠯ᠎ᠡ ᠮᠦᠩᠬᠦ ᠵᠤᠭᠤᠰᠤᠨ ᠤ ᠪᠠᠷᠢᠴᠠ ᠪᠠᠷ ᠰᠤᠯᠢᠵᠤ ᠠᠪᠤᠭᠰᠠᠨ ᠴᠤ ᠪᠤᠯᠳᠠᠭ᠃  ᠨᠤᠮ ᠤᠩᠰᠢᠵᠤ ᠠᠶᠢᠯᠠᠳᠬᠠᠬᠤ ᠳᠤ ᠬᠡᠷ ᠤᠨ ᠬᠦᠮᠦᠰ ᠨᠢ ᠭᠠᠵᠠᠷ ᠰᠦᠬᠦᠳᠴᠦ ᠨᠠᠮᠠᠨᠴᠢᠯᠠᠨ ᠵᠠᠯᠪᠠᠷᠢᠨ᠎ᠠ᠃     ᠤᠷᠤᠰᠢᠭᠤᠯᠭ᠎ᠠ  ᠶᠢᠨ ᠡᠮᠦᠨ᠎ᠡ ᠰᠦᠨᠢ ᠬᠡᠷ ᠪᠦᠯᠢ ᠶᠢᠨ ᠬᠢᠨ ᠪᠠ ᠭᠠᠰᠢᠭᠤᠳᠠᠯ  ᠳᠤ ᠢᠷᠡᠭᠰᠡᠳ  ᠰᠦᠨᠢᠵᠢᠯᠡᠨ ᠤᠨᠳᠠᠯ ᠦᠬᠡᠢ ᠴᠢᠨᠳᠠᠷ  ᠢ ᠰᠠᠬᠢᠵᠤ᠂ ︽ᠴᠠᠭᠠᠨ  ᠳ᠋ᠠᠷ᠎ᠠ ᠡᠬᠡ︾᠂ ︽ᠨᠤᠭᠤᠭᠠᠨ ᠳ᠋ᠡᠷ᠎ᠡ ᠡᠬᠡ︾᠂ ︽ᠮᠤᠯᠤᠨ ᠲᠤᠶᠢᠨ ᠤ ᠮᠠᠨᠢ︾ ᠵᠡᠷᠭᠡ ᠮᠠᠨᠢ ᠮᠡᠭᠵᠡᠮ ᠤᠩᠰᠢᠵᠤ ᠰᠠᠭᠤᠳᠠᠭ  ᠃  ᠰᠦᠨᠢ ᠲᠤᠮᠳᠠ ᠬᠦᠷᠬᠦ ᠳᠤ ᠰᠢᠷᠡᠭᠡ ᠪᠠᠷᠢᠭᠰᠠᠨ ᠲᠠᠬᠢᠯ ᠤᠨ ᠶᠠᠭᠤᠮ᠎ᠠ ᠶᠢ ᠬᠤᠷᠢᠶᠠᠵᠤ᠂  ᠴᠢᠨᠳᠠᠷ ᠰᠠᠬᠢᠭᠰᠠᠳ ᠲᠤ  ᠢᠳᠡᠬᠦᠯᠦᠨ  ᠂  ᠲᠠᠪᠠᠭ  ᠲᠠᠢ ᠲᠠᠬᠢᠯ ᠪᠠ ᠵᠤᠯᠠ ᠬᠦᠵᠢ ᠶᠢ ᠯᠠ ᠦᠯᠡᠳᠡᠭᠡᠨ᠎ᠡ᠃      ᠴᠢᠨᠳᠠᠷ ᠢ ᠭᠠᠷᠭᠠᠬᠤ ᠳᠤ ᠡᠷᠭᠡᠪᠰᠢ ᠲᠤᠭᠳᠠᠭᠰᠠᠨ ᠴᠠᠭ ᠢ ᠴᠢᠩᠭ᠎ᠠ ᠪᠠᠷᠢᠮᠳᠠᠯᠠᠬᠤ ᠭᠡᠷᠡᠭᠳᠡᠢ  ᠃ ᠤᠷᠢᠳᠤ  ᠳᠠᠭᠠᠨ ᠪᠤᠯ ᠮᠤᠩᠭᠤᠯ ᠭᠡᠷ ᠤᠨ ᠪᠠᠷᠠᠭᠤᠨ ᠡᠮᠦᠨ᠎ᠡ ᠬᠠᠨ᠎ᠠ ᠶᠢ ᠡᠷᠬᠦᠵᠦ᠂ ᠬᠠᠶᠠᠭ᠎ᠠ ᠪᠠᠷ ᠰᠢᠷᠭᠤᠭᠤᠯᠤᠨ ᠭᠠᠷᠭᠠᠵᠤ᠂ ᠪᠠᠶᠢᠰᠢᠩ ᠭᠡᠷ ᠪᠤᠯ ᠴᠤᠩᠬᠤ ᠪᠠᠷ ᠭᠠᠷᠭᠠᠳᠠᠭ᠃  ᠲᠡᠭᠡᠬᠦ ᠳᠡᠭᠡᠨ ᠡᠷᠭᠡᠪᠰᠢ ᠬᠦᠯ ᠢᠶᠠᠷ ᠨᠢ ᠭᠠᠷᠭᠠᠬᠤ ᠭᠡᠷᠡᠭᠳᠡᠢ  ᠂ ᠡᠨᠡ   ᠨᠢ ᠬᠦᠯ ᠢᠶᠠᠷ ᠢᠶᠠᠨ ᠶᠠᠪᠤᠵᠤ ᠪᠠᠶᠢᠨ᠎ᠠ ᠭᠡᠰᠡᠨ ᠰᠠᠨᠠᠭ᠎ᠠ ᠶᠤᠮ᠃ ᠤᠷᠤᠰᠢᠭᠤᠯᠭ᠎ᠠ ᠶᠢᠨ ᠭᠠᠵᠠᠷ   ᠲᠤ ᠶᠠᠪᠤᠬᠤ  ᠳᠠᠭᠠᠨ ᠴᠢᠨᠳᠠᠷ ᠢ ᠬᠠᠩᠭᠠᠢ ᠲᠡᠷᠭᠡᠨ ᠳᠤ ᠬᠤᠶᠢᠰᠢ ᠬᠠᠨᠳᠤᠭᠤᠯᠤᠨ ᠲᠡᠭᠡᠭᠡᠵᠦ᠂  ᠴᠠᠭᠠᠨ ᠬᠠᠳᠠᠭ ᠪᠤᠶᠤ ᠨᠤᠤᠰᠤᠨ ᠤᠶᠠᠭ᠎ᠠ ᠪᠠᠷ  ᠤᠶᠠᠭᠠᠳ᠂  ᠲᠡᠷᠭᠡ ᠶᠢ ᠡᠮᠡᠬᠡᠯᠳᠦ ᠮᠤᠷᠢᠨ ᠤ ᠡᠮᠡᠭᠡᠯ ᠤᠨ ᠪᠦᠬᠦᠷᠭᠡ ᠠᠴᠠ ᠭᠤᠬᠠᠳᠠᠵᠤ  ᠂ ᠮᠤᠷᠢᠨ  ᠤ ᠱᠤᠭᠰᠢᠭ᠎ᠠ ᠪᠠᠷ ᠶᠠᠪᠤᠳᠠᠭ ᠪᠠᠶᠢᠨ᠎ᠠ᠃ ᠡᠬᠦᠨ ᠢ ᠮᠤᠷᠢᠨ ᠲᠡᠷᠭᠡ ᠪᠠᠷ ᠶᠠᠪᠤᠯ᠎ᠠ ᠬᠡᠵᠦ ᠬᠡᠯᠡᠳᠡᠭ᠃  ᠴᠢᠨᠳᠠᠷ ᠬᠠᠮᠢᠭ᠎ᠠ ᠭᠤᠯᠭᠤᠵᠤ ᠪᠠᠭᠤᠪᠠᠯ ᠲᠠᠷᠤᠢ ᠲᠡᠷᠡ  ᠭᠠᠵᠠᠷ ᠲᠤᠨᠢ ᠤᠷᠬᠢᠵᠤ  ᠬᠦᠳᠡᠭᠡᠯᠡᠬᠦ ᠪᠤᠯᠤᠨ᠎ᠠ᠃  ᠡᠨᠡ  ᠬᠦ᠋ ᠵᠠᠩ ᠦᠢᠯᠡ ᠲᠠᠶᠢᠹᠤᠰᠧ ᠨᠤᠳᠤᠭ ᠲᠤ ᠬᠤᠷᠢᠳᠤᠭᠠᠷ ᠵᠠᠭᠤᠨ ᠤ ᠭᠤᠴᠢᠭᠠᠳ ᠤᠨ ᠬᠦᠷᠳᠡᠯ᠎ᠡ ᠦᠷᠬᠦᠯᠵᠢᠯᠡᠵᠦ ᠪᠠᠶᠢᠵᠠᠢ᠃ ᠲᠠᠭᠠᠭᠠᠭᠰᠠᠨ ᠯᠠᠮᠠ ᠨᠢ ᠲᠡᠷᠡ ᠭᠠᠵᠠᠷ ᠲᠤ ᠤᠯᠪᠤᠭ ᠲᠡᠪᠢᠰᠴᠦ ᠵᠠᠪᠢᠯᠠᠨ  ᠰᠠᠭᠤᠭᠠᠳ᠂ ᠨᠤᠮ ᠤᠩᠰᠢᠵᠤ ᠶᠤᠰᠤ ᠶᠢ ᠬᠦᠢᠴᠡᠳᠭᠡᠭᠰᠡᠨ ᠤ ᠲᠠᠷᠠᠭ᠎ᠠ ᠭᠡᠷ ᠵᠦᠭ ᠢᠶᠠᠨ ᠪᠤᠴᠠᠨ᠎ᠠ᠃ ᠵᠠᠮ ᠤᠭᠳᠤᠯᠪᠠᠯ ᠴᠠᠭᠠᠰᠤᠨ ᠵᠤᠭᠤᠰ ᠬᠠᠶᠠᠵᠤ ᠵᠠᠮ ᠭᠤᠶᠤᠳᠠᠭ ᠵᠠᠩᠰᠢᠯ ᠲᠠᠢ᠃  ᠬᠦᠳᠡᠭᠡᠯᠡᠬᠦ ᠪᠠᠷ ᠶᠠᠪᠤᠬᠤ ᠳᠤ ᠡᠮᠡᠭᠳᠡᠢ ᠬᠦᠮᠦᠨ ᠶᠠᠪᠤᠳᠠᠭ ᠦᠬᠡᠢ ᠪᠦᠬᠡᠳ ᠦᠯᠡᠳᠡᠵᠦ ᠦᠳᠡᠬᠦ ᠬᠦᠮᠦᠰ ᠪᠤᠤᠪᠤ ᠴᠠᠭᠠᠨ ᠢᠳᠡᠭᠡ ᠲᠠᠪᠠᠭᠯᠠᠵᠤ᠂ ᠨᠦᠭᠴᠢᠭᠴᠢ ᠶᠢᠨ ᠭᠡᠷᠡᠭᠯᠡᠵᠦ ᠪᠠᠶᠢᠭᠰᠠᠨ ᠡᠷᠢᠬᠡ ᠬᠦᠬᠦᠷ ᠵᠡᠷᠭᠡ ᠶᠢ ᠪᠠᠷᠢᠵᠤ᠂ ᠲᠠᠯᠠᠯᠭ᠎ᠠ ᠠᠪᠤᠨ ᠬᠤᠷᠤᠶᠢᠯᠠᠵᠤ ᠬᠤᠴᠤᠷᠳᠠᠭ᠃      ᠡᠬᠦᠨ ᠠᠴᠠ ᠭᠠᠳᠠᠨ᠎ᠠ᠂  ᠭᠠᠵᠠᠷ ᠢᠶᠠᠨ ᠲᠤᠭᠳᠠᠵᠤ ᠬᠦᠳᠡᠭᠡᠯᠡᠬᠦ ᠶᠠᠪᠤᠳᠠᠯ ᠴᠤ ᠪᠤᠢ᠃ ᠲᠤᠬᠠᠶᠢᠯᠠᠪᠠᠯ᠂ ᠬᠦᠳᠡᠭᠡᠯᠡᠬᠦ ᠭᠠᠵᠠᠷ ᠢ ᠲᠠᠭᠠᠭᠠᠭᠰᠠᠨ ᠯᠠᠮᠠ ᠨᠢ ᠤᠷᠤᠰᠢᠭᠤᠯᠭ᠎ᠠ ᠠᠴᠠ ᠡᠮᠦᠨ᠎ᠡ ᠦᠵᠡᠵᠦ ᠲᠤᠭᠳᠠᠭᠠᠨ᠎ᠠ᠃ ᠭᠠᠵᠠᠷ ᠢ ᠰᠠᠶᠢᠳᠤᠷ ᠰᠤᠩᠭᠤᠬᠤ ᠦᠬᠡᠢ ᠪᠤᠯ ᠠᠮᠢ ᠨᠠᠰᠤᠨ   ᠳᠤ ᠴᠦᠪ ᠲᠠᠢ᠂ ᠡᠳ᠋ ᠮᠠᠯ ᠳᠤ ᠭᠠᠢ ᠲᠠᠢ ᠬᠡᠵᠦ ᠶᠡᠬᠡᠳᠡ ᠬᠢᠴᠢᠶᠡᠳᠡᠭ  ᠃ ᠶᠡᠷᠦᠩᠬᠡᠢ ᠳᠡᠭᠡᠨ ᠲᠦᠰᠢᠯᠭᠡ ᠲᠠᠢ᠂ ᠵᠢᠬᠢᠯᠭᠡ ᠲᠠᠢ᠂ ᠨᠠᠷᠠ   ᠲᠠᠢ ᠲᠡᠯᠬᠡᠬᠦᠦ ᠭᠠᠵᠠᠷ ᠢ ᠰᠤᠩᠭᠤᠨ᠎ᠠ᠃ ᠲᠡᠭᠡᠬᠦ ᠳᠡᠭᠡᠨ ᠴᠠᠭᠠᠨ ᠢᠰᠡᠭᠡᠢ ᠶᠢᠨ ᠬᠡᠮᠵᠢᠶ᠎ᠡ ᠪᠠᠷ ᠭᠠᠵᠠᠷ ᠯᠤᠤᠰ ᠠᠴᠠ ᠭᠠᠵᠠᠷ ᠬᠤᠳᠠᠯᠳᠤᠨ ᠠᠪᠤᠨ᠎ᠠ ᠬᠡᠮᠡᠨ ᠪᠠᠷᠰ ᠢᠷᠪᠢᠰ ᠤᠨ ᠠᠷᠠᠰᠤ᠂ ᠭᠠᠵᠠᠷ ᠤᠨ ᠪᠠᠷᠢᠴᠠ ᠶᠢᠨ ᠮᠦᠩᠬᠦ ᠵᠡᠷᠭᠡ ᠶᠢᠰᠦ ᠶᠢᠰᠦ ᠶᠢᠨ ᠲᠤᠭ᠎ᠠ ᠬᠡᠮᠡᠨ ᠠᠮᠠᠯᠠᠵᠤ  ᠭᠠᠵᠠᠷ ᠠᠪᠬᠤ ᠶᠤᠰᠤ ᠶᠢ ᠬᠦᠢᠴᠡᠳᠭᠡᠬᠦ ᠪᠦᠬᠡᠳ ᠢᠰᠡᠭᠡᠢ ᠶᠢᠨ ᠬᠡᠮᠵᠢᠶ᠎ᠡ ᠪᠠᠷ ᠭᠠᠵᠠᠷ ᠢᠶᠠᠨ ᠤᠷᠤᠩᠭᠤ ᠶᠢᠨ ᠡᠪᠡᠷ ᠢᠶᠠᠷ ᠵᠢᠷᠤᠵᠤ ᠲᠡᠮᠳᠡᠭᠯᠡᠵᠦ ᠠᠪᠳᠠᠭ ᠪᠠᠶᠢᠨ᠎ᠠ᠃ ᠡᠷᠬᠦᠴᠡ ᠶᠢᠨ ᠬᠡᠮᠵᠢᠶ᠎ᠡ ᠠᠶᠢᠯ ᠠᠶᠢᠯ ᠤᠨ  ᠬᠢᠷᠢ ᠴᠢᠳᠠᠯ ᠢᠶᠠᠷ ᠪᠤᠯᠤᠨ᠎ᠠ᠃      ᠤᠷᠤᠰᠢᠭᠤᠯᠭ᠎ᠠ  ᠶᠢᠨ ᠭᠠᠵᠠᠷ  ᠲᠤ ᠬᠦᠷᠦᠭᠡᠳ᠂ ᠴᠢᠨᠳᠠᠷ  ᠢ ᠬᠦᠯ  ᠢᠶᠠᠷ ᠨᠢ ᠪᠠᠭᠤᠯᠭᠠᠵᠤ᠂ ᠲᠤᠯᠤᠭᠠᠢ ᠶᠢ  ᠨᠢ ᠬᠤᠶᠢᠰᠢ ᠬᠠᠨᠳᠤᠭᠤᠯᠤᠨ᠂ ᠲᠤᠯᠤᠭᠠᠢ ᠲᠤᠤᠷ᠎ᠠ ᠨᠢ ᠴᠠᠭᠠᠨ ᠬᠠᠳᠠᠭ   ᠢᠶᠠᠷ ᠪᠤᠭᠤᠭᠰᠠᠨ ᠮᠠᠨᠢ ᠶᠢᠨ ᠦᠰᠦᠭ ᠲᠠᠢ ᠬᠠᠪᠳᠠᠭᠠᠢ ᠴᠢᠯᠠᠭᠤ ᠲᠡᠷᠡᠯᠡᠬᠦᠯᠵᠦ ᠲᠡᠭᠰᠢᠬᠡᠨ ᠲᠠᠯᠪᠢᠨ᠎ᠠ᠃  ᠲᠡᠶᠢᠮᠦ ᠠᠴᠠ ᠨᠠᠰᠤ ᠨᠦᠭᠴᠢᠬᠦ ᠶᠢ ᠪᠠᠰᠠ ︽ ᠴᠢᠯᠠᠭᠤ ᠲᠡᠷᠡᠯᠡᠬᠦ︾ ᠭᠡᠳᠡᠭ ᠬᠡᠯᠡᠯᠬᠡ ᠪᠤᠢ ᠪᠤᠯᠵᠠᠢ᠃ ᠲᠠᠭᠠᠭᠠᠭᠰᠠᠨ ᠯᠠᠮᠠ   ᠳᠤ ᠵᠢᠵᠢᠭ ᠮᠤᠳᠤᠨ ᠯᠠᠩᠳᠤ ᠰᠦᠬᠡ ᠵᠡᠷᠭᠡ ᠤᠯᠠᠨ ᠭᠡᠷᠡᠭᠰᠡᠯ ᠪᠠᠶᠢᠵᠤ᠂ ᠲᠡᠬᠦᠪᠡᠷ ᠢᠶᠠᠨ ᠭᠠᠵᠠᠷ ᠲᠤᠭᠰᠢᠵᠤ ᠲᠤᠮ ᠬᠢᠵᠦ ᠤᠷᠤᠰᠢᠭᠤᠯᠳᠠᠭ᠃ ᠤᠳᠤ ᠡᠨᠡ ᠶᠤᠰᠤ ᠶᠢ ᠮᠡᠳᠡᠬᠦ ᠬᠦᠮᠦᠨ  ᠠᠯᠠᠭ᠎ᠠ  ᠪᠤᠯᠵᠠᠢ᠃ ᠯᠠᠮᠠ ᠨᠠᠷ ᠲᠤᠯᠤᠭᠠᠢ ᠶᠢᠨ ᠬᠠᠪᠢ ᠳᠤ ᠰᠠᠭᠤᠵᠤ ᠤᠷᠤᠰᠢᠭᠤᠯᠭ᠎ᠠ  ᠶᠢᠨ ᠨᠤᠮ ᠤᠩᠰᠢᠬᠤ ᠪᠠ  ᠬᠡᠦᠭᠡᠳ ᠲᠡᠬᠦᠦᠨᠡᠷ᠂ ᠲᠤᠤᠷ᠎ᠠ ᠦᠶ᠎ᠡ ᠶᠢᠨ ᠬᠦᠮᠦᠰ  ᠬᠦᠯ ᠤᠨ ᠬᠢᠨᠢ ᠲᠠᠯ᠎ᠠ ᠳᠤ ᠰᠦᠬᠦᠳᠦᠨ  ᠮᠦᠷᠬᠦᠵᠦ᠂  ᠤᠷᠤᠰᠢᠭᠤᠯᠭ᠎ᠠ  ᠳᠤ  ᠤᠴᠢᠭᠰᠠᠨ  ᠪᠦᠬᠦᠨ ᠴᠢᠨᠳᠠᠷ  ᠲᠤ ᠰᠠᠯᠬᠤ ᠶᠤᠰᠤ ᠬᠦᠢᠴᠡᠳᠭᠡᠨ᠎ᠡ᠃     ᠤᠷᠤᠰᠢᠭᠤᠯᠭ᠎ᠠ ᠲᠡᠭᠦᠰᠦᠭᠡᠳ ᠪᠤᠴᠠᠬᠤ  ᠳᠠᠭᠠᠨ᠂ ᠢᠷᠡᠭᠰᠡᠨ ᠮᠦᠷ  ᠢᠶᠠᠨ ᠪᠤᠷᠤᠭᠤᠯᠠᠵᠤ᠂ ᠪᠤᠴᠠᠵᠤ  ᠬᠠᠷᠠᠯ ᠦᠬᠡᠢ  ᠶᠠᠪᠤᠨ᠎ᠠ᠃  ᠢᠩᠬᠢᠪᠡᠯ ᠨᠦᠭᠴᠢᠭᠰᠡᠨ ᠬᠦᠮᠦᠨ ᠤ ᠰᠦᠨᠡᠰᠦ ᠮᠦᠷ ᠲᠠᠭᠠᠵᠤ ᠪᠤᠴᠠᠬᠤ ᠦᠬᠡᠢ ᠲᠦᠭᠡᠷᠢᠭᠡᠳ ᠂ ᠤᠴᠢᠬᠤ ᠭᠠᠵᠠᠷ ᠲᠠᠭᠠᠨ ᠰᠢᠭᠤᠳ ᠤᠴᠢᠨ᠎ᠡ ᠭᠡᠰᠡᠨ ᠰᠠᠨᠠᠭ᠎ᠠ ᠲᠠᠢ᠃   ᠴᠢᠨᠳᠠᠷ ᠲᠡᠭᠡᠭᠡᠭᠰᠡᠨ ᠲᠡᠷᠭᠡ ᠪᠠᠨ ᠭᠡᠷ  ᠤᠨ ᠠᠷᠤ ᠪᠤᠶᠤ ᠬᠦᠷᠢᠶ᠎ᠡ ᠬᠠᠰᠢᠶᠠᠨ ᠤ ᠠᠷᠤ ᠳᠤ ᠪᠤᠯᠤ ᠶᠢ ᠨᠢ ᠲᠡᠭᠡᠭᠰᠢ  ᠬᠠᠨᠳᠤᠭᠤᠯᠤᠨ ᠲᠠᠯᠪᠢᠵᠤ᠂ ᠤᠨᠤᠭᠰᠠᠨ ᠮᠤᠷᠢᠨ ᠤ ᠮᠤᠨᠳᠠᠭ᠎ᠠ ᠲᠡᠭᠡᠷ᠎ᠡ ᠴᠠᠭᠠᠨ ᠬᠠᠳᠠᠭ ᠤᠶᠠᠵᠤ  ᠰᠦᠷᠦᠭ ᠲᠤᠨᠢ  ᠲᠠᠯᠪᠢᠭᠠᠳ᠂ ᠲᠦᠴᠢ ᠶᠢᠰᠦᠨ ᠬᠤᠨᠤᠭ  ᠤᠨ ᠲᠤᠭ᠎ᠠ ᠬᠦᠢᠴᠡᠭᠰᠡᠨ ᠤ ᠲᠠᠷᠠᠭ᠎ᠠ ᠰᠠᠶ᠋ᠢ ᠭᠡᠷᠡᠭᠯᠡᠵᠦ ᠪᠤᠯᠤᠨ᠎ᠠ᠃ ᠬᠦᠳᠡᠭᠡᠯᠡᠬᠦ ᠪᠠᠷ ᠶᠠᠪᠤᠭᠰᠠᠨ ᠬᠦᠮᠦᠰ ᠪᠤᠴᠠᠵᠤ ᠢᠷᠡᠬᠦ ᠳᠤ ᠭᠡᠷ ᠤᠷᠤᠨ ᠢ ᠪᠦᠷ ᠰᠠᠶᠢᠬᠠᠨ ᠴᠡᠪᠡᠷᠯᠡᠵᠦ᠂ ᠬᠦᠵᠢ ᠠᠷᠴᠠ ᠪᠠᠷ ᠠᠷᠢᠭᠤᠯᠤᠭᠠᠳ᠂  ᠡᠬᠦᠳᠡᠨ ᠳᠤ ᠲᠦᠩᠪᠦ ᠲᠠᠢ ᠰᠦᠯᠡᠭᠰᠡᠨ ᠤᠰᠤ  ᠪᠠ  ᠬᠤᠪᠢᠩ ᠲᠠᠢ ᠤᠩᠭᠠᠰᠤᠭᠰᠠᠨ ᠠᠷᠭᠠᠯ ᠲᠠᠯᠪᠢᠵᠤ᠂  ᠪᠤᠴᠠᠵᠤ  ᠢᠷᠡᠭᠰᠡᠨ ᠬᠦᠮᠦᠰ    ᠷᠠᠰᠢᠶᠠᠨ ᠤᠰᠤ  ᠪᠠᠷ ᠭᠠᠷ  ᠨᠢᠭᠤᠷ ᠢᠶᠠᠨ ᠤᠬᠢᠶᠠᠵᠤ᠂ ᠤᠳᠤᠭ᠎ᠠ ᠲᠠᠢ ᠭᠠᠯ  ᠳᠤ ᠪᠡᠶ᠎ᠡ  ᠪᠠᠨ ᠠᠷᠢᠭᠤᠯᠠᠨ᠎ᠠ᠃ ᠲᠡᠭᠡᠭᠡᠳ  ᠢᠷᠡᠭᠰᠡᠨ ᠬᠦᠮᠦᠰ ᠲᠤ  ᠪᠤᠶᠠᠨ  ᠤ ᠬᠤᠭᠤᠯᠨ ︵ᠲᠤᠬᠤᠸ᠎ᠠ ᠭᠡᠭᠴᠢ ᠪᠤᠷᠠᠮ ᠰᠢᠷ᠎ᠠ ᠲᠤᠰᠤ ᠲᠠᠢ ᠦᠵᠦᠮ ᠴᠢᠪᠠᠭ᠎ᠠ  ᠬᠤᠯᠢᠵᠤ ᠵᠢᠭᠤᠷᠠᠭᠰᠠᠨ ᠴᠠᠭᠠᠨ ᠪᠤᠳᠠᠭ᠎ᠠ︶ ᠢᠳᠡᠬᠦᠯᠵᠦ᠂ ᠲᠠᠭᠠᠭᠠᠭᠰᠠᠨ ᠯᠠᠮᠨ  ᠳᠠᠭᠠᠨ  ᠡᠷᠬᠦᠴᠡ ᠪᠠᠷᠢᠴᠠ  ᠪᠠᠨ ᠪᠠᠷᠢᠵᠤ᠂ ᠭᠠᠰᠢᠭᠤᠳᠠᠯ   ᠳᠤ ᠢᠷᠡᠭᠰᠡᠨ   ᠬᠦᠮᠦᠨ ᠨᠢᠭᠡᠪᠦᠷᠢ  ᠳᠤ ᠲᠠᠬᠢᠯᠭ᠎ᠠ  ᠶᠢᠨ ᠢᠳᠡᠭᠡᠨ ᠠᠴᠠ ᠲᠦᠭᠡᠭᠡᠵᠦ ᠦᠭᠳᠡᠭ᠃    ᠤᠷᠤᠰᠢᠭᠤᠯᠭ᠎ᠠ ᠲᠡᠬᠦᠰᠪᠡᠯ ᠨᠢᠬᠡ ᠯᠠᠮᠠ ᠦᠯᠡᠳᠡᠵᠦ ᠬᠤᠨᠤᠭ ᠬᠦᠬᠡᠬᠡᠬᠦ ᠬᠡᠵᠦ ᠲᠦᠴᠢ ᠶᠢᠰᠦᠨ ᠬᠤᠨᠤᠭ ᠡᠷᠬᠢᠯᠳᠡ ᠶᠢᠨ ᠨᠤᠮ ᠪᠠ ᠢᠷᠦᠭᠡᠯ ᠤᠩᠰᠢᠭᠠᠳ ᠴᠠᠭ᠎ᠠ ᠪᠠᠨ ᠲᠠᠶᠢᠯᠤᠨ᠎ᠠ᠃ ᠮᠦᠨ  ᠲᠤᠯᠤᠭᠠᠨ ᠬᠤᠨᠤᠭ ᠪᠤᠶᠤ ᠬᠤᠷᠢᠨ ᠨᠢᠬᠡᠨ ᠬᠤᠨᠤᠭ᠂ ᠴᠢᠨᠠᠭᠰᠢᠯᠠᠭᠠᠳ  ᠵᠠᠭᠤᠨ ᠬᠤᠨᠤᠭ ᠤᠨ ᠴᠠᠭ᠎ᠠ ᠬᠢᠳᠡᠭ ᠴᠤ ᠪᠤᠢ᠃ ᠡᠨᠡ  ᠬᠤᠭᠤᠴᠠᠭᠠᠨ ᠳᠤ ᠬᠤᠷᠢᠮ ᠨᠠᠶᠢᠷ ᠲᠤ ᠤᠷᠤᠬᠤ ᠦᠬᠡᠢ᠂ ᠦᠰᠦ ᠬᠡᠵᠢᠬᠡ ᠪᠠᠨ ᠱᠦᠬᠦᠷᠳᠡᠬᠦ ᠦᠬᠡᠢ᠂ ᠰᠠᠬᠠᠯ ᠦᠰᠦ ᠪᠠᠨ ᠬᠤᠰᠤᠬᠤ ᠦᠬᠡᠢ ᠪᠠᠶᠢᠵᠤ᠂  ᠲᠠᠭᠤᠯᠠᠵᠤ ᠭᠡᠩᠰᠢᠬᠦ ᠶᠢ ᠴᠡᠭᠡᠷᠯᠡᠨ᠂ ᠪᠤᠶᠠᠨ ᠦᠢᠯᠡᠳᠬᠦ ᠠᠴᠠ ᠦᠬᠡᠷ᠎ᠡ ᠶᠠᠭᠤᠮ᠎ᠠ ᠶᠢ ᠭᠠᠳᠠᠭᠰᠢ ᠭᠠᠷᠭᠠᠬᠤ ᠶᠢ ᠴᠡᠭᠡᠷᠯᠡᠳᠡᠭ ᠪᠠᠶᠢᠪᠠ᠃ ᠴᠠᠭ᠎ᠠ ᠬᠢᠬᠦ ᠳᠤ ᠲᠡᠭᠡᠷ᠎ᠡ ᠦᠶ᠎ᠡ ᠶᠢᠨ ᠬᠦᠮᠦᠰ ᠲᠤᠤᠷ᠎ᠠ ᠦᠶ᠎ᠡ ᠳᠡᠭᠡᠨ ᠴᠠᠭᠠᠯᠠᠳᠠᠭ ᠦᠬᠡᠢ᠃      ᠤᠷᠤᠰᠢᠭᠤᠯᠤᠭᠰᠠᠨ ᠤ ᠲᠠᠷᠠᠭ᠎ᠠ ᠭᠤᠷᠪᠠᠨ ᠬᠤᠨᠤᠭ ᠲᠡᠭᠡᠷ᠎ᠡ ᠨᠢ ᠡᠷᠬᠢᠵᠦ ᠦᠵᠡᠳᠡᠭ  ᠪᠦᠬᠡᠳ  ︽ᠲᠡᠭᠷᠢ  ᠶᠢᠨ ᠨᠤᠬᠠᠢ︾  ᠪᠤᠶᠤ ᠮᠢᠬᠠᠴᠢᠨ ᠰᠢᠪᠠᠭᠤ ᠢᠳᠡᠵᠦ  ᠴᠡᠪᠡᠷᠯᠡᠭᠰᠡᠨ ᠪᠤᠯ ᠰᠦᠨᠡᠰᠦ ᠨᠢ ᠬᠤᠷᠭᠤᠳᠠᠬᠤ ᠶᠠᠭᠤᠮ᠎ᠠ ᠦᠬᠡᠢ ᠲᠤᠨᠢᠯᠵᠠᠢ ᠬᠡᠵᠦ ᠪᠠᠶᠠᠷᠯᠠᠨ᠂ ᠪᠦᠳᠦᠨ ᠢᠶᠠᠷ ᠢᠶᠠᠨ ᠪᠠᠶᠢᠪᠠᠯ ᠶᠠᠮᠠᠷ ᠨᠢᠬᠡᠨ ᠶᠠᠭᠤᠮᠠᠨ ᠳᠤ ᠬᠤᠷᠭᠤᠳᠠᠵᠤ ᠭᠤᠮᠤᠳᠠᠯ ᠲᠠᠢ ᠪᠠᠶᠢᠨ᠎ᠠ ᠬᠡᠮᠡᠨ ᠯᠠᠮᠠ  ᠵᠠᠯᠠᠵᠤ ᠨᠤᠮ ᠤᠩᠰᠢᠭᠤᠯᠤᠨ ᠲᠤᠮ ᠬᠢᠳᠡᠭ ᠪᠠᠶᠢᠨ᠎ᠠ᠃   ᠡᠷᠳᠡ ᠦᠶ᠎ᠡ  ᠳᠡᠭᠡᠨ ᠲᠠᠶᠢᠹᠤᠰᠧ ᠵᠡᠬᠦᠨ ᠭᠠᠷ ᠤᠨ ᠮᠤᠩᠭᠤᠯᠴᠤᠳ ᠨᠦᠭᠴᠢᠭᠰᠡᠨ ᠬᠦᠮᠦᠨ ᠢᠶᠠᠨ ᠤᠯᠠᠩᠬᠢ ᠳᠠᠭᠠᠨ ᠪᠠᠷᠳᠠᠭ᠎ᠠ  ᠶᠡᠬᠡᠳᠡᠢ᠂ ᠠᠮᠢᠳᠠᠨ ᠠᠷᠢᠶᠠᠳᠠᠨ ᠤᠷᠤᠩᠨᠠᠭᠰᠠᠨ ︽ᠪᠡᠷᠭᠡ ᠶᠢᠨ ᠠᠭᠤᠯᠠᠨ︾   ᠳᠤ ᠬᠦᠳᠡᠭᠡᠯᠡᠳᠡᠭ ᠪᠠᠶᠢᠪᠠ᠃      ᠡᠬᠦᠨ ᠠᠴᠠ ᠭᠠᠳᠠᠨ᠎ᠠ᠂ ᠰᠦᠰᠦᠭ ᠪᠢᠰᠢᠷᠡᠯ ᠶᠡᠭᠡᠳᠡᠢ ᠠᠶᠢᠯ ᠪᠤᠯ ᠬᠤᠨᠤᠭ ᠬᠦᠢᠴᠡᠭᠰᠡᠨ ᠤ ᠲᠠᠷᠠᠭ᠎ᠠ ᠪᠠᠰᠠ ᠨᠦᠩᠨᠡᠢ ᠰᠠᠭᠤᠯᠭᠠᠨ᠎ᠠ᠃ ᠨᠦᠩᠨᠡᠢ ᠰᠠᠭᠤᠬᠤ ᠪᠤᠯ ᠨᠦᠭᠴᠢᠭᠴᠢ ᠶᠢᠨ ᠰᠦᠨᠡᠰᠦ ᠶᠢ ᠠᠷᠢᠶᠠᠪᠠᠯᠤ ᠳᠤ ᠲᠠᠭᠠᠳᠬᠠᠵᠤ ᠪᠠᠶᠢᠭ᠎ᠠ ᠶᠠᠪᠤᠳᠠᠯ ᠪᠤᠯᠤᠨ᠎ᠠ᠃ ᠠᠷᠢᠶᠠᠪᠠᠯᠤ ᠮᠢᠩᠭᠠᠨ ᠮᠤᠳᠤᠷ ᠲᠠᠢ ᠲᠤᠯᠠ ᠨᠦᠭᠴᠢᠭᠰᠡᠨ ᠬᠦᠮᠦᠨ ᠤ ᠰᠦᠨᠡᠰᠦ ᠶᠢ ᠲᠠᠮᠤ ᠳᠤ ᠤᠨᠠᠭᠠᠬᠤ ᠦᠬᠡᠢ ᠠᠪᠴᠤ  ᠴᠢᠳᠠᠳᠠᠭ ᠭᠡᠨ᠎ᠡ᠃  ᠨᠦᠩᠨᠡᠢ ᠳᠤ ᠰᠠᠭᠤᠭᠰᠠᠨ ᠯᠠᠮᠠ ᠠᠷᠢᠶᠠᠪᠠᠯᠤ ᠶᠢᠨ ︽ᠨᠦᠩᠨᠡᠢ ᠶᠢᠨ ᠴᠤᠭᠭ᠎ᠠ︾ ᠶᠢ ᠤᠩᠰᠢᠵᠤ ᠪᠠᠷᠠᠪᠠᠯ ᠢᠷᠦᠬᠡᠯ ᠤᠩᠰᠢᠨ᠎ᠠ᠃ ᠨᠦᠩᠨᠡᠢ ᠳᠤ ᠰᠠᠭᠤᠭᠰᠠᠨ ᠡᠳᠦᠷ ᠤᠨ ᠦᠳᠡ ᠳᠤ ᠯᠠᠮᠠ  ᠴᠠᠪ ᠪᠠᠷᠢᠪᠠᠯ ᠤᠷᠤᠢ ᠨᠢ ᠴᠠᠪ ᠦᠬᠡᠢ᠃ ᠮᠠᠷᠭᠠᠰᠢ ᠠᠴᠠ ᠨᠢ ᠪᠦᠬᠦᠯᠢ ᠬᠤᠨᠤᠭ ᠲᠠᠭᠤ ᠦᠬᠡᠢ ᠰᠠᠭᠤᠨ᠎ᠠ᠃ ᠭᠤᠷᠪᠠᠳᠤᠭᠠᠷ ᠡᠳᠦᠷ ᠤᠨ ᠬᠢᠨᠢ ᠦᠷᠯᠦᠬᠡ ᠡᠷᠳᠡ ᠨᠦᠩᠨᠡᠢ ᠲᠠᠶᠢᠯᠬᠤ ᠳᠤ ᠭᠡᠷ ᠤᠨ ᠡᠵᠡᠨ ᠨᠢ ᠯᠠᠮᠠ  ᠳᠤ ᠮᠦᠷᠬᠦᠨ ᠮᠡᠨᠳᠦᠯᠡᠬᠡᠳ᠂ ᠰᠢᠷ᠎ᠠ ᠲᠤᠰᠤ ᠪᠤᠷᠠᠮ ᠲᠠᠢ ᠭᠤᠯᠢᠷᠳᠠᠭᠰᠠᠨ ᠴᠠᠢ ︵ᠵᠤᠳᠤᠩ︶ ᠪᠠᠷᠢᠵᠤ ᠲᠠᠷᠠᠭ᠎ᠠ ᠨᠢ ᠴᠠᠪ ᠪᠠᠷᠢᠨ᠎ᠠ᠃  ᠨᠦᠩᠨᠡᠢ ᠶᠢ ᠰᠦᠮ᠎ᠡ ᠬᠡᠶᠢᠳ ᠲᠤ ᠨᠠᠶᠢᠳᠠᠵᠤ ᠡᠷᠬᠦᠴᠡ ᠪᠠᠷᠢᠴᠠ ᠦᠭᠴᠦ ᠰᠠᠭᠤᠯᠭᠠᠳᠠᠭ ᠴᠤ ᠪᠤᠢ᠃       ᠬᠡᠦᠭᠡᠳ ᠲᠤ ᠪᠤᠯ ᠪᠤᠶᠠᠨ ᠦᠢᠯᠡᠳᠬᠦ ᠦᠬᠡᠢ  ᠃  ᠭᠡᠭᠡᠭᠳᠡᠭᠰᠡᠨ ᠬᠡᠦᠬᠡᠳ ᠢ ᠰᠢᠨ᠎ᠡ ᠴᠠᠭᠠᠨ ᠪᠦᠰ ᠤᠭᠤᠳᠠ ᠬᠦᠰᠢᠵᠦ ᠲᠤᠳᠤᠷ᠎ᠠ ᠨᠢ ᠬᠢᠭᠡᠳ  ᠂ ᠲᠤᠷᠠᠳᠠᠢ ᠨᠠᠭᠠᠳᠤᠮ ᠲᠤᠭᠯᠠᠭᠠᠮ ᠤᠨ ᠵᠦᠢᠯ ᠪᠤᠶᠤ ᠰᠢᠬᠢᠷ ᠪᠤᠤᠪᠤ ᠬᠢᠵᠦ ᠠᠮᠠᠰᠠᠷ ᠢ ᠨᠢ  ᠪᠢᠳᠡᠬᠦᠯᠡᠨ᠂ ᠬᠦᠳᠡᠭᠡ ᠠᠪᠠᠴᠢᠵᠤ ᠭᠤᠷᠪᠠᠨ ᠵᠠᠮ ᠤᠨ ᠠᠭᠤᠯᠵᠠᠷ ᠲᠡᠭᠡᠷ᠎ᠡ ᠤᠭᠤᠳᠠᠨ ᠤ ᠠᠮᠠᠰᠠᠷ ᠢ ᠨᠢ ᠵᠠᠳᠠᠭᠠᠶᠢᠯᠠᠵᠤ ᠲᠠᠯᠪᠢᠨ᠎ᠠ᠃ ᠪᠤᠴᠠᠬᠤ ᠳᠠᠭᠠᠨ ᠮᠤᠷᠢᠨ ᠤ ᠴᠤᠯᠪᠤᠭᠤᠷ ᠢ ᠰᠤᠯᠠ  ᠲᠠᠯᠪᠢᠵᠤ ᠪᠤᠴᠠᠨ᠎ᠠ ᠃ ᠡᠨᠡ   ᠨᠢ ᠲᠠᠷᠠᠭᠠᠴᠢ ᠶᠢᠨ ᠬᠡᠦᠭᠡᠳ ᠢ ᠴᠤᠯᠪᠤᠭᠤᠷ ᠢᠶᠠᠷ ᠬᠦᠳᠦᠯᠦᠬᠡᠳ ᠢᠷᠡᠨ᠎ᠡ ᠬᠡᠰᠡᠨ ᠰᠠᠨᠠᠭ᠎ᠠ ᠲᠠᠢ ᠠᠵᠢ᠃ ᠡᠶᠢᠮᠦ ᠭᠡᠭᠡᠭᠰᠡᠨ ᠬᠡᠦᠭᠡᠳ ᠲᠡᠭᠡᠷ᠎ᠡ  ᠲᠠᠭᠠᠷᠠᠭᠰᠠᠨ ᠬᠦᠮᠦᠨ ᠬᠡᠦᠭᠡᠳ ᠲᠠᠢ ᠪᠤᠯᠤᠨ᠎ᠠ ᠬᠡᠵᠦ ᠪᠡᠯᠭᠡᠰᠢᠶᠡᠳᠡᠭ ᠪᠦᠬᠡᠳ ᠬᠡᠦᠭᠡᠳ ᠲᠠᠢ ᠠᠶᠢᠯ ᠪᠤᠯ ᠲᠤᠭᠯᠠᠭᠠᠮ ᠤᠨ ᠵᠦᠢᠯ ᠠᠴᠠ ᠨᠢ ᠠᠪᠴᠤ ᠡᠪᠦᠷᠯᠡᠭᠡᠳ ᠰᠢᠭᠤᠳ ᠭᠡᠷ ᠲᠡᠭᠡᠨ ᠬᠠᠷᠢᠳᠠᠭ  ᠪᠠᠶᠢᠵᠠᠢ᠃        ᠲᠡᠭᠡᠷᠡᠬᠢ ᠪᠤᠯ ᠲᠠᠶᠢᠹᠤᠰᠧ ᠮᠤᠩᠭᠤᠯᠴᠤᠳ ᠤᠨ ᠨᠦᠭᠴᠢᠭᠰᠡᠳ ᠢᠶᠠᠨ ᠤᠷᠤᠰᠢᠭᠤᠯᠬᠤ ᠡᠷᠳᠡ ᠦᠶ᠎ᠡ ᠶᠢᠨ ᠶᠤᠰᠤ ᠵᠠᠩᠰᠢᠯ ᠪᠤᠯᠤᠨ᠎ᠠ᠃  ᠪᠠᠷᠤᠭ ᠬᠤᠷᠢᠳᠤᠭᠠᠷ ᠵᠠᠭᠤᠨ ᠤ  ᠲᠦᠴᠢ ᠲᠠᠪᠢᠭᠠᠳ ᠤᠨ ᠤ ᠦᠶ᠎ᠡ ᠠᠴᠠ  ᠡᠬᠢᠯᠡᠭᠡᠳ᠂ ᠲᠠᠶᠢᠹᠤᠰᠧ ᠤᠨ  ᠤᠷᠤᠰᠢᠭᠤᠯᠭ᠎ᠠ ᠶᠢᠨ ᠵᠠᠩ ᠦᠢᠯᠡ  ᠦᠬᠡᠷᠡᠴᠢᠯᠡᠭᠳᠡᠵᠦ᠂ ᠠᠭᠤᠯᠠ  ᠲᠠᠯ᠎ᠠ ᠪᠠᠷ ᠬᠦᠳᠡᠭᠡᠯᠡᠵᠦ ᠲᠠᠯᠪᠢᠳᠠᠭ   ᠢᠶᠠᠨ  ᠪᠤᠯᠢᠭᠠᠳ᠂ ᠭᠠᠯ ᠢᠶᠠᠷ ᠡᠬᠦᠰᠭᠡᠬᠦ ᠪᠤᠯᠤᠭᠰᠠᠨ ᠪᠠᠶᠢᠨ᠎ᠠ᠃  ᠡᠨᠡ ᠨᠢ ᠠᠮᠢᠳᠠᠨ ᠠᠷᠢᠶᠠᠳᠠᠨ ᠴᠦᠭᠡᠷᠡᠭᠰᠡᠨ ᠠᠴᠠ ᠪᠤᠯᠵᠤ᠂ ᠬᠡᠬᠦᠷ ᠪᠡᠶ᠎ᠡ ᠶᠢ ᠬᠦᠳᠡᠭᠡ ᠭᠠᠳᠠᠭ᠎ᠠ  ᠤᠳᠠᠭᠠᠨ ᠭᠡᠪᠳᠡᠬᠦᠯᠬᠦ ᠠᠴᠠ ᠬᠢᠴᠢᠶᠡᠭᠰᠡᠨ ᠶᠠᠪᠤᠳᠠᠯ ᠪᠠᠶᠢᠬ᠎ᠠ  ᠃   ᠬᠡᠬᠦ ᠳᠡᠭᠡᠨ᠂ ᠴᠢᠨᠳᠠᠷ ᠢ ᠭᠠᠷᠭᠠᠬᠤ ᠠᠴᠠ ᠡᠮᠦᠨ᠎ᠡ ᠬᠤᠶᠢᠨᠠᠬᠢ ᠪᠤᠶᠠᠨ ᠤ ᠦᠢᠯᠡ᠂  ᠴᠡᠭᠡᠷ ᠶᠤᠰᠤ ᠨᠢ  ᠤᠷᠢᠳᠤ ᠶᠢᠨ ᠬᠢ ᠲᠠᠢ ᠦᠨᠳᠦᠰᠦᠨ ᠳᠡᠭᠡᠨ ᠠᠳᠠᠯᠢ  ᠃      ᠭᠠᠯ ᠢᠶᠠᠷ ᠲᠡᠭᠳᠡᠭᠡᠬᠦ ᠳᠤ ᠮᠦᠨ ᠠᠳᠠᠯᠢ ᠪᠠᠷ ᠰᠦᠮ᠎ᠡ ᠬᠡᠶᠢᠳ ᠠᠴᠠ ᠯᠠᠮ᠎ᠠ ᠬᠤᠸᠠᠷᠠᠭ ᠵᠠᠯᠠᠵᠤ ᠨᠤᠮ ᠤᠩᠰᠢᠨ ᠮᠠᠨᠢ ᠲᠤᠭᠠᠯᠠᠵᠤ᠂  ᠨᠦᠭᠴᠢᠭᠴᠢ ᠶᠢᠨ ᠠᠷᠢᠭᠤᠨ ᠮᠦᠷ ᠢ ᠵᠢᠭᠠᠵᠤ  ᠦᠭᠬᠦᠨ᠎ᠡ᠃  ᠰᠦᠨᠢ ᠲᠤᠮᠳᠠ ︵12 ᠴᠠᠭ︶  ᠬᠦᠷᠬᠦ ᠳᠤ ᠨᠦᠭᠴᠢᠭᠴᠢ ᠶᠢᠨ ᠢᠪᠡᠭᠡᠯ ᠬᠦᠮᠦᠨ ᠨᠢ ᠴᠢᠨᠳᠠᠷ ᠢ ᠲᠤᠯᠤᠭᠠᠢ ᠶᠢᠨ ᠲᠠᠯ᠎ᠠ ᠠᠴᠠ  ᠬᠦᠳᠡᠯᠬᠡᠨ᠎ᠡ᠃  ᠴᠢᠨᠳᠠᠷ ᠬᠦᠳᠡᠯᠬᠡᠬᠦ ᠬᠦᠮᠦᠨ ᠳᠤ ᠲᠠᠭᠠᠭᠠᠭᠰᠠᠨ ᠯᠠᠮᠠ ᠨᠢ ᠰᠦ ᠠᠮᠰᠠᠭᠤᠯᠳᠠᠭ᠃  ᠡᠨᠡᠬᠦ ᠶᠠᠪᠤᠴᠠ  ᠳᠤ᠂  ᠴᠢᠨᠳᠠᠷ ᠤᠨ ᠡᠮᠦᠨ᠎ᠡ ᠲᠠᠬᠢᠭᠰᠠᠨ ᠠᠶᠠᠭ᠎ᠠ ᠲᠠᠢ ᠬᠠᠷ᠎ᠠ ᠴᠠᠢ᠂  ᠬᠤᠨᠳᠠᠭ᠎ᠠ ᠲᠠᠢ ᠠᠷᠢᠬᠢᠨ ᠲᠡᠭᠡᠷ᠎ᠡ ᠴᠠᠢ ᠪᠠ ᠠᠷᠢᠬᠢ ᠨᠡᠮᠡᠵᠦ ᠰᠡᠷᠬᠦᠬᠡᠬᠦ ᠶᠢᠨ ᠬᠠᠮᠳᠤ  ᠂ ᠪᠠᠷᠢᠭᠰᠠᠨ ᠵᠤᠯᠠ   ᠳᠤ ᠲᠤᠰᠤ ᠨᠡᠮᠡᠵᠦ᠂  ᠬᠦᠵᠢ ᠠᠰᠠᠭᠠᠨ  ᠭᠤᠷᠪᠠᠨᠳᠠ ᠨᠠᠮᠠᠨᠴᠢᠯᠠᠨ ᠮᠦᠷᠬᠦᠨ᠎ᠡ᠃  ᠡᠨᠡ   ᠨᠢ  ᠨᠦᠭᠴᠢᠭᠰᠡᠨ ᠬᠦᠮᠦᠨ ᠢ ᠳ᠋ᠧᠪᠠᠵᠠᠨ ᠤ ᠵᠠᠮ ᠳᠤ  ᠮᠤᠷᠳᠠᠭᠤᠯᠵᠤ ᠪᠠᠶᠢᠨ᠎ᠠ ᠭᠡᠳᠡᠭ᠃  ᠲᠠᠬᠢᠯᠭ᠎ᠠ ᠶᠢᠨ ᠪᠤᠤᠪᠤ  ᠂ ᠰᠢᠬᠢᠷ᠂ ᠵᠢᠮᠢᠰ᠂ ᠴᠠᠢ᠂ ᠠᠷᠢᠬᠢ᠂ ᠭᠤᠸᠠᠩᠲᠸᠦ ᠵᠡᠷᠭᠡ ᠠᠴᠠ ᠲᠡᠭᠡᠵᠢ ᠶᠢ ᠨᠢ ᠠᠪᠴᠤ ᠲᠠᠬᠢᠯᠭ᠎ᠠ ᠶᠢᠨ ᠰᠢᠷᠡᠭᠡᠨ ᠳᠤ  ᠲᠠᠯᠪᠢᠭᠠᠳ᠂ ᠪᠤᠰᠤᠳ ᠢ ᠨᠢ  ᠴᠤᠭᠯᠠᠷᠠᠭᠰᠠᠨ ᠬᠦᠮᠦᠰ ᠲᠤ ᠲᠦᠭᠡᠭᠡᠯ ᠲᠠᠯᠪᠢᠵᠤ᠂  ᠴᠠᠭᠠᠨ ᠤ ᠢᠳᠡᠭᠡᠨ ᠬᠡᠵᠦ ᠢᠳᠡᠬᠦᠯᠳᠡᠭ ᠪᠠᠶᠢᠨ᠎ᠠ᠃         ᠨᠦᠭᠴᠢᠭᠴᠢ ᠶᠢ ᠲᠤᠰᠬᠠᠶᠢᠯᠠᠨ ᠪᠡᠯᠡᠳᠭᠡᠭᠰᠡᠨ ᠮᠤᠳᠤᠨ ᠵᠢᠶᠠᠰᠠᠨ ︵ ᠲᠠᠮᠨᠠᠭᠤᠷ︶ ᠲᠡᠭᠡᠷ᠎ᠡ ᠲᠠᠯᠪᠢᠵᠤ᠂  ᠦᠷᠯᠦᠬᠡ ᠡᠷᠳᠡ ᠢᠪᠡᠭᠡᠯ ᠴᠠᠭ   ᠲᠤᠨᠢ ᠭᠠᠷᠭᠠᠨ᠎ᠠ᠃  ᠤᠷᠢᠳᠤ ᠨᠢ ᠶᠡᠬᠡᠰ ᠯᠠᠮᠠ ᠨᠠᠷ ᠪᠠ ᠨᠤᠶᠠᠳ ᠭᠡᠷᠬᠡᠮᠳᠡᠳ ᠢ ᠪᠤᠯ ᠪᠤᠰᠤᠭ᠎ᠠ ᠠᠪᠰᠠᠨ ᠳᠤ ᠠᠪᠰᠠᠯᠠᠵᠤ ᠬᠠᠶᠢᠯᠤᠭᠤᠯᠤᠨ ᠤᠷᠤᠰᠢᠭᠤᠯᠳᠠᠭ ᠪᠠᠶᠢᠵᠠᠢ᠃ ᠤᠳᠤ  ᠤᠯᠠᠩᠬᠢ ᠠᠶᠢᠯ ᠬᠤᠳᠠᠨ ᠤ ᠬᠢᠨ ᠭᠡᠪᠳᠡᠭᠡ ᠵᠢᠶᠠᠰᠠ ︵ᠲᠠᠮᠨᠠᠭᠤᠷ︶ ᠭᠡᠷᠡᠭᠯᠡᠵᠦ᠂ ᠵᠠᠷᠢᠮ  ᠬᠤᠳᠠ ᠤᠰᠤᠨ ᠤ ᠬᠢᠨ ᠪᠠᠰᠠ ᠪᠤᠰᠤᠭ᠎ᠠ ᠠᠪᠰᠠ ᠭᠡᠷᠡᠭᠯᠡᠵᠦ ᠪᠤᠢ᠃ ᠬᠡᠬᠦ ᠳᠡᠭᠡᠨ ᠤᠷᠤᠰᠢᠭᠤᠯᠬᠤ ᠠᠷᠭ᠎ᠠ ᠨᠢ ᠠᠳᠠᠯᠢ᠂ ᠬᠤᠪᠴᠠᠰᠤᠯᠠᠭᠰᠠᠨ ᠴᠢᠨᠳᠠᠷ ᠢ  ᠬᠦᠰᠢᠵᠦ ᠤᠶᠤᠭᠰᠠᠨ ᠴᠠᠭᠠᠨ ᠤᠭᠤᠳᠠᠨ ᠳᠤ  ᠬᠢᠵᠦ᠂  ᠤᠭᠤᠳᠠᠨ ᠤ  ᠠᠮᠠᠰᠠᠷ ᠢ  ᠪᠢᠳᠡᠬᠦᠯᠡᠭᠡᠳ ᠮᠤᠳᠤᠨ ᠵᠢᠶᠠᠰᠠᠨ ᠳᠠᠭᠠᠨ ᠬᠢᠨ᠎ᠡ᠃  ᠵᠢᠶᠠᠰᠠ ᠬᠢᠬᠦ ᠳᠡᠭᠡᠨ ᠲᠡᠮᠦᠷ ᠬᠠᠳᠠᠭᠠᠰᠤ ᠤᠷᠤᠭᠤᠯᠬᠤ ᠦᠬᠡᠢ ᠪᠠᠷ ᠵᠠᠭᠠᠳᠤᠰᠤᠯᠠᠨ ᠬᠢᠳᠡᠭ᠃  ᠭᠡᠷ ᠠᠴᠠ ᠲᠠᠮᠨᠠᠵᠤ ᠭᠠᠷᠭᠠᠬᠤ ᠳᠤ ᠬᠦᠯ ᠲᠠᠯ᠎ᠠ ᠪᠠᠷ ᠨᠢ ᠴᠤᠩᠬᠤ ᠪᠠᠷ ᠭᠠᠷᠭᠠᠨ᠎ᠠ᠃   ᠡᠬᠦᠳᠡ ᠲᠠᠮᠵᠢᠭᠤᠯᠤᠨ ᠭᠠᠷᠭᠠᠬᠤ ᠴᠢᠬᠤᠯᠠᠳᠠᠢ ᠪᠤᠯ᠂ ᠡᠬᠦᠳᠡᠨ ᠤ ᠬᠠᠳᠠᠪᠴᠢ ᠲᠡᠭᠡᠷ᠎ᠡ  ᠲᠡᠷᠡᠰᠦᠨ ᠤ ᠨᠠᠮᠠᠭ᠎ᠠ ᠪᠤᠶᠤ ᠴᠠᠭᠠᠨ ᠡᠪᠡᠰᠦ ᠲᠡᠪᠢᠰᠴᠦ  ᠲᠤᠮ ᠬᠢᠳᠡᠭ᠃  ᠤᠷᠤᠰᠢᠭᠤᠯᠬᠤ ᠪᠠᠷ ᠶᠠᠪᠤᠬᠤ   ᠳᠤ ᠡᠮᠡᠭᠳᠡᠢ ᠬᠦᠮᠦᠨ  ᠶᠠᠪᠤᠬᠤ ᠦᠬᠡᠢ  ᠂  ᠬᠠᠷᠢᠨ  ᠭᠡᠷ ᠲᠤ ᠬᠤᠴᠤᠷᠴᠤ᠂ ᠭᠡᠷ ᠤᠷᠤᠨ ᠢ ᠱᠦᠬᠦᠷᠳᠡᠵᠦ  ᠴᠡᠪᠡᠷᠯᠡᠨ᠎ᠡ᠃      ᠲᠠᠭᠠᠭᠠᠭᠰᠠᠨ ᠯᠠᠮᠠ ᠤᠷᠤᠰᠢᠭᠤᠯᠬᠤ ᠶᠢᠨ ᠲᠦᠷᠦᠬᠦᠦ ᠡᠳᠦᠷ ᠪᠡᠯᠡᠳᠭᠡᠯ ᠠᠵᠢᠯ ᠢᠶᠠᠨ ᠬᠢᠵᠦ᠂  ᠭᠡᠷᠡᠭᠯᠡᠬᠦ ᠬᠦᠷᠵᠡᠩ ᠳ᠋ᠠᠭ ᠮᠤᠳᠤ ᠪᠠᠨ ᠤᠷᠤᠰᠢᠭᠤᠯᠭ᠎ᠠ ᠶᠢᠨ ᠭᠠᠵᠠᠷ ᠲᠤ ᠠᠪᠠᠴᠢᠵᠤ ᠪᠡᠯᠡᠳᠭᠡᠵᠦ ᠲᠠᠯᠪᠢᠨ᠎ᠠ᠃  ᠭᠠᠷᠭᠠᠬᠤ ᠦᠷᠯᠦᠬᠡ ᠭᠠᠵᠠᠷ ᠲᠡᠭᠡᠷ᠎ᠡ ᠨᠢ ᠤᠴᠢᠵᠤ᠂  ᠵᠦᠭ ᠴᠢᠭ ᠢ ᠰᠠᠶᠢᠳᠤᠷ ᠦᠵᠡᠵᠦ ᠪᠠᠶᠢᠭᠠᠳ ᠬᠤᠨᠢᠨ ᠤ ᠬᠦᠷᠵᠡᠩ ᠳ᠋ᠠᠭ ᠢ ᠵᠡᠷᠭᠡᠯᠡᠵᠦ ᠪᠤᠮᠪᠠ ︵ᠡᠬᠦᠰᠭᠡᠬᠦ ᠵᠤᠤᠬ᠎ᠠ ᠶᠢ ᠬᠡᠯᠡᠵᠦ ᠪᠤᠢ︶  ᠪᠠᠷᠢᠬᠤ ᠪᠦᠬᠡᠳ ᠭᠠᠵᠠᠷ ᠤᠨ ᠬᠦᠷᠦᠰᠦ ᠶᠢ  ᠬᠠᠯᠠᠭᠠᠬᠤ ᠦᠬᠡᠢ ᠬᠡᠮᠡᠨ ᠪᠤᠮᠪᠠ ᠶᠢᠨ ᠲᠤᠤᠷ᠎ᠠ ᠰᠢᠷᠤᠢ ᠶᠢᠨ ᠵᠦᠩ  ᠲᠡᠪᠢᠰᠦᠨ᠎ᠡ᠃  ᠪᠤᠮᠪᠠ ᠶᠢᠨ ᠭᠡᠪᠳᠡᠷᠢ ᠳᠤ   ᠨᠢᠬᠡ ᠠᠶᠠᠭ᠎ᠠ ᠪᠤᠶᠤ ᠫᠢᠯᠠᠨ ᠳᠤ ᠰᠢᠷ᠎ᠠ ᠲᠤᠰᠤ ᠬᠢᠵᠦ ᠲᠠᠯᠪᠢᠳᠠᠭ᠃  ᠡᠬᠦᠨ ᠢ ᠵᠤᠯᠠ ᠪᠠᠷᠢᠵᠤ ᠪᠠᠶᠢᠨ᠎ᠠ ᠬᠡᠵᠦ ᠬᠡᠯᠡᠳᠡᠭ᠃     ᠬᠠᠶᠢᠯᠤᠭᠤᠯᠬᠤ ᠦᠶᠡᠰ ᠵᠡᠷᠭᠡᠯᠡᠭᠰᠡᠨ ᠪᠤᠮᠪᠠ ᠶᠢᠨ ᠲᠤᠳᠤᠷ᠎ᠠ ᠴᠢᠨᠳᠠᠷ ᠢ ᠲᠡᠭᠰᠢ ᠰᠠᠶᠢᠬᠠᠨ ᠲᠠᠯᠪᠢᠭᠰᠠᠨ ᠤ ᠲᠠᠷᠠᠭ᠎ᠠ᠂   ᠪᠡᠯᠡᠳᠭᠡᠵᠦ ᠲᠠᠯᠪᠢᠭᠰᠠᠨ ᠬᠦᠷᠵᠡᠩ ᠳ᠋ᠠᠭ ᠪᠠ  ᠲᠠᠭᠠᠭᠠᠴᠠ ᠰᠠᠶᠢᠳᠠᠢ ᠮᠤᠳᠤ ᠪᠠᠷ ᠲᠡᠭᠡᠬᠦᠷ ᠨᠢ ᠪᠦᠳᠡᠭᠡᠵᠦ᠂  ᠪᠤᠮᠪᠠ   ᠶᠢᠨ ᠲᠦᠷᠪᠡᠨ ᠲᠠᠯ᠎ᠠ ᠳᠤ  ᠦᠯᠡᠳᠡᠭᠡᠭᠰᠡᠨ ᠵᠢᠵᠢᠭ ᠴᠤᠩᠬᠤ ᠤᠳ ᠢᠶᠠᠷ ᠴᠠᠶᠢᠶ᠋ᠢᠦ ᠲᠤᠰᠤ ᠰᠠᠴᠤᠵᠤ ᠬᠢᠨ᠎ᠡ᠃  ᠪᠤᠮᠪᠠ ᠶᠢᠨ ᠲᠤᠯᠤᠭᠠᠢ  ᠲᠠᠯ᠎ᠠ ᠳᠤ ᠭᠤᠷᠪᠠᠨ ᠭᠡᠰᠡᠭ ᠠᠷᠭᠠᠯ ᠨᠤᠴᠤᠭᠠᠵᠤ᠂  ᠲᠠᠭᠠᠭᠠᠭᠰᠠᠨ ᠯᠠᠮᠠ ᠴᠢᠶ᠋ᠢᠦ  ᠲᠤᠰᠤ ᠴᠢᠳᠬᠤᠭᠰᠠᠨ ᠮᠤᠳᠤᠨ ᠡᠰᠢ ᠲᠠᠢ ᠴᠠᠭᠠᠨ ᠪᠦᠰ ᠪᠠᠮᠪᠠᠷ ᠢᠶᠠᠨ ᠠᠷᠭᠠᠯ ᠤᠨ ᠭᠠᠯ   ᠠᠴᠠ ᠭᠠᠯ ᠵᠤᠯᠭᠠᠭᠤᠯᠵᠤ ᠠᠪᠤᠭᠠᠳ  ᠂   ᠠᠮᠠᠨ ᠳᠠᠭᠠᠨ ᠨᠤᠮ ᠤᠩᠰᠢᠵᠤ  ᠂ ᠪᠤᠷᠤᠭᠤ ᠵᠦᠭ ᠢᠶᠠᠷ ᠡᠷᠬᠢᠨ  ᠵᠢᠵᠢᠭ ᠴᠤᠩᠬᠤ ᠤᠳ ᠢᠶᠠᠷ ᠭᠠᠯ ᠤᠷᠤᠭᠤᠯᠳᠠᠭ᠃      ᠭᠠᠯ ᠲᠦᠷᠡᠯᠵᠡᠨ ᠨᠤᠴᠤᠬᠤ ᠦᠶᠡᠰ᠂ ᠴᠠᠭ᠎ᠠ ᠲᠠᠢ ᠬᠦᠮᠦᠰ ᠨᠢ ᠡᠮᠦᠰᠴᠦ ᠵᠡᠬᠦᠵᠦ ᠪᠠᠶᠢᠭᠰᠠᠨ ᠴᠠᠭ᠎ᠠ ᠪᠠᠨ ᠲᠠᠶᠢᠯᠵᠤ ᠭᠠᠯ ᠳᠤ ᠡᠬᠦᠰᠭᠡᠨ᠂  ᠪᠤᠮᠪᠠ ᠶᠢᠨ ᠬᠦᠯ ᠲᠤᠤᠷ᠎ᠠ ᠨᠢ  ᠰᠦᠬᠦᠳᠴᠦ ᠭᠤᠷᠪᠠᠨ ᠵᠡᠷᠭᠡ  ᠮᠦᠷᠬᠦᠬᠦ ᠪᠦᠬᠡᠳ ᠪᠤᠰᠤᠳ ᠬᠦᠮᠦᠰ ᠴᠤ ᠭᠤᠷᠪᠠᠨᠳᠠ ᠮᠦᠷᠬᠦᠵᠦ ᠰᠠᠯᠬᠤ ᠶᠤᠰᠤ ᠬᠦᠢᠴᠡᠳᠭᠡᠳᠡᠭ ᠪᠠᠶᠢᠨ᠎ᠠ᠃      ᠤᠷᠤᠰᠢᠭᠤᠯᠭ᠎ᠠ ᠠᠴᠠ ᠪᠤᠴᠠᠵᠤ ᠢᠷᠡᠭᠰᠡᠨ ᠬᠦᠮᠦᠰ ᠭᠡᠷ ᠲᠤ ᠤᠷᠤᠬᠤ ᠠᠴᠠ ᠪᠠᠨ ᠡᠮᠦᠨ᠎ᠡ ᠪᠡᠯᠡᠳᠭᠡᠵᠦ ᠲᠠᠯᠪᠢᠭᠰᠠᠨ ᠷᠠᠰᠢᠶᠠᠨ ᠤᠰᠤ ︵ᠰᠦ ᠲᠤᠰᠤᠭᠠᠭᠰᠠᠨ ᠤᠰᠤ︶ ᠪᠠᠷ ᠭᠠᠷ ᠢᠶᠠᠨ ᠤᠬᠢᠶᠠᠵᠤ᠂ ᠤᠳᠤᠯᠭ᠎ᠠ ᠲᠠᠯᠪᠢᠭᠰᠠᠨ ᠭᠠᠯ ᠳᠤ ᠪᠡᠶ᠎ᠡ ᠪᠠᠨ ᠠᠷᠢᠭᠤᠳᠬᠠᠭᠠᠳ ᠭᠡᠷ ᠲᠤ ᠪᠠᠭᠤᠳᠠᠭ᠃ ᠪᠡᠯᠡᠳᠭᠡᠭᠰᠡᠨ ᠮᠠᠩᠵᠠ᠂ ᠴᠠᠪ ︵ᠬᠤᠭᠤᠯᠠ ᠴᠠᠢ︶ ᠢᠶᠠᠨ ᠢᠳᠡᠵᠦ ᠪᠠᠷᠠᠭᠰᠠᠨ ᠤ ᠲᠠᠷᠠᠭ᠎ᠠ᠂ ᠲᠠᠭᠠᠭᠠᠭᠰᠠᠨ ᠯᠠᠮᠠ ᠪᠠ ᠢᠷᠡᠭᠰᠡᠨ ᠬᠦᠮᠦᠰ ᠪᠤᠴᠠᠬᠤ ᠳᠤ  ᠪᠤᠶᠠᠨ ᠤ ᠭᠡᠰᠢᠭ ᠬᠡᠮᠡᠨ ᠬᠠᠳᠠᠭ ᠠᠯᠴᠢᠭᠤᠷ᠂  ᠭᠡᠪ ᠤᠨ ᠴᠠᠢ ᠪᠤᠶᠤ ᠠᠷᠢᠬᠢ ᠪᠤᠤᠪᠤ  ᠲᠦᠭᠡᠭᠡᠵᠦ᠂  ᠶᠡᠷᠦ ᠠᠴᠠ ᠭᠠᠷ ᠬᠤᠭᠤᠰᠤᠨ  ᠪᠤᠴᠠᠭᠠᠳᠠᠭ ᠦᠬᠡᠢ᠃       ᠴᠢᠨᠳᠠᠷ ᠢ ᠡᠬᠦᠰᠭᠡᠭᠰᠡᠨ ᠤ ᠲᠠᠷᠠᠭᠠᠬᠢ ᠭᠤᠷᠪᠠᠨ ᠬᠤᠨᠤᠭ ᠲᠡᠭᠡᠷ᠎ᠡ ᠨᠢ ᠬᠡᠦᠭᠡᠳ ᠲᠡᠬᠦᠦᠨᠡᠷ᠂ ᠲᠦᠷᠦᠯ  ᠰᠠᠳᠤᠨ ᠨᠢ ᠱᠠᠷᠢᠯ ᠢ ᠲᠡᠬᠦᠵᠦ ᠪᠤᠮᠪᠠ ᠪᠠᠨ ᠴᠡᠪᠡᠷᠯᠡᠨ᠎ᠡ᠃ ᠡᠬᠦᠰᠦᠭᠰᠡᠨ ᠱᠠᠷᠢᠯ ᠢ ᠴᠠᠭᠠᠨ ᠤᠭᠤᠳᠠᠨ ᠳᠤ ᠲᠡᠬᠦᠵᠦ ᠠᠪᠤᠭᠠᠳ᠂  ᠤᠶᠢᠷ᠎ᠠ ᠤᠷᠴᠢᠮ ᠤᠨ ᠠᠭᠤᠯᠠ ᠲᠤᠪᠤ ᠶᠢᠨ ᠤᠷᠤᠢ ᠪᠠᠷ ᠰᠠᠴᠤᠵᠤ᠂  ᠨᠢᠬᠡ ᠬᠡᠰᠡᠭ ᠢ ᠤᠷᠤᠰᠢᠭᠤᠯᠤᠭᠰᠠᠨ ᠭᠠᠵᠠᠷ ᠲᠤᠨᠢ ᠨᠦᠬᠡ ᠮᠠᠯᠳᠠᠵᠤ  ᠪᠤᠯᠠᠭᠠᠳ᠂  ᠵᠢᠵᠢᠭᠭᠡᠨ ᠲᠡᠮᠳᠡᠭ ᠴᠢᠯᠠᠭᠤ ᠪᠤᠰᠬᠠᠵᠤ  ᠂ ᠡᠮᠦᠨ᠎ᠡ ᠨᠢ ᠵᠤᠯᠠ ᠬᠦᠵᠢ ᠠᠰᠠᠭᠠᠨ ᠭᠠᠰᠢᠭᠤᠳᠠᠨ ᠮᠦᠷᠬᠦᠨ᠎ᠡ᠃  ᠡᠬᠦᠨ ᠤ ᠬᠠᠮᠳᠤ᠂  ᠤᠷᠤᠰᠢᠭᠤᠯᠤᠭᠰᠠᠨ ᠭᠠᠵᠠᠷ ᠲᠠᠬᠢ ᠦᠯᠡᠳᠡᠭᠰᠡᠨ ᠦᠨᠡᠰᠦ ᠴᠢᠨᠳᠠᠷᠤ ᠬᠢᠭᠡᠳ ᠲᠡᠪᠢᠰᠦᠭᠰᠡᠨ ᠵᠦᠩ ᠰᠢᠷᠤᠢ ᠶᠢ ᠲᠠᠷᠬᠠᠭᠠᠵᠤ ᠰᠠᠴᠤᠨ᠎ᠠ᠃       ᠲᠠᠶᠢᠹᠤᠰᠧ ᠨᠤᠳᠤᠭ ᠤᠨ ᠡᠨᠡ ᠬᠦ᠋  ᠭᠠᠯ ᠢᠶᠠᠷ ᠡᠬᠦᠰᠭᠡᠬᠦ ᠤᠷᠤᠰᠢᠭᠤᠯᠭ᠎ᠠ ᠶᠢᠨ ᠦᠢᠯᠡ ᠨᠢ ᠪᠠᠶᠢᠭᠠᠯᠢ ᠤᠷᠴᠢᠨ ᠤ ᠬᠠᠮᠠᠭᠠᠯᠠᠯᠳᠠ ᠳᠤ ᠠᠰᠢᠭᠳᠠᠢ᠂  ᠮᠤᠩᠭᠤᠯᠴᠤᠳ ᠤᠨ ᠨᠡᠬᠦᠳᠡᠯ ᠮᠠᠯᠵᠢᠯ ᠤᠨ ᠵᠠᠩ ᠦᠢᠯᠡ ᠳᠤ ᠨᠡᠶᠢᠴᠡᠭᠰᠡᠨ ᠴᠡᠪᠡᠷ ᠪᠤᠯᠪᠠᠰᠤᠨ ᠠᠷᠭ᠎ᠠ ᠬᠡᠯᠪᠡᠷᠢ ᠪᠠᠶᠢᠵᠤ᠂  ᠨᠡᠶᠢᠳᠡ  ᠮᠤᠩᠭᠤᠯᠴᠤᠳ ᠲᠤ ᠮᠡᠳᠡᠷᠡᠭᠳᠡᠨ ᠦᠨᠡᠯᠡᠭᠳᠡᠵᠦ᠂ ᠤᠯᠠᠨ ᠭᠠᠵᠠᠷ ᠲᠠᠷᠬᠠᠨ ᠲᠡᠯᠭᠡᠷᠡᠭᠰᠡᠨ ᠪᠠᠶᠢᠳᠠᠭ᠃      2008 ᠤᠨ ᠳᠤ ᠲᠠᠶᠢᠹᠤᠰᠧ ᠮᠤᠩᠭᠤᠯᠴᠤᠳ ᠤᠨ ᠤᠷᠤᠰᠢᠭᠤᠯᠭ᠎ᠠ ᠶᠢᠨ ᠶᠤᠰᠤᠨ ᠨᠢ ᠠᠶᠢᠮᠠᠭ ᠤᠨ ᠲᠡᠰ  ᠤᠨ ᠪᠤᠳᠠᠰ ᠤᠨ ᠪᠤᠰᠤ ᠰᠤᠶᠤᠯ ᠤᠨ ᠦᠪ ᠲᠤ ᠲᠠᠩᠰᠠᠯᠠᠭᠳᠠᠭᠠᠳ᠂  ᠬᠦᠨᠪᠤᠯᠠᠭ ᠰᠤᠮᠤᠨ ᠤ ᠪᠤᠷᠤᠬᠤᠳᠠ ᠭᠠᠴᠠᠭᠠᠨ ᠤ ᠮᠠᠯᠴᠢᠨ ᠵᠠᠮᠰᠦ᠋ᠷᠦᠩ  ︵1947 ᠤᠨ — 2022 ᠤᠨ︶ ᠠᠶᠢᠮᠠᠭ ᠤᠨ ᠲᠡᠰ ᠤᠨ ᠦᠪᠯᠡᠨ ᠤᠯᠠᠮᠵᠢᠯᠠᠭᠴᠢ ᠪᠤᠯᠤᠭᠰᠠᠨ ᠪᠠᠶᠢᠨ᠎ᠠ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号