ᠤᠯᠠᠮᠵᠢᠯᠠᠯᠳᠤ ᠵᠠᠩ ᠦᠢᠯᠡ — ᠤᠷᠤᠭ ᠬᠤᠷᠢᠮ ᠤᠨ ᠶᠤᠰᠤᠨ
ᠨᠡᠶᠢᠲᠡᠯᠡᠭᠰᠡᠨ ᠴᠠᠭ᠄
2022/12/13
 ᠬᠡᠤᠬᠡᠨ ᠮᠤᠷᠳᠠᠬᠤ  — ᠬᠠᠷᠢ ᠳᠤ ᠮᠤᠷᠳᠠᠬᠤ ᠬᠡᠦᠬᠡᠨ ᠢ  ᠬᠡᠳᠦᠨ ᠡᠳᠦᠷ ᠤᠨ ᠡᠮᠦᠨ᠎ᠡ ᠤᠶᠢᠷ᠎ᠠ ᠰᠠᠳᠤᠨ ᠤ   ᠳᠤᠨᠢ ᠤᠴᠢᠭᠤᠯᠵᠤ ᠰᠠᠭᠤᠯᠭᠠᠳᠠᠭ᠃ ᠬᠤᠷᠢᠮ ᠤᠨ ᠡᠳᠦᠷ ᠨᠢ ᠬᠡᠦᠬᠡᠨ ᠤ ᠪᠠᠨ ᠲᠤᠯᠤᠭᠠᠢ ᠶᠢ ᠰᠢᠨ᠎ᠡ ᠬᠦᠬᠡ ᠲᠤᠷᠭᠠᠨ ᠠᠯᠴᠢᠭᠤᠷ ᠢᠶᠠᠷ  ᠪᠦᠳᠡᠭᠡᠨ᠎ᠡ  ᠂ ᠡᠬᠦᠨ ᠢ ︽ᠭᠭᠢᠪᠯᠡᠬᠦ︾ ᠭᠡᠳᠡᠭ᠃  ᠬᠦᠷᠭᠡᠨ  ᠭᠡᠷ ᠠᠴᠠ ᠪᠠᠨ ᠮᠤᠷᠳᠠᠵᠤ ᠭᠠᠷᠬᠤ ᠦᠶᠡᠰ᠂ ᠡᠪᠦᠭᠡ ᠲᠡᠭᠡᠳᠦ ᠠᠴᠠ ᠤᠯᠠᠮᠵᠢᠯᠠᠭᠰᠠᠨ ᠮᠤᠩᠭᠤᠯ ᠡᠷ᠎ᠡ ᠶᠢᠨ ᠵᠠᠩᠰᠢᠯ ᠶᠤᠰᠤ ᠪᠠᠷ ᠨᠤᠮ ᠰᠠᠭᠠᠳᠠᠭ ᠠᠭᠰᠠᠭᠤᠯᠵᠤ ᠶᠠᠪᠤᠭᠤᠯᠤᠨ᠎ᠠ᠃ ᠨᠤᠮ ᠰᠠᠭᠠᠳᠠᠭ ᠨᠢ ᠠᠳᠡ ᠡᠷ᠎ᠡ ᠬᠦᠮᠦᠨ ᠤ ᠪᠡᠯᠬᠡ ᠲᠡᠮᠳᠡᠭ᠂ ᠵᠠᠰᠠᠯ ᠴᠢᠮᠡᠭ ᠪᠤᠯᠳᠠᠭ᠃   ᠬᠦᠷᠭᠡᠨ ᠭᠡᠷ ᠠᠴᠠ ᠮᠤᠷᠳᠠᠬᠤ ᠳᠤ ᠬᠤᠷᠢᠮ ᠤᠨ ᠬᠡᠯᠡᠮᠦᠷᠴᠢ ᠠᠴᠠ ᠢᠷᠦᠬᠡᠯ ᠬᠡᠯᠡᠨ᠎ᠡ  ᠂ ᠲᠤᠬᠠᠶᠢᠯᠠᠪᠠᠯ᠄        ︽ᠦᠯᠦᠬᠡᠢ ᠳᠤ ᠦᠰᠦᠭᠰᠡᠨ ᠬᠦᠦ        ᠦᠬᠡᠯᠡᠢ ᠡᠷ᠎ᠡ ᠪᠤᠯᠵᠤ        ᠡᠯᠡᠰᠦᠨ ᠳᠤ ᠲᠦᠷᠦᠭᠰᠡᠨ ᠤᠨᠠᠭ᠎ᠠ        ᠡᠵᠡᠨ ᠤ ᠬᠦᠯᠦᠭ ᠪᠤᠯᠳᠠᠭ        ᠡᠷ᠎ᠡ ᠶᠢᠨ ᠴᠡᠭᠡᠯ ᠳᠤ ᠬᠦᠷᠪᠡᠯ        ᠡᠭᠡᠨᠡᠷ ᠭᠡᠷᠭᠡᠢ ᠪᠠᠨ ᠪᠠᠭᠤᠯᠭᠠᠳᠠᠭ        ᠡᠷᠳᠡᠨ ᠲᠡᠭᠡᠳᠦ ᠶᠢᠨ ᠵᠠᠩ ᠵᠠᠩᠰᠢᠯ        ᠡᠬᠡᠨᠡᠭᠳ᠋ᠨ ᠬᠦᠮᠦᠨ ᠪᠦᠬᠦᠨ ᠤ ᠶᠤᠰᠤ ᠵᠢᠷᠤᠮ        ᠦᠯᠵᠡᠢ ᠮᠦᠷ ᠲᠠᠢ ᠰᠠᠶᠢᠨ ᠡᠳᠦᠷ ᠲᠤ        ᠦᠪᠴᠢ ᠵᠡᠪᠰᠡᠭᠯᠡᠨ ᠮᠤᠷᠳᠠᠵᠤ        ᠦᠬᠡᠳᠡᠯᠡᠬᠦ ᠵᠠᠮ ᠢᠶᠠᠨ ᠨᠡᠬᠡᠬᠡᠵᠦ        ᠦᠨᠢᠳᠡ ᠶᠢᠨ ᠵᠢᠷᠭᠠᠯ ᠢᠶᠠᠨ ᠪᠦᠳᠦᠭᠡᠨᠡᠮ        ᠠᠷᠤ ᠨᠤᠳᠤᠭ ᠲᠠᠭᠠᠨ ᠠᠯᠳᠠᠷ ᠲᠠᠢ ᠶᠠᠪᠤ        ᠠᠬ᠎ᠠ ᠲᠡᠬᠦᠦ ᠠᠶᠢᠮᠠᠭ ᠲᠠᠭᠠᠨ ᠬᠦᠨᠳᠦᠳᠡᠢ ᠶᠠᠪᠤ        ᠲᠠᠪᠤᠨ ᠬᠤᠰᠢᠭᠤ ᠮᠠᠯ ᠢᠶᠠᠨ        ᠲᠠᠯ᠎ᠠ ᠲᠦᠬᠦᠷᠡᠩ ᠪᠡᠯᠴᠢᠬᠡᠵᠦ ᠶᠠᠪᠤ        ᠲᠠᠩᠰᠤᠭ ᠪᠠᠶᠠᠨ ᠠᠮᠢᠳᠤᠷᠠᠯ ᠢᠶᠠᠨ        ᠲᠠᠪᠠᠳᠠᠢ ᠰᠠᠶᠢᠬᠠᠨ ᠡᠳ᠋ᠯᠡᠵᠦ ᠶᠠᠪᠤ        ᠠᠪᠤ ᠡᠵᠢ ᠳᠡᠭᠡᠨ ᠠᠴᠢᠯᠠᠯ ᠲᠠᠢ ᠶᠠᠪᠤ        ᠠᠪᠠᠯᠢ ᠨᠦᠬᠦᠷ ᠲᠡᠭᠡᠨ ᠡᠶᠡᠯᠳᠡᠭ ᠶᠠᠪᠤ        ᠠᠶᠢᠮᠠᠭ ᠤᠭᠰᠠᠭ᠎ᠠ ᠳᠠᠭᠠᠨ ᠭᠠᠪᠢᠶ᠎ᠠ ᠲᠠᠢ ᠶᠠᠪᠤ        ᠠᠷᠠᠳ ᠤᠯᠠᠨ ᠳᠠᠭᠠᠨ ᠲᠤᠰᠠᠳᠠᠢ ᠶᠠᠪᠤ        ᠲᠦᠷᠦ ᠳᠤ  ᠨᠡᠷ᠎ᠡ ᠪᠠᠨ ᠮᠠᠨᠳᠤᠭᠤᠯᠵᠤ        ᠲᠦᠮᠡᠨ ᠳᠤ ᠬᠦᠴᠦᠨ ᠪᠠᠨ ᠡᠷᠬᠦᠬᠦ        ᠦᠨᠢ ᠤᠳᠠᠭᠠᠨ ᠵᠢᠷᠭᠠᠵᠤ        ᠦᠯᠵᠡᠢ ᠮᠦᠷ ᠲᠠᠢ ᠰᠠᠶᠢᠬᠠᠨ ᠶᠠᠪᠤ        ᠪᠦᠬᠦ ᠨᠠᠰᠤᠨ ᠤ ᠪᠤᠶᠠᠨ ᠵᠢᠷᠭᠠᠯ        ᠪᠦᠷᠢᠨ ᠲᠡᠬᠦᠯᠳᠡᠷ ᠪᠠᠳᠤᠵᠢᠳᠤᠭᠠᠢ︾  ᠬᠡᠮᠡᠨ ᠢᠷᠦᠬᠡᠯ ᠠᠶᠢᠯᠠᠳᠬᠠᠵᠤ᠂ ᠮᠦᠩᠬᠦᠨ ᠠᠶᠠᠭᠠᠨ ᠳᠤ ᠮᠡᠯᠮᠡᠯᠵᠡᠳᠡᠯ᠎ᠡ ᠰᠦ ᠪᠢᠯᠬᠠᠭᠤᠯᠵᠤ ᠬᠦᠦ ᠳᠡᠭᠡᠨ ᠠᠮᠰᠠᠭᠤᠯᠤᠭᠠᠳ ᠮᠤᠷᠳᠠᠭᠤᠯᠤᠨ᠎ᠠ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号