ᠤᠯᠠᠮᠵᠢᠯᠠᠯᠳᠤ ᠵᠠᠩ ᠦᠢᠯᠡ — ᠤᠷᠤᠭ ᠬᠤᠷᠢᠮ ᠤᠨ ᠶᠤᠰᠤᠨ
ᠨᠡᠶᠢᠲᠡᠯᠡᠭᠰᠡᠨ ᠴᠠᠭ᠄
2022/12/13
   ᠬᠤᠷᠢᠮ ᠤᠨ  ᠶᠤᠰᠤᠯᠠᠯ — ᠬᠤᠷᠢᠮ ᠨᠠᠶᠢᠷ ᠲᠤ ᠤᠷᠤᠯᠴᠠᠬᠤ ᠬᠦᠮᠦᠰ ᠴᠤ ᠬᠤᠷᠢᠮ ᠤᠨ ᠶᠤᠰᠤᠯᠠᠯ ᠢ ᠶᠡᠬᠡᠪᠡᠷ ᠬᠦᠨᠳᠦᠳᠭᠡᠨ ᠦᠵᠡᠵᠦ᠂  ᠬᠤᠶᠠᠷ  ᠲᠠᠯ᠎ᠠ ᠶᠢᠨ ᠬᠢᠨ ᠪᠦᠷ ᠦᠨᠳᠦᠰᠦᠳᠡᠨ ᠤ ᠬᠤᠪᠴᠠᠰᠤ ᠵᠠᠰᠠᠯ ᠢᠶᠠᠷ  ᠢᠶᠠᠨ ᠭᠤᠶᠤᠵᠤ  ᠂ ᠭᠡᠭᠡᠮᠰᠦᠭ ᠰᠠᠶᠢᠬᠠᠨ ᠲᠡᠪᠡᠯ ᠲᠡᠷᠯᠢᠭ᠂  ᠮᠠᠯᠠᠭᠠᠢ᠂ ᠪᠦᠰᠡ᠂ ᠭᠤᠳᠤᠯ ᠢᠶᠠᠨ ᠡᠮᠦᠰᠴᠦ ᠬᠦᠷᠦᠯᠴᠡᠨ ᠢᠷᠡᠨ᠎ᠡ᠃      ᠬᠤᠳᠠ ᠬᠤᠳᠠᠭᠠᠢ ᠨᠠᠷ  ᠬᠡᠦᠬᠡᠨ ᠲᠠᠯ᠎ᠠ ᠶᠢᠨ ᠡᠬᠦᠳᠡᠨ ᠳᠤ ᠪᠠᠭᠤᠬᠤ ᠳᠤ ᠬᠦᠨᠳᠦ ᠶᠤᠰᠤᠷᠬᠠᠭ ᠢᠶᠠᠷ ᠤᠭᠳᠤᠨ ᠠᠪᠴᠤ᠂ ᠭᠡᠷ ᠲᠡᠭᠡᠨ ᠵᠠᠯᠠᠵᠤ ᠤᠷᠤᠭᠤᠯᠤᠨ᠎ᠠ᠃ ᠲᠤᠰᠴᠤ ᠤᠭᠳᠤᠬᠤ ᠳᠠᠭᠠᠨ ᠪᠠᠰᠠ ᠬᠦᠩᠬᠡᠮᠰᠦᠭ  ᠨᠠᠶᠢᠷᠰᠠᠭ ᠦᠬᠡ ᠪᠠᠷ᠄        ︽ᠠᠯᠳᠠᠨ ᠤᠷᠤᠭ ᠠᠴᠠ ᠢᠷᠡᠭᠰᠡᠨ ᠬᠦᠨᠳᠦᠳᠦ ᠬᠤᠳᠠ ᠬᠤᠳᠠᠭᠠᠢ ᠨᠠᠷ        ᠠᠯᠤᠰ ᠬᠤᠯᠠ   ᠶᠢᠨ ᠠᠶᠠᠨ ᠵᠠᠮ ᠳᠠᠭᠠᠨ        ᠠᠯᠵᠢᠶᠠᠯ ᠦᠬᠡᠢ ᠠᠮᠤᠷᠬᠠᠨ ᠰᠠᠶᠢᠨ ᠮᠤᠷᠢᠯᠠᠪᠠ ᠤᠤ        ᠤᠷᠤᠭ ᠤᠷᠤᠭ ᠲᠠᠭᠠᠨ ᠬᠦᠨᠳᠦ        ᠤᠷᠭᠤᠭᠰᠠᠨ ᠮᠤᠳᠤ ᠭᠠᠵᠠᠷ ᠲᠠᠭᠠᠨ ᠬᠦᠨᠳᠦ        ᠡᠯᠢᠬᠡᠨ ᠤᠷᠤᠭ ᠰᠠᠳᠤᠨ ᠤ        ᠡᠷᠬᠢᠮ ᠬᠤᠳᠠ ᠬᠤᠳᠠᠭᠠᠢ ᠨᠠᠷ        ᠡᠷᠡᠭᠡᠯᠡᠯ ᠦᠬᠡᠢ ᠪᠠᠷ        ᠡᠩ ᠲᠡᠷᠢᠬᠦᠨ ᠳᠤ ᠮᠤᠷᠢᠯᠠᠨ ᠪᠠᠭᠤᠭᠠᠷᠠᠢ︾ ᠬᠡᠵᠦ ᠬᠦᠨᠳᠦᠳᠭᠡᠨ ᠵᠠᠯᠠᠵᠤ  ᠭᠡᠷ ᠲᠤ ᠤᠷᠤᠭᠤᠯᠤᠨ᠎ᠠ᠃       ᠬᠦᠷᠭᠡᠨ ᠨᠢ ᠬᠠᠳᠠᠮ ᠤᠨ   ᠳᠠᠭᠠᠨ ᠬᠦᠷᠦᠭᠰᠡᠨ ᠤ ᠲᠠᠷᠠᠭ᠎ᠠ ᠤᠷᠢᠳᠠᠪᠠᠷ ᠪᠤᠷᠬᠠᠨ ᠳᠤᠨᠢ ᠮᠦᠷᠬᠦᠵᠦ᠂ ᠲᠠᠬᠢᠨ ᠬᠡᠷ ᠤᠨ ᠠᠬᠠᠮᠠᠳ ᠨᠠᠰᠤᠳᠠᠨ ᠲᠤᠮᠤᠭᠠᠳᠠᠨ ᠳᠤᠨᠢ ᠦᠶ᠎ᠡ ᠲᠠᠷᠠᠭᠠᠯᠠᠨ ᠠᠷᠢᠬᠢ ᠪᠠᠷᠢᠵᠤ ᠮᠦᠷᠬᠦᠨ ᠵᠤᠯᠭᠠᠨ᠎ᠠ᠃ ᠡᠨᠡ  ᠦᠶᠡᠰ ᠵᠠᠷᠢᠮ ᠭᠠᠵᠠᠷ ᠨᠢ ᠪᠠᠰᠠ ᠱᠠᠭ᠎ᠠ ᠮᠤᠯᠳᠤᠯᠬᠤ᠂ ᠬᠦᠵᠦᠬᠦᠦ ᠨᠤᠭᠤᠯᠬᠤ ᠮᠡᠳᠦ ᠪᠠᠷ ᠬᠦᠷᠭᠡᠨ   ᠤ  ᠪᠠᠨ ᠬᠦᠴᠦ ᠴᠢᠳᠠᠯ ᠢ ᠲᠡᠩᠰᠡᠳᠡᠭ ᠵᠠᠩᠰᠢᠯ   ᠲᠠᠢ᠃ ᠢᠩᠬᠢᠵᠦ ᠪᠠᠷᠠᠪᠠᠯ ᠬᠠᠳᠠᠮ ᠤᠨ ᠲᠠᠯ᠎ᠠ ᠠᠴᠠ ᠬᠦᠷᠭᠡᠨ ᠳᠡᠭᠡᠨ  ᠰᠢᠨ᠎ᠡ  ᠲᠡᠪᠡᠯ ᠬᠤᠪᠴᠠᠰᠤ  ᠡᠮᠦᠰᠭᠡᠵᠦ᠂ ᠬᠡᠦᠬᠡᠨ ᠲᠠᠯ᠎ᠠ ᠶᠢᠨ ᠶᠡᠭᠡ ᠬᠤᠷᠢᠮ ᠤᠨ ᠨᠠᠶᠢᠷ ᠡᠬᠢᠯᠡᠨ᠎ᠡ᠃       ᠬᠤᠷᠢᠮ ᠤᠨ ᠰᠢᠷᠡᠭᠡᠨ ᠳᠤ ᠬᠤᠶᠠᠷ ᠲᠠᠯ᠎ᠠ ᠶᠢᠨ ᠬᠢᠨ ᠲᠤᠰ ᠲᠤᠰ ᠪᠡᠷᠢ ᠲᠤᠰᠬᠤ ᠲᠡᠷᠢᠬᠦᠨ ᠬᠤᠳᠠ᠂ ᠲᠡᠳ᠋ ᠬᠤᠳᠠ᠂ ᠬᠦᠦ ᠶᠢᠨ ᠲᠠᠯ᠎ᠠ ᠠᠴᠠ ᠠᠬᠠᠯᠠᠬᠤ ᠲᠡᠬᠦᠦᠴᠢᠯᠡᠬᠦ ᠬᠦᠮᠦᠨ᠂  ᠬᠡᠦᠬᠡᠨ ᠤ ᠲᠠᠯ᠎ᠠ ᠶᠢᠨ ᠪᠡᠷᠢ ᠬᠦᠷᠭᠡᠬᠦ ᠬᠤᠳᠠᠭᠠᠢ᠂ ᠪᠡᠷᠭᠡᠨ ᠵᠡᠷᠭᠡ ᠬᠦᠮᠦᠰ ᠢ  ᠬᠦᠨᠳᠦᠳᠭᠡᠨ ᠰᠠᠭᠠᠳᠠᠭᠤᠯᠵᠤ᠂  ᠬᠤᠶᠠᠷ ᠲᠠᠯ᠎ᠠ ᠶᠢᠨ ᠬᠤᠳᠠ ᠶᠢ ᠨᠠᠶᠢᠷ ᠤᠨ ᠰᠢᠷᠡᠭᠡᠨ ᠤ ᠲᠡᠷᠢᠬᠦᠨ ᠰᠠᠭᠤᠳᠠᠯ ᠳᠤ ᠵᠠᠯᠠᠨ ᠰᠠᠭᠤᠯᠭᠠᠵᠤ᠂ ᠬᠤᠷᠢᠮ ᠤᠨ ᠶᠤᠰᠤᠯᠠᠯ ᠡᠬᠢᠯᠡᠨ᠎ᠡ  ᠃  ︽ᠬᠤᠷᠢᠮ ᠳᠤ ᠨᠤᠶᠠᠨ ᠦᠬᠡᠢ᠂ ᠬᠤᠳᠳᠤᠭ ᠲᠤ ᠵᠢᠭᠠᠰᠤ ᠦᠬᠡᠢ︾  ᠬᠡᠵᠦ᠂ ᠬᠤᠷᠢᠮ ᠤᠨ ᠶᠤᠰᠤᠯᠠᠯ ᠳᠤ ᠵᠡᠷᠭᠡ ᠵᠢᠩᠰᠡ ᠶᠢ  ᠴᠢᠬᠤᠯᠠᠴᠢᠯᠠᠬᠤ ᠦᠬᠡᠢ᠂ ᠬᠠᠷᠢᠨ ᠠᠬᠠᠮᠠᠳ ᠲᠤᠮᠤᠭᠠᠳᠠᠳ ᠢ ᠬᠦᠨᠳᠦᠳᠭᠡᠵᠦ ᠲᠡᠭᠡᠷ᠎ᠡ ᠰᠠᠭᠤᠳᠠᠯ ᠳᠤ ᠰᠠᠭᠤᠯᠭᠠᠨ᠎ᠠ᠃ ᠬᠤᠷᠢᠮ ᠤᠨ ᠶᠤᠰᠤᠯᠠᠯ ᠳᠤ ᠤᠷᠤᠯᠴᠠᠭᠰᠠᠨ ᠬᠤᠯᠠ  ᠤᠶᠢᠷ᠎ᠠ ᠶᠢᠨ ᠰᠠᠳᠤᠨ ᠲᠦᠷᠦᠯ ᠬᠡᠶᠢᠴᠢᠨ ᠵᠤᠴᠢᠳ ᠴᠤ ᠰᠢᠨ᠎ᠡ ᠬᠤᠪᠴᠠᠰᠤ ᠪᠠᠨ ᠡᠮᠦᠰᠦᠨ᠂ ᠲᠤᠯᠤᠭᠠᠢ ᠶᠢᠨ ᠵᠠᠰᠠᠯ ᠢᠶᠠᠨ ᠵᠡᠬᠦᠵᠦ᠂ ᠬᠤᠶᠠᠷ ᠬᠡᠦᠬᠡᠳ ᠤᠨ ᠦᠨᠢ ᠤᠳᠠᠭᠠᠨ ᠦᠯᠵᠡᠢ ᠵᠢᠷᠭᠠᠯ ᠲᠠᠢ ᠪᠤᠯᠬᠤ ᠶᠢ ᠪᠡᠯᠭᠡᠯᠡᠵᠦ᠂  ᠬᠤᠷᠢᠮ ᠤᠨ ᠶᠤᠰᠤᠯᠠᠯ ᠢ ᠬᠦᠨᠳᠦᠳᠭᠡᠨ ᠦᠵᠡᠳᠡᠭ᠃ ᠬᠦᠦ ᠲᠠᠯ᠎ᠠ ᠠᠴᠠ ᠬᠦᠦ ᠶᠢᠨ ᠢᠶᠠᠨ ᠢᠪᠡᠭᠡᠯ ᠵᠢᠯ ᠲᠠᠢ ᠡᠯᠢᠬᠡ ᠪᠦᠳᠦᠨ ᠠᠬᠠᠮᠠᠳ ᠲᠤᠮᠤᠭᠠᠳᠠᠨ ᠢ ᠰᠤᠩᠭᠤᠵᠤ᠂ ᠮᠦᠷᠬᠦᠬᠦᠯᠬᠦ ᠡᠴᠢᠭᠡ ᠡᠬᠡ ᠪᠠᠷ ᠵᠠᠯᠠᠳᠠᠭ᠃ ᠮᠦᠷᠬᠦᠬᠦᠯᠦᠭᠰᠡᠨ ᠡᠴᠢᠬᠡ ᠨᠢ ᠰᠢᠨ᠎ᠡ ᠪᠡᠷᠢ ᠶᠢ ᠬᠠᠳᠠᠮ  ᠤᠨ ᠳᠤ ᠢᠷᠡᠭᠰᠡᠨ ᠤ ᠲᠠᠷᠠᠭ᠎ᠠ ᠪᠡᠷᠢ ᠶᠢ  ᠲᠠᠭᠠᠭᠤᠯᠵᠤ ᠭᠠᠯ ᠳᠤ ᠮᠦᠷᠬᠦᠬᠦᠯᠬᠦ᠂ ᠬᠠᠳᠠᠮ ᠡᠴᠢᠬᠡ ᠡᠬᠡ ᠠᠬᠠᠮᠠᠳ  ᠲᠤᠮᠤᠭᠠᠳᠠᠨ ᠳᠤᠨᠢ ᠠᠷᠢᠬᠢ ᠪᠠᠷᠢᠭᠤᠯᠵᠤ ᠮᠦᠷᠬᠦᠬᠦᠯᠬᠦ ᠶᠤᠰᠤᠯᠠᠯ ᠢ ᠬᠦᠢᠴᠡᠳᠭᠡᠬᠦ ᠶᠢᠨ ᠬᠠᠮᠳᠤ᠂ ᠬᠡᠦᠬᠡᠨ ᠤ ᠦᠰᠦ  ᠶᠢ ᠵᠠᠭᠠᠳᠤᠰᠤᠯᠠᠨ ᠰᠠᠯᠭᠠᠵᠤ᠂ ᠰᠠᠨᠴᠢᠭ ᠰᠦᠢᠬᠡ ᠪᠤᠭᠤᠳᠠᠰᠤ ᠵᠡᠷᠭᠡ ᠲᠤᠯᠤᠭᠠᠢ ᠶᠢᠨ ᠵᠠᠰᠠᠯ ᠢ ᠵᠡᠬᠦᠯᠬᠡᠨ᠂ ᠬᠦᠮᠦᠨ ᠪᠤᠯᠤᠭᠰᠠᠨ ᠬᠦᠢᠴᠡᠳᠭᠡᠯ ᠢ ᠪᠦᠷᠢᠨ ᠪᠡᠶᠡᠯᠡᠬᠦᠯᠳᠡᠭ᠃ ᠡᠶᠢᠮᠦ ᠠᠴᠠ  ᠮᠦᠷᠬᠦᠬᠦᠯᠦᠭᠰᠡᠨ  ᠡᠴᠢᠬᠡ ᠡᠬᠡ ᠶᠢ ︽ᠬᠠᠷ᠎ᠠ ᠦᠰᠦ   ᠶᠢ ᠨᠢ ᠬᠠᠭᠠᠯᠵᠤ᠂ ᠬᠠᠯᠠᠭᠤᠨ ᠭᠠᠯ ᠳᠤᠨᠢ ᠮᠦᠷᠬᠦᠬᠦᠯᠦᠭᠰᠡᠨ︾ ᠬᠡᠵᠦ᠂ ᠬᠤᠶᠠᠷ ᠭᠡᠷ ᠤᠨ ᠡᠴᠢᠬᠡ ᠡᠬᠡ  ᠲᠠᠢ ᠪᠠᠨ ᠡᠬᠡᠬᠡ ᠠᠳᠠᠯᠢ ᠪᠠᠷ ᠦᠵᠡᠵᠦ ᠬᠦᠨᠳᠦᠳᠭᠡᠳᠡᠭ᠃      ᠬᠤᠷᠢᠮ ᠤᠨ ᠰᠢᠷᠡᠭᠡ ᠡᠬᠢᠯᠡᠬᠦ ᠠᠴᠠ ᠡᠮᠦᠨ᠎ᠡ᠂  ᠬᠤᠯᠠ   ᠠᠴᠠ ᠮᠤᠷᠢ ᠤᠨᠤᠭ᠎ᠠ ᠲᠠᠢ ᠬᠡᠦᠬᠡᠨ ᠲᠤᠰᠬᠤ ᠪᠠᠷ ᠢᠷᠡᠭᠰᠡᠨ ᠭᠡᠶᠢᠴᠢᠨ ᠤ ᠵᠠᠮ ᠤᠨ ᠵᠦᠳᠡᠷᠡᠭᠡ ᠶᠢ ᠲᠠᠶᠢᠯᠬᠤ ᠬᠡᠮᠡᠨ ᠭᠤᠷᠪᠠᠨ ᠬᠡᠮ ᠠᠷᠢᠬᠢ ᠪᠠᠷᠢᠵᠤ ᠬᠤᠭᠤᠯᠠ  ᠪᠤᠳᠠᠭ᠎ᠠ ᠪᠠᠷᠢᠨ᠎ᠠ᠃ ᠵᠢᠩᠬᠢᠨᠢ ᠨᠠᠶᠢᠷ ᠤᠨ ᠰᠢᠷᠡᠭᠡ ᠡᠬᠢᠯᠡᠮᠡᠭᠴᠡ ᠰᠢᠷᠡᠭᠡᠨ ᠤ ᠭᠤᠷᠪᠠᠨ ᠭᠡᠮ ᠠᠷᠢᠬᠢ ᠪᠠᠷᠢᠭᠰᠠᠨ ᠤ ᠲᠠᠷᠠᠭ᠎ᠠ ᠬᠡᠮ ᠤᠨ ᠲᠤᠭ᠎ᠠ ᠶᠢ ᠶᠠᠷᠢᠯᠴᠠᠨ ᠲᠤᠭᠳᠠᠭᠠᠳᠠᠭ᠃ ᠡᠬᠦᠨ ᠳᠤ ᠬᠡᠦᠬᠡᠨ ᠲᠠᠯ᠎ᠠ ᠶᠢᠨ ᠰᠢᠷᠡᠭᠡᠨ ᠲᠠᠭᠠᠭᠠᠮᠠᠯ  ᠠᠴᠠ ︽ᠠᠪᠤ ᠡᠵᠢ ᠶᠢᠨ ᠬᠢᠨᠢ ᠵᠤᠷᠢᠭᠰᠠᠨ ᠬᠡᠮ ᠠᠷᠪᠠᠨ ᠨᠠᠢᠮᠠ  ︾ ᠭᠡᠬᠦ ᠮᠡᠳᠦ ᠪᠠᠷ ᠡᠯᠪᠡᠭ ᠰᠠᠶᠢᠬᠠᠨ ᠬᠡᠯᠡᠬᠦ ᠳᠤ᠂  ᠬᠦᠦ ᠲᠠᠯ᠎ᠠ ᠶᠢᠨ ᠬᠤᠳᠠ ᠨᠠᠷ ᠤᠴᠢᠷ ᠰᠢᠯᠳᠠᠭᠠᠨ ᠬᠡᠯᠡᠵᠦ ᠠᠯᠢ ᠪᠤᠯᠬᠤ ᠪᠠᠷ ᠴᠦᠬᠡᠨ  ᠪᠤᠯᠭᠠᠬᠤ ᠪᠠᠷ ᠴᠢᠷᠮᠠᠶᠢᠨ᠎ᠠ ᠃  ᠲᠡᠬᠡᠵᠦ ᠮᠡᠳᠭᠡᠯᠴᠡᠨ ᠶᠠᠷᠢᠯᠴᠠᠭᠰᠠᠭᠠᠡᠷ ᠦᠨᠳᠦᠰᠦᠨ   ᠳᠡᠭᠡᠨ ᠶᠢᠰᠦᠨ ᠬᠡᠮ ᠤᠨ ᠲᠤᠭ᠎ᠠ ᠲᠡᠭᠡᠷ᠎ᠡ  ᠲᠤᠭᠳᠠᠳᠠᠭ  ᠪᠠᠶᠢᠨ᠎ᠠ᠃ ᠡᠨᠡᠬᠦ ᠶᠢᠰᠦᠨ ᠬᠡᠮ ᠢᠶᠠᠨ ᠭᠤᠷᠪᠠ ᠭᠤᠷᠪᠠᠨ ᠬᠡᠮ ᠢᠶᠠᠷ  ᠠᠩᠬᠢᠯᠠᠨ ᠬᠤᠪᠢᠶᠠᠵᠤ᠂ ᠬᠤᠨᠳᠠᠭ᠎ᠠ ᠬᠡᠮ ᠢ ᠶᠡᠬᠡᠰᠭᠡᠭᠰᠡᠭᠡᠷ ᠪᠠᠶᠢᠭᠠᠳ᠂ ᠬᠠᠮᠤᠭ  ᠰᠡᠬᠦᠯᠴᠢ ᠶᠢᠨ ᠬᠡᠮ ᠢ ᠮᠦᠩᠬᠦᠨ  ᠬᠡᠮ ᠢᠶᠠᠷ ᠪᠠᠷᠢᠳᠠᠭ᠃  ᠮᠦᠩᠬᠦᠨ ᠬᠡᠮ ᠪᠠᠷᠢᠬᠤ ᠳᠠᠭᠠᠨ ᠶᠡᠭᠡ ᠪᠠᠭ᠎ᠠ ᠨᠢ ᠠᠳᠠᠯᠢ ᠦᠬᠡᠢ ᠭᠤᠷᠪᠠᠨ ᠮᠦᠩᠬᠦᠨ ᠠᠶᠠᠭ᠎ᠠ ᠶᠢ ᠲᠠᠪᠬᠤᠷᠯᠠᠨ ᠲᠠᠯᠪᠢᠵᠤ᠂ ᠲᠤᠰ ᠪᠦᠷᠢ ᠨᠢᠬᠡ ᠬᠡᠮ ᠪᠠᠷᠢᠨ᠎ᠠ ᠭᠡᠳᠡᠭ᠃ ᠭᠡᠪᠡᠴᠦ ᠬᠠᠮᠤᠭ ᠤᠨ ᠲᠤᠮᠤ ᠮᠦᠩᠬᠦᠨ ᠠᠶᠠᠭ᠎ᠠ ᠨᠢ ᠪᠠᠷᠤᠭ ᠬᠠᠭᠠᠰ ᠵᠢᠩ ᠤᠷᠤᠬᠤ ᠲᠤᠯᠠ  ᠰᠢᠷᠡᠭᠡᠨ ᠳᠤ ᠰᠠᠭᠤᠭᠰᠠᠨ ᠬᠦᠮᠦᠰ ᠶᠠᠷᠢᠯᠴᠠᠨ᠂ ᠲᠤᠮᠳᠠ ᠬᠡᠮ ᠢᠶᠠᠷ ᠨᠢᠬᠡ᠂ ᠪᠠᠭ᠎ᠠ ᠬᠡᠮ ᠢᠶᠠᠷ ᠬᠤᠶᠠᠷ ᠭᠡᠬᠦ ᠮᠡᠳᠦᠴᠢᠯᠡᠨ ᠠᠷᠢᠬᠢᠨ ᠤ ᠬᠡᠮᠵᠢᠶ᠎ᠡ ᠶᠢ ᠪᠠᠭᠠᠰᠬᠠᠳᠠᠭ᠃ ᠬᠡᠮ ᠤᠨ ᠲᠤᠭ᠎ᠠ ᠲᠤᠭᠳᠠᠭᠰᠠᠨ ᠤ ᠲᠠᠷᠠᠭ᠎ᠠ ᠬᠦᠦ ᠲᠠᠯ᠎ᠠ ᠴᠤ ᠠᠳᠠᠯᠢ ᠲᠤᠭ᠎ᠠ ᠪᠠᠷ  ᠪᠠᠷᠢᠨ᠎ᠠ᠂ ᠭᠡᠪᠡᠴᠦ ᠠᠷᠢᠬᠢᠨ ᠤ ᠬᠡᠮᠵᠢᠶ᠎ᠡ   ᠨᠢ ᠬᠡᠦᠬᠡᠨ ᠲᠠᠯ᠎ᠠ ᠠᠴᠠ ᠪᠠᠭ᠎ᠠ ᠰᠠᠭ᠎ᠠ ᠢᠯᠡᠬᠦᠦ ᠪᠠᠶᠢᠵᠤ ᠪᠤᠯᠳᠠᠭ᠃ ᠰᠢᠷᠡᠭᠡᠨ ᠤ ᠵᠠᠭᠤᠰᠢ ᠶᠢ ᠬᠠᠯᠠᠭᠤᠨ ᠰᠡᠷᠢᠬᠦᠨ ᠨᠤᠭᠤᠭ᠎ᠠ ᠬᠤᠤᠰ ᠬᠤᠤᠰ ᠲᠤᠭ᠎ᠠ ᠪᠠᠷ ᠤᠷᠤᠭᠤᠯᠬᠤ ᠠᠴᠠ ᠭᠠᠳᠠᠨ᠎ᠠ ᠪᠦᠬᠦᠯᠢ ᠰᠢᠬᠦᠰᠦ ᠪᠤᠶᠤ ᠤᠭᠤᠴᠠ ᠲᠠᠯᠪᠢᠳᠠᠭ  ᠃      ᠬᠡᠦᠬᠡᠨ ᠲᠠᠯ᠎ᠠ ᠶᠢᠨ ᠨᠠᠶᠢᠷ ᠲᠡᠭᠡᠳᠦᠯᠡᠵᠦ ᠬᠡᠦᠬᠡᠨ ᠮᠤᠷᠳᠠᠬᠤ ᠦᠶ᠎ᠡ ᠳᠤ  ᠬᠦᠷᠢᠶᠡᠨ ᠤ ᠭᠠᠳᠠᠨ᠎ᠠ ᠬᠦᠯᠢᠰ  ᠤᠨ ᠰᠢᠷᠡᠭᠡᠨ ᠲᠡᠭᠡᠷ᠎ᠡ ᠬᠦᠵᠢ ᠠᠷᠴᠠ ᠰᠢᠳᠠᠭᠠᠵᠤ᠂ ᠰᠢᠬᠦᠰᠦ ᠪᠤᠶᠤ ᠲᠠᠬᠢᠯᠭ᠎ᠠ ᠶᠢᠨ ᠢᠳᠡᠭᠡᠨ ᠲᠠᠯᠪᠢᠵᠤ  ᠮᠦᠷᠬᠦᠬᠦᠯᠦᠭᠰᠡᠨ ᠡᠴᠢᠬᠡ ᠡᠬᠡ ᠨᠢ ᠬᠦᠦ ᠪᠡᠷᠢ ᠶᠢ ᠲᠡᠭᠷᠢ ᠳᠤ ᠮᠦᠷᠬᠦᠬᠦᠯᠵᠦ᠂ ᠬᠦᠷᠭᠡᠨ ᠨᠢ ᠬᠡᠦᠬᠡᠨ ᠤ ᠤᠨᠤᠭᠰᠠᠨ ᠮᠤᠷᠢ ᠶᠢ ᠴᠤᠯᠪᠤᠭᠤᠷ ᠠᠴᠠ ᠨᠢ ᠬᠦᠳᠦᠯᠦᠨ᠂ ᠰᠠᠩ ᠤᠨ ᠬᠦᠯᠢᠰ ᠤᠨ ᠰᠢᠷᠡᠭᠡ ᠶᠢ  ᠨᠠᠷᠠᠨ ᠵᠦᠭ ᠭᠤᠷᠪᠠ ᠡᠷᠬᠢᠳᠡᠭ᠂ ᠡᠬᠦᠨ ᠢ ︽ᠰᠠᠩ  ᠡᠷᠬᠢᠬᠦᠯᠬᠦ︾ ᠬᠡᠳᠡᠭ᠃  ᠡᠷ᠎ᠡ ᠡᠮ᠎ᠡ ᠬᠤᠶᠠᠷ ᠤᠨ ᠰᠠᠭᠠᠳᠠᠭ ᠠᠭᠰᠠᠵᠤ ᠰᠠᠩ ᠡᠷᠬᠢᠵᠦ ᠬᠤᠯᠪᠤᠭᠰᠠᠨ ᠶᠠᠪᠤᠳᠠᠯ ᠪᠤᠯ ᠤᠷᠤᠭ ᠪᠠᠷᠢᠯᠳᠤᠯᠭ᠎ᠠ ᠶᠢᠨ ᠶᠠᠪᠤᠴᠠ ᠳᠠᠬᠢ ᠬᠠᠮᠤᠭ ᠤᠨ ᠴᠢᠬᠤᠯᠠ  ᠶᠠᠪᠤᠳᠠᠯ ᠬᠡᠵᠦ ᠮᠠᠰᠢ ᠶᠡᠭᠡ ᠬᠦᠨᠳᠦᠳᠭᠡᠨ ᠡᠷᠬᠢᠮᠯᠡᠳᠡᠭ᠃  ᠦᠨᠦ ᠶᠢᠨ  ᠤᠶᠢᠯᠠᠭᠠᠭᠳᠠᠬᠤᠨ ᠢᠶᠠᠷ ᠦᠵᠡᠳᠡᠭ ᠪᠤᠯ ᠲᠠᠷᠤᠢ ᠬᠠᠤᠯᠢ ᠴᠠᠭᠠᠵᠠ ᠶᠢᠨ ᠬᠦᠴᠦᠨ ᠲᠠᠢ ᠪᠤᠯᠤᠭᠰᠠᠨ ᠶᠠᠪᠤᠳᠠᠯ ᠪᠤᠯᠤᠨ᠎ᠠ᠃     ᠪᠡᠷᠢ ᠪᠠᠭᠤᠯᠭᠠᠬᠤ ᠠᠶᠢᠯ ᠨᠢ ᠰᠢᠨ᠎ᠡ ᠭᠡᠷ ᠪᠡᠯᠡᠳᠭᠡᠳᠡᠭ᠃ ᠡᠨᠡ ᠬᠦ᠋ ᠰᠢᠨ᠎ᠡ ᠭᠡᠷ ᠢ ᠪᠡᠷᠢ ᠲᠤᠰᠬᠤ ᠪᠠᠷ ᠮᠤᠷᠳᠠᠬᠤ ᠠᠴᠠ ᠡᠮᠦᠨ᠎ᠡ ᠬᠦᠦ ᠲᠠᠯ᠎ᠠ ᠮᠢᠯᠢᠶᠠᠬᠤ ᠪᠠᠷ ᠪᠠᠷᠠᠬᠤ ᠦᠬᠡᠢ ᠪᠡᠷᠢ ᠢᠷᠡᠭᠰᠡᠨ ᠤ ᠲᠠᠷᠠᠭ᠎ᠠ ᠬᠡᠦᠬᠡᠨ ᠲᠠᠯ᠎ᠠ  ᠶᠢᠨ   ᠬᠢᠨ ᠪᠠᠰᠠ ᠮᠢᠯᠢᠶᠠᠵᠤ ᠢᠷᠦᠭᠡᠳᠡᠭ᠃      ᠭᠡᠷ ᠮᠢᠯᠢᠶᠠᠬᠤ ᠢᠷᠦᠭᠡᠯ᠄ ᠠᠰᠤᠷᠤ ᠶᠡᠭᠡ ᠠᠮᠤᠭᠤᠯᠠᠩ ᠪᠤᠯᠳᠤᠭᠠᠢ ᠡᠩᠬᠡ ᠰᠠᠶᠢᠨ ᠵᠢᠷᠭᠠᠯᠠᠩ ᠪᠤᠯᠳᠤᠭᠠᠢ ᠡᠷᠳᠡ ᠤᠷᠢᠳᠤ ᠶᠢᠨ ᠴᠠᠭ ᠲᠤ ᠡᠪᠦᠭᠡ ᠲᠡᠭᠡᠳᠦᠰ ᠤᠨ ᠦᠶ᠎ᠡ ᠳᠤ ᠡᠵᠡᠨ ᠪᠤᠭᠳᠠ ᠴᠢᠩᠬᠢᠰ ᠤᠨ ᠡᠬᠦᠳᠦᠭᠰᠡᠨ ᠶᠤᠰᠤ ᠦᠷ᠎ᠡ ᠬᠤᠶᠢᠴᠢᠰ ᠨᠢ ᠪᠢᠳᠡᠨ ᠤ ᠵᠠᠯᠭᠠᠮᠵᠢᠯᠠᠬᠤ ᠵᠢᠷᠤᠮ ᠦᠶ᠎ᠡ ᠶᠢᠨ ᠦᠶ᠎ᠡ ᠤᠯᠠᠮᠵᠢᠯᠠᠭᠳᠠᠬᠤ ᠦᠪ ᠵᠠᠩᠰᠢᠯ ᠦᠨᠢ ᠡᠬᠦᠷᠢᠳᠡ ᠦᠬᠡᠳᠡᠯᠡᠬᠦ ᠶᠢᠨ ᠢᠷᠦᠬᠡᠯ ᠵᠦᠩᠨᠡᠯ ᠪᠤᠶᠤ᠃ ᠠᠯᠳᠠᠨ ᠨᠠᠷᠠᠨ ᠤ ᠭᠡᠭᠡᠨ ᠭᠡᠷᠡᠯ ᠠᠭᠠᠷ ᠲᠡᠭᠷᠢ ᠶᠢ ᠬᠡᠶᠢᠬᠦᠯᠵᠦ ᠠᠰᠤᠷᠤ ᠰᠠᠶᠢᠬᠠᠨ ᠠᠭᠤᠷ ᠠᠮᠢᠰᠬᠤᠯ ᠠᠭᠤᠳᠠᠮ ᠲᠡᠯᠡᠬᠡᠢ ᠳᠤ ᠲᠤᠨᠤᠷᠠᠶᠤ ᠲᠦᠮᠡᠨ ᠦᠯᠵᠡᠢ ᠮᠢᠩᠭᠠᠨ ᠤᠴᠠᠷᠠᠯ ᠲᠡᠬᠦᠰ ᠰᠠᠶᠢᠬᠠᠨ ᠪᠦᠷᠢᠳᠦᠭᠰᠡᠨ ᠰᠠᠷ᠎ᠠ ᠶᠢᠨ ᠰᠠᠶᠢᠨ ᠡᠳᠦᠷ ᠤᠨ ᠦᠯᠵᠡᠶᠢᠳᠡᠢ ᠶᠢ ᠦᠵᠡᠵᠦ ᠰᠤᠩᠭᠤᠭᠰᠠᠨ ᠡᠨᠡ ᠴᠠᠭ ᠲᠤᠷ ᠠᠪᠤ ᠡᠵᠢ ᠶᠢᠨ ᠢᠶᠠᠨ ᠬᠠᠯᠠᠭᠤᠨ ᠠᠯᠠᠭᠠᠨ ᠲᠡᠭᠡᠷ᠎ᠡ ᠪᠤᠶᠢᠵᠢᠭᠰᠠᠨ ᠠᠷᠠᠳ ᠤᠯᠠᠨ ᠤ ᠪᠠᠨ ᠬᠠᠯᠠᠮᠵᠢᠯᠠᠯ ᠰᠤᠷᠭᠠᠯ ᠳᠤ ᠬᠦᠮᠦᠵᠢᠭᠰᠡᠨ ᠡᠪᠦᠭᠡ ᠲᠡᠭᠡᠳᠦᠰ ᠤᠨ ᠬᠢᠨᠢ ᠰᠦᠷ ᠰᠦᠯᠳᠡ ᠰᠢᠮᠡᠳᠦᠭᠰᠡᠨ ᠦᠳᠡᠬᠦᠰ ᠨᠠᠰᠤᠳᠠᠨ ᠤ ᠬᠢᠨᠢ ᠢᠷᠦᠭᠡᠯ ᠵᠦᠩᠨᠡᠯ ᠲᠤᠭᠳᠠᠭᠰᠠᠨ ᠬᠤᠩᠭᠤᠷ ᠰᠡᠳᠬᠢᠯᠳᠦ ᠬᠤᠶᠠᠷ ᠵᠠᠯᠠᠭᠤ ᠮᠢᠨᠢ ᠬᠠᠶᠢᠷ᠎ᠠ ᠶᠢᠨ ᠭᠡᠯᠬᠢᠶᠡᠳᠦ ᠡᠷᠦᠬᠡ ᠪᠠᠨ ᠪᠤᠰᠬᠠᠵᠤ ᠬᠤᠤᠰᠯᠠᠨ ᠵᠢᠷᠭᠠᠬᠤ ᠶᠢᠨ ᠵᠠᠶᠠᠭ᠎ᠠ ᠬᠤᠯᠪᠤᠵᠤ ᠬᠠᠨᠢ ᠶᠢᠨ ᠲᠡᠭᠷᠢ ᠳᠤ ᠵᠢᠷᠭᠠᠯ ᠴᠤᠭᠴᠠᠯᠠᠬᠤᠶ᠎ᠠ ᠦᠯᠵᠡᠢ ᠵᠢᠷᠭᠠᠯᠳᠤ ᠡᠬᠦᠳᠡ ᠡᠷᠦᠬᠡ ᠦᠨᠳᠦᠰᠦ ᠢᠵᠠᠭᠤᠷ ᠭᠠᠯ ᠭᠤᠯᠤᠮᠳᠠ ᠦᠬᠡᠳᠡᠯᠡᠨ ᠮᠠᠨᠳᠤᠬᠤ ᠠᠮᠢᠳᠤᠷᠠᠯ ᠢ ᠨᠢ ᠪᠡᠯᠭᠡᠳᠡᠵᠦ ᠦᠯᠵᠡᠶᠢᠳᠦ ᠰᠠᠶᠢᠬᠠᠨ ᠢᠷᠦᠭᠡᠯ ᠢᠶᠠᠨ ᠲᠡᠪᠰᠢᠬᠦᠯᠦᠶ᠎ᠡ᠃ ᠠᠪᠤ ᠡᠵᠢ ᠠᠬ᠎ᠠ ᠲᠡᠬᠦᠦ ᠰᠠᠳᠤᠨ ᠠᠶᠢᠯ ᠠᠶᠢᠮᠠᠭ ᠪᠦᠬᠦᠳᠡᠭᠡᠷ ᠢᠶᠠᠨ ᠠᠮᠳᠠᠳᠤ ᠰᠠᠶᠢᠬᠠᠨ ᠢᠳᠡᠭᠡᠨ ᠢᠶᠠᠨ ᠠᠯᠳᠠᠨ ᠲᠠᠪᠠᠭ ᠲᠠᠭᠠᠨ ᠴᠤᠩᠬᠤᠷᠯᠠᠵᠤ ᠠᠷᠢᠭᠤᠨ ᠰᠠᠨᠠᠭᠠᠨ ᠤ ᠡᠬᠦᠳᠡᠨ ᠠᠴᠠ ᠠᠰᠢᠳᠠ ᠶᠢᠨ ᠵᠢᠷᠭᠠᠯ ᠢ ᠨᠢ ᠢᠷᠦᠭᠡᠬᠦ ᠳᠡᠭᠡᠨ ᠰᠦᠷᠦᠭ ᠮᠠᠯ ᠤᠨ ᠰᠢᠮ᠎ᠡ ᠰᠦ ᠰᠠᠭᠠᠯᠢ ᠶᠢᠨ ᠲᠡᠭᠡᠵᠢ ᠮᠡᠯᠮᠡᠯᠵᠡᠭᠰᠡᠨ ᠠᠶᠠᠭ᠎ᠠ ᠲᠠᠢ ᠠᠶᠢᠷᠠᠭ ᠮᠡᠯᠳᠡᠭᠡᠨᠡᠭᠰᠡᠨ ᠲᠤᠩᠭᠠᠯᠠᠭ ᠲᠤᠰᠤ ᠪᠠᠷ ᠪᠡᠯᠬᠡᠯᠡᠨ ᠮᠢᠯᠢᠶᠠᠵᠤ ᠮᠠᠭᠳᠠᠨ ᠢᠷᠦᠬᠡᠬᠦ ᠢᠨᠤ  ᠄ ᠬᠠᠩᠭᠠᠢ ᠶᠢᠨ ᠮᠤᠳᠤ ᠶᠢ ᠬᠠᠷᠤᠭᠤᠯᠳᠠᠵᠤ ᠬᠢᠭᠰᠡᠨ ᠬᠠᠯᠢᠮᠠᠭ ᠤᠨ ᠤᠷᠠᠴᠤᠳ ᠤᠷᠠᠯᠠᠵᠤ ᠬᠢᠭᠰᠡᠨ ᠬᠠᠭᠠᠯᠭ᠎ᠠ ᠪᠤᠱᠤᠭ᠎ᠠ ᠡᠬᠦᠳᠡ ᠶᠢ ᠴᠢᠨᠢ ᠮᠢᠯᠢᠶᠠᠶ᠎ᠠ ᠬᠤᠰᠤ ᠮᠤᠳᠤ ᠶᠢ  ᠴᠠᠪᠴᠢᠵᠤ ᠬᠢᠭᠰᠡᠨᠬᠤᠷᠤᠭᠤ ᠲᠠᠭ᠎ᠠ ᠶᠢ ᠦᠷᠦᠮᠳᠡᠵᠦ ᠬᠢᠭᠰᠡᠨᠪᠠᠳᠠᠷᠠᠯ ᠬᠦᠭᠵᠢᠯ ᠤᠨ ᠲᠠᠯᠠᠯᠭ᠎ᠠ ᠪᠤᠯᠤᠭᠰᠠᠨᠪᠠᠳᠮᠠᠷᠠᠭ ᠡᠷᠳᠡᠨᠢᠳᠦ ᠲᠤᠭᠤᠨᠤ ᠶᠢ ᠮᠢᠯᠢᠶᠠᠶ᠎ᠠ   ᠤᠷᠳᠤ ᠬᠠᠩᠭᠠᠢ ᠶᠢᠨ ᠮᠤᠳᠤ ᠶᠢᠤᠷᠳᠤᠯᠠᠨ ᠲᠡᠯᠬᠡᠵᠦ ᠰᠢᠬᠦᠷᠯᠡᠭᠰᠡᠨᠤᠨᠠᠭ᠎ᠠ ᠲᠠᠭ᠎ᠠ ᠶᠢᠨ ᠬᠢᠯᠭᠠᠰᠤ ᠪᠠᠷᠤᠶᠠᠭ᠎ᠠ ᠰᠠᠭᠠᠯᠳᠤᠷᠭ᠎ᠠ ᠪᠤᠯᠭᠠᠭᠰᠠᠨᠤᠨᠢ ᠶᠢ ᠴᠢᠨᠢ ᠮᠢᠯᠢᠶᠠᠶ᠎ᠠ ᠬᠤᠶᠢᠳᠤ ᠬᠠᠩᠭᠠᠢ ᠶᠢᠨ ᠪᠤᠷᠭᠠᠰᠤ ᠶᠢᠬᠠᠷᠤᠭᠤᠯᠳᠠᠨ ᠵᠦᠰᠦᠵᠦ ᠮᠠᠳᠠᠭᠠᠳᠬᠠᠨᠳᠠᠭᠠᠢ ᠪᠤᠭᠤ ᠶᠢᠨ ᠰᠢᠷᠢ ᠪᠠᠷᠬᠠᠳᠠᠭᠠᠰᠤᠯᠠᠨ ᠦᠳᠡᠵᠦ ᠲᠤᠪᠴᠢᠯᠠᠭᠰᠠᠨᠬᠠᠨ᠎ᠠ ᠶᠢ ᠴᠢᠨᠢ ᠮᠢᠯᠢᠶᠠᠶ᠎ᠠ ᠴᠢᠨᠳᠠᠭᠠᠨ ᠴᠠᠭᠠᠨ ᠬᠢᠯᠭᠠᠰᠤ ᠶᠢᠴᠢᠩᠭ᠎ᠠ ᠡᠷᠴᠢᠯᠡᠨ ᠲᠠᠮᠤᠭᠰᠠᠨ ᠴᠢᠨᠳᠠᠮᠤᠨᠢ ᠲᠤᠭᠤᠨᠤ ᠶᠢᠨ ᠭᠤᠤᠯ   ᠲᠠᠢ ᠴᠢᠩᠳᠠ ᠭᠡᠭᠴᠢ ᠬᠤᠯᠪᠤᠭᠰᠠᠨ ᠴᠢᠬᠳᠠᠭ᠎ᠠ ᠶᠢ ᠴᠢᠨᠢ ᠮᠢᠯᠢᠶᠠᠶ᠎ᠠ ᠦᠭᠡᠳᠡᠩ ᠲᠤᠷᠭ᠎ᠠ ᠪᠠᠷ ᠡᠮᠵᠢᠨ ᠬᠦᠪᠡᠭᠡᠯᠡᠭᠰᠡᠨ ᠦᠩᠬᠡᠳᠦ ᠲᠤᠷᠳᠤᠩ ᠢᠶᠠᠷ ᠦᠶᠡᠯᠡᠬᠦᠯᠦᠨ ᠲᠠᠳᠠᠭᠰᠠᠨ ᠨᠠᠬᠢᠶ᠎ᠠ ᠨᠠᠮᠠᠭ᠎ᠠ ᠨᠢ ᠬᠦᠪᠦᠯᠵᠡᠭᠰᠡᠨ ᠨᠠᠢᠮᠠᠨ ᠬᠠᠨ᠎ᠠ ᠶᠢᠨ ᠬᠦᠰᠢᠭᠡ ᠶᠢ ᠴᠢᠨᠢ ᠮᠢᠯᠢᠶᠠᠶ᠎ᠠ ᠲᠠᠯᠠᠢ ᠴᠠᠭᠠᠨ ᠲᠡᠭᠡᠪᠦᠷ ᠲᠠᠢ ᠲᠠᠷᠠᠭᠠᠷ ᠴᠠᠭᠠᠨ ᠲᠤᠭᠤᠷᠭ᠎ᠠ ᠲᠠᠢ ᠤᠷᠤᠭ᠎ᠠ ᠮᠤᠷᠢᠨ ᠤ ᠲᠡᠯ ᠢᠶᠠᠷ ᠤᠶᠤᠵᠤ ᠬᠠᠳᠬᠤᠵᠤ ᠪᠠᠬᠢᠯᠡᠭᠰᠡᠨ ᠤᠷᠤᠭᠰᠠᠨ ᠪᠤᠤᠷ᠎ᠠ ᠶᠢᠨ ᠵᠤᠭᠳᠤᠷ ᠢᠶᠠᠷ ᠤᠷᠢᠶᠠᠨ ᠮᠤᠰᠬᠢᠵᠤ ᠲᠠᠮᠤᠭᠰᠠᠨ ᠤᠷᠳᠤ ᠴᠠᠭᠠᠨ ᠦᠷᠬᠦᠭᠡ ᠶᠢᠨ ᠤᠷᠳᠤᠭᠤᠷ ᠬᠤᠶᠢᠭᠤᠷ ᠤᠷᠢᠶᠠᠯᠳᠤᠨ ᠰᠦᠯᠵᠢᠭᠰᠡᠨ ᠤᠭᠤᠰᠤᠷ ᠪᠦᠴᠡ ᠪᠦᠰᠡᠯᠡᠬᠦᠷ ᠢ ᠴᠢᠨᠢ ᠮᠢᠯᠢᠶᠠᠶ᠎ᠠ ᠦᠷ ᠤᠨ ᠲᠤᠶᠠᠭ᠎ᠠ ᠶᠢ ᠦᠨᠳᠡᠶᠢᠨ ᠤᠭᠳᠤᠬᠤ ᠦᠳᠡᠰᠢ ᠶᠢᠨ ᠵᠢᠪᠠᠷ ᠢ ᠦᠯᠳᠡᠨ ᠬᠦᠭᠡᠭᠡᠬᠦ ᠡᠳᠦᠷ ᠰᠦᠨᠢ ᠶᠢᠨ ᠡᠷᠡᠮ ᠢ ᠢᠯᠭᠠᠭᠴᠢ ᠦᠯᠵᠡᠢ ᠵᠠᠩᠬᠢᠶ᠎ᠠ ᠶᠢᠨ ᠬᠡᠯᠪᠡᠷᠢᠳᠦ ᠡᠷᠦᠬᠡ ᠶᠢ ᠴᠢᠨᠢ ᠮᠢᠯᠢᠶᠠᠶ᠎ᠠ ᠭᠠᠩ ᠪᠤᠯᠤᠳ ᠤᠨ ᠴᠠᠭᠠᠷᠢᠭ ᠲᠠᠢ ᠭᠠᠩᠭᠠᠩ ᠲᠦᠷᠪᠡᠨ ᠤᠴᠢᠭ ᠲᠠᠢ ᠭᠠᠯ ᠭᠤᠯᠤᠮᠳᠠ ᠶᠢᠨ ᠲᠠᠭᠢᠨᠢᠰ ᠤᠨ ᠮᠠᠨᠳᠠᠯ ᠭᠠᠯ ᠤᠨ ᠲᠤᠯᠭ᠎ᠠ ᠲᠠᠪᠴᠠᠩ ᠢ ᠮᠢᠯᠢᠶᠠᠮᠤᠢ᠃ ᠪᠠᠯᠪᠤ ᠶᠢᠨ ᠲᠠᠷᠬᠠᠨ ᠬᠠᠶᠢᠯᠠᠭᠤᠯᠵᠤ ᠬᠢᠭᠰᠡᠨ ᠪᠠᠰᠠ ᠨᠢᠬᠡ ᠲᠠᠷᠬᠠᠨ ᠲᠠᠪᠳᠠᠵᠤ ᠬᠢᠭᠰᠡᠨ ᠭᠠᠩ ᠰᠢᠷᠡᠮᠦ ᠶᠢ ᠬᠠᠳᠠᠭᠠᠵᠤ ᠬᠢᠭᠰᠡᠨ ᠭᠠᠯ ᠤᠨ ᠬᠠᠶᠢᠴᠢ ᠢ ᠴᠢᠨᠢ ᠮᠢᠯᠢᠶᠠᠶ᠎ᠠ ᠮᠠᠩᠨᠤᠭ ᠲᠤᠷᠭ᠎ᠠ ᠶᠢ ᠵᠦᠰᠦᠵᠦ ᠬᠢᠭᠰᠡᠨ ᠮᠠᠩᠯᠠᠢ ᠤᠷᠠᠴᠤᠳ ᠲᠠᠭᠠᠷᠠᠭᠤᠯᠵᠤ ᠤᠶᠤᠭᠰᠠᠨ ᠦᠭᠡᠳᠡᠩ ᠲᠤᠷᠭ᠎ᠠ ᠶᠢ ᠦᠬᠡᠯᠡᠵᠦ ᠬᠢᠭᠰᠡᠨ ᠦᠪᠡᠷ ᠤᠨ ᠡᠬᠡᠴᠢ ᠲᠡᠬᠦᠦ ᠨᠢ ᠡᠰᠬᠡᠵᠦ ᠤᠶᠤᠭᠰᠠᠨ ᠬᠠᠩᠪᠤ ᠲᠤᠷᠭ᠎ᠠ ᠶᠢ ᠬᠠᠶᠢᠴᠢᠯᠠᠵᠤ ᠬᠢᠭᠰᠡᠨ ᠬᠠᠷᠢ ᠶᠢᠨ ᠡᠭᠡᠴᠢ ᠲᠡᠬᠦᠦ ᠨᠢ ᠤᠷᠠᠯᠠᠵᠤ ᠤᠶᠤᠭᠰᠠᠨ ᠲᠠᠩᠭᠤᠳ ᠬᠤᠨᠢᠨ ᠤ ᠨᠤᠤᠰᠤ ᠪᠠᠷ ᠬᠢᠭᠰᠡᠨ ᠲᠠᠪᠤᠨ ᠦᠩᠬᠡ ᠪᠠᠷ ᠰᠢᠷᠳᠡᠵᠦ ᠪᠤᠳᠤᠭᠰᠠᠨ ᠲᠡᠭᠡᠳᠦ ᠵᠤᠴᠢᠨ ᠢ ᠵᠠᠯᠠᠵᠤ ᠰᠠᠭᠤᠯᠭᠠᠬᠤ ᠲᠡᠪᠢᠰᠭᠡᠷ ᠤᠯᠪᠤᠭ ᠲᠦᠰᠢᠯᠬᠡ ᠤᠷᠤ ᠶᠢ ᠴᠢᠨᠢ ᠮᠢᠯᠢᠶᠠᠶ᠎ᠠ ᠽᠠᠨᠳᠠᠨ ᠮᠤᠳᠤ ᠶᠢ ᠵᠠᠰᠠᠵᠤ ᠬᠢᠭᠰᠡᠨ ᠵᠠᠯᠠᠭᠤ ᠲᠠᠷᠬᠠᠨ ᠤᠷᠠᠯᠠᠵᠤ ᠦᠢᠯᠡᠳᠦᠭᠰᠡᠨ ᠵᠢᠭᠠᠷᠳᠤ ᠪᠤᠳᠤᠭ ᠢᠶᠠᠷ ᠦᠩᠬᠡᠯᠡᠵᠦ ᠴᠢᠮᠡᠭᠰᠡᠨ ᠨᠠᠷᠠᠰᠤᠨ ᠮᠤᠳᠤ ᠪᠠᠷ ᠨᠠᠭᠠᠵᠤ ᠬᠢᠭᠰᠡᠨ ᠨᠢᠮᠪᠠᠢ ᠤᠷᠠᠴᠤᠳ ᠵᠦᠰᠦᠵᠦ ᠬᠢᠭᠰᠡᠨ ᠨᠠᠩᠬᠢ ᠪᠤᠳᠤᠭ ᠢᠶᠠᠷ ᠰᠢᠷᠳᠡᠵᠦ ᠪᠤᠳᠤᠭᠰᠠᠨ ᠬᠠᠶᠢᠯᠠᠰᠤᠨ ᠮᠤᠳᠤ ᠶᠢ ᠬᠠᠷᠤᠭᠤᠯᠳᠠᠵᠤ ᠬᠢᠭᠰᠡᠨ ᠬᠠᠩᠬᠢ ᠰᠠᠶᠢᠬᠠᠨ ᠲᠤᠬᠢᠷᠠᠭᠤᠯᠵᠤ ᠵᠦᠢᠭᠰᠡᠨ ᠬᠠᠶᠢᠯᠤᠮᠠᠯ ᠲᠤᠰᠤ ᠪᠠᠷ ᠴᠠᠷᠳᠠᠵᠤ ᠪᠤᠳᠤᠭᠰᠠᠨ ᠠᠯᠳᠠ ᠮᠦᠩᠬᠦᠨ ᠤ ᠠᠪᠳᠠᠷ᠎ᠠ ᠠᠶᠠᠭ᠎ᠠ ᠰᠠᠪᠬᠠᠨ ᠤ ᠲᠠᠯᠪᠢᠭᠤᠷ ᠭᠤᠳᠤᠯ ᠱᠠᠬᠠᠢ ᠶᠢᠨ ᠲᠠᠪᠰᠠᠭ ᠭᠤᠯᠢᠷ ᠪᠤᠳᠠᠭᠠᠨ ᠤ ᠭᠤᠯᠳᠤ ᠬᠤᠪᠴᠠᠰᠤ ᠬᠤᠨᠠᠷ ᠤᠨ ᠬᠤᠷᠭᠤ ᠬᠤᠷᠤᠭᠤᠪᠴᠢ ᠵᠡᠬᠦᠦ ᠶᠢᠨ ᠰᠢᠷᠭᠤᠭᠤᠯ ᠶᠢ ᠴᠢᠨᠢ ᠮᠢᠯᠢᠶᠠᠶ᠎ᠠ ᠰᠠᠭᠠᠯᠢ ᠰᠦᠨ ᠤ ᠰᠠᠭᠤᠯᠠᠭ᠎ᠠ ᠰᠠᠷᠬᠤᠳ ᠠᠷᠢᠬᠢᠨ ᠤ ᠪᠤᠳᠤᠩ ᠬᠠᠯᠠᠭᠤᠨ ᠤᠰᠤᠨ ᠤ ᠲᠦᠮᠪᠦ ᠬᠠᠷ᠎ᠠ ᠴᠠᠢ ᠶᠢᠨ ᠸᠠᠭᠠᠷ ᠵᠢᠩ ᠳ᠋ᠧ ᠭᠠᠵᠠᠷ ᠤᠨ ᠱᠠᠭᠠᠵᠠᠩ ᠵᠢᠮᠢᠰ ᠤᠨ ᠬᠤᠸᠠᠷᠳᠠᠢ ᠫᠢᠯᠠ ᠽᠠᠨᠳᠠᠨ ᠠᠶᠠᠭ᠎ᠠ ᠮᠦᠩᠬᠦᠨ ᠬᠤᠨᠳᠠᠭ᠎ᠠ ᠵᠦᠢᠯ ᠪᠦᠷᠢ ᠶᠢᠨ ᠭᠡᠷᠡᠭᠰᠡᠯ ᠢ ᠴᠢᠨᠢ ᠮᠢᠯᠢᠶᠠᠶ᠎ᠠ ᠬᠠᠶᠢᠯᠠᠰᠤᠨ ᠮᠤᠳᠤ ᠶᠢ ᠬᠠᠭᠠᠯᠤᠯ ᠦᠬᠡᠢ ᠠᠪᠴᠤ ᠬᠠᠷᠢ ᠶᠢᠨ ᠮᠤᠳᠤᠴᠢᠨ ᠬᠠᠯᠠᠰᠢᠷᠠᠯ ᠦᠬᠡᠢ ᠤᠬᠤᠵᠤ ᠭᠠᠩ ᠪᠤᠯᠤᠳ ᠢ ᠬᠠᠳᠠᠭᠠᠵᠤ ᠲᠠᠪᠳᠠᠨ ᠭᠠᠴᠤᠷ᠎ᠠ ᠮᠤᠳᠤ ᠪᠠᠷ ᠡᠰᠢ ᠬᠢᠭᠰᠡᠨ ᠤᠭᠤᠷ ᠰᠦᠬᠡ ᠶᠢ ᠴᠢᠨᠢ ᠮᠢᠯᠢᠶᠠᠶ᠎ᠠ ᠮᠠᠩᠬᠠᠨ ᠤ ᠪᠤᠷᠭᠠᠰᠤ ᠶᠢ ᠮᠠᠳᠠᠵᠤ ᠮᠠᠯ ᠤᠨ ᠰᠢᠷᠢ ᠪᠠᠷ ᠦᠳᠡᠵᠦ ᠬᠤᠰᠤ ᠮᠤᠳᠤ ᠶᠢ ᠵᠦᠰᠦᠵᠦ ᠬᠤᠷᠴᠠ ᠬᠢᠳᠤᠭ᠎ᠠ ᠪᠠᠷ ᠵᠤᠷᠭᠤᠵᠤ ᠬᠢᠭᠰᠡᠨ ᠠᠷᠤᠭ ᠱᠡᠵᠢᠭᠡᠢ ᠰᠠᠪᠠᠷ ᠢ ᠴᠢᠨᠢ ᠮᠢᠯᠢᠶᠠᠶ᠎ᠠ᠃ ᠵᠠ᠂  ᠬᠡᠭᠡᠨᠴᠢᠷ ᠵᠠᠯᠠᠭᠤ ᠭᠤᠸ᠎ᠠ ᠦᠬᠢᠨ ᠤ ᠮᠢᠨᠢ ᠭᠡᠷᠯᠡᠬᠦ ᠡᠨᠡ ᠰᠢᠨ᠎ᠡ ᠦᠷᠬᠦᠬᠡ ᠪᠤᠯ ᠭᠡᠭᠡᠨ ᠭᠡᠷᠡᠯ ᠰᠠᠴᠤᠷᠠᠭᠰᠠᠨ ᠦᠷᠬᠦᠭᠡ ᠭᠡᠷᠡᠭᠰᠡᠯ ᠪᠦᠬᠦᠨ ᠪᠦᠷᠢᠳᠦᠭᠰᠡᠨ ᠦᠷᠬᠦᠬᠡ ᠭᠡᠰᠢᠭ ᠪᠤᠶᠠᠨ ᠠᠷᠪᠢᠵᠢᠭᠰᠠᠨ ᠦᠷᠬᠦᠬᠡ ᠦᠨᠢᠷ ᠡᠬᠦᠷᠢᠳᠡ ᠵᠢᠷᠭᠠᠬᠤ ᠦᠷᠬᠦᠭᠡ ᠦᠨᠢᠷ ᠪᠠᠶᠠᠯᠢᠭ ᠠᠮᠢᠳᠤᠷᠠᠬᠤ ᠦᠷᠬᠦᠭᠡ ᠦᠯᠵᠡᠢ ᠬᠤᠳᠤᠭ ᠤᠷᠤᠰᠢᠭᠰᠠᠨ ᠦᠷᠦᠭᠡ  ᠃ ᠡᠷᠬᠢᠮ ᠬᠦᠨᠳᠦᠳᠦ ᠵᠤᠴᠢᠳ ᠡᠩᠬᠦᠷᠡᠢ ᠬᠠᠶᠢᠷᠠᠳᠤ ᠠᠪᠤ ᠡᠵᠢ ᠡᠯᠢᠬᠡᠨ ᠰᠠᠳᠤᠨ ᠠᠬᠠᠨ ᠲᠡᠬᠦᠦᠰ ᠨᠢ ᠡᠨᠡ ᠮᠡᠳᠦ ᠢᠷᠦᠬᠡᠨ ᠪᠡᠯᠭᠡᠳᠡᠭᠰᠡᠨ ᠢᠶᠠᠷ ᠬᠡᠰᠢᠭ  ᠪᠤᠶᠠᠨ ᠴᠢᠨᠢ ᠲᠤᠷᠤᠨ᠎ᠠ ᠲᠠᠯᠠᠢ ᠶᠢᠨ ᠶᠡᠬᠦᠯᠡᠰᠢ ᠦᠬᠡᠢ ᠤᠰᠤᠨ ᠮᠡᠳᠦ ᠵᠤᠵᠠᠭᠠᠨ ᠪᠤᠯᠳᠤᠭᠠᠢ ᠬᠡᠶᠢᠮᠤᠷᠢ ᠰᠦᠯᠳᠡ ᠴᠢᠨᠢ ᠪᠤᠳᠠᠯᠠᠩ ᠠᠭᠤᠯᠠ ᠶᠢᠨ ᠦᠳᠡᠯᠦᠰᠢ ᠦᠬᠡᠢ ᠨᠠᠷᠠᠰᠤ ᠮᠡᠳᠦ ᠮᠦᠩᠬᠡ  ᠪᠤᠯᠳᠤᠭᠠᠢ ᠬᠠᠶᠢᠷ᠎ᠠ ᠰᠡᠳᠬᠢᠯ ᠴᠢᠨᠢ ᠭᠠᠯᠪᠠᠷᠢᠳᠠᠰᠤᠨ ᠮᠤᠳᠤᠨ ᠤ ᠪᠤᠳᠠᠷᠠᠰᠢ ᠦᠬᠡᠢ ᠦᠨᠳᠦᠰᠦ ᠮᠡᠳᠦ  ᠪᠠᠳᠤ  ᠪᠤᠯᠳᠤᠭᠠᠢ᠃ ᠠᠪᠤ ᠡᠵᠢ   ᠪᠠᠨ ᠠᠴᠢᠯᠠᠵᠤ ᠠᠴᠢᠷ ᠦᠷ᠎ᠡ ᠪᠠᠨ ᠰᠤᠷᠭᠠᠵᠤ ᠠᠬ᠎ᠠ ᠲᠡᠬᠦᠦ ᠰᠠᠳᠤᠨ ᠲᠠᠢ ᠪᠠᠨ ᠪᠦᠯᠬᠦᠮᠳᠡᠵᠦ ᠠᠶᠢᠯ ᠰᠠᠭᠠᠬᠠᠯᠳᠠ ᠲᠠᠢ ᠪᠠᠨ ᠨᠢᠬᠳᠠᠷᠠᠵᠤ ᠦᠨᠳᠦᠷ ᠭᠠᠵᠠᠷ ᠲᠤ ᠦᠷᠬᠦᠭᠡ ᠪᠠᠨ ᠪᠠᠷᠢᠵᠤ ᠦᠷᠭᠡᠨ ᠲᠠᠯ᠎ᠠ ᠳᠤ ᠵᠡᠯ᠎ᠡ ᠪᠠᠨ ᠲᠠᠳᠠᠵᠤ ᠦᠳᠭᠡᠨ ᠰᠦᠷᠦᠭ ᠢᠶᠠᠷ ᠢᠶᠠᠨ ᠲᠠᠯ᠎ᠠ ᠶᠢ ᠪᠦᠷᠬᠦᠬᠦᠯᠵᠦ ᠦᠯᠵᠡᠶᠢᠳᠦ ᠠᠮᠢᠳᠤᠷᠠᠯ ᠢᠶᠠᠨ ᠦᠨᠢᠳᠡ ᠪᠠᠳᠤᠳᠬᠠᠵᠤ ᠶᠠᠪᠤᠭᠳᠤᠨ᠃ ᠡᠨᠡ ᠰᠠᠶᠢᠬᠠᠨ ᠮᠠᠭᠳᠠᠭᠠᠯ ᠢᠷᠦᠭᠡᠯ ᠦᠶ᠎ᠡ ᠶᠢᠨ ᠦᠶ᠎ᠡ ᠳᠤ ᠴᠢᠨᠢ ᠤᠷᠤᠰᠢᠨ ᠰᠢᠩᠭᠡᠵᠦ ᠦᠯᠵᠡᠢ ᠵᠢᠷᠭᠠᠯᠳᠤ ᠭᠡᠷ ᠪᠦᠯᠢ ᠴᠢᠨᠢ ᠦᠨᠢ ᠡᠬᠦᠷᠢᠳᠡ  ᠦᠭᠡᠳᠡᠯᠡᠨ ᠲᠡᠭᠵᠢᠷᠡᠳᠦᠬᠡᠢ︕ ᠰᠢᠨ᠎ᠡ ᠪᠡᠷᠢ ᠶᠢ ᠭᠡᠷᠯᠡᠬᠦ ᠭᠡᠷ ᠲᠤ ᠪᠠᠭᠤᠯᠭᠠᠬᠤ ᠦᠶᠡᠰ ᠪᠠᠰᠠ ᠡᠬᠦᠳᠡ ᠪᠠᠨ ᠲᠠᠷᠤᠭᠠᠳ ᠤᠷᠤᠭᠤᠯᠬᠤ ᠦᠬᠡᠢ᠂ ᠬᠤᠶᠠᠷ ᠡᠳᠡᠭᠡᠳ ᠤᠨ ᠬᠡᠯᠡᠮᠦᠷᠴᠢ ᠠᠴᠠ ᠵᠦᠢ ᠶᠤᠰᠤ ᠶᠢ ᠬᠡᠯᠡᠯᠴᠡᠨ ᠮᠠᠷᠭᠤᠳᠠᠭ  ᠶᠤᠰᠤᠨ ᠪᠠᠶᠢᠨ᠎ᠠ  ᠂ ᠲᠤᠬᠠᠶᠢᠯᠠᠪᠠᠯ  ᠄            ︽ᠤᠳᠤᠭ᠎ᠠ ᠵᠢᠩᠰᠡ ᠪᠠᠨ ᠵᠡᠬᠦᠭᠰᠡᠨ            ᠤᠯᠤᠩᠳᠠᠢ ᠬᠦᠷᠮ᠎ᠡ ᠪᠠᠨ ᠡᠮᠦᠰᠦᠭᠰᠡᠨ            ᠠᠯᠪᠠᠨ ᠤ ᠰᠠᠶᠢᠳ ᠤᠨ ᠲᠦᠷᠢ ᠲᠠᠢ            ᠠᠨᠳᠠ ᠰᠠᠯᠳᠠ ᠪᠠᠷ ᠤᠯᠠᠨ ᠲᠠᠢ            ᠠᠴᠢᠶ᠎ᠠ ᠬᠦᠰᠭᠡ ᠪᠠᠨ ᠬᠦᠳᠦᠯᠦᠭᠰᠡᠨ            ᠠᠪᠠᠭᠠᠢ ᠡᠬᠡᠨᠡᠷ ᠢᠶᠠᠨ ᠲᠠᠭᠠᠭᠤᠯᠤᠭᠰᠠᠨ            ᠠᠯᠤᠰ ᠬᠤᠯᠠ ᠶᠢᠨ ᠵᠠᠮᠴᠢᠨ ᠤᠤ︖            ᠠᠶᠢᠯ ᠬᠡᠰᠦᠵᠦ ᠶᠠᠪᠤᠭ᠎ᠠ ᠤᠤ︖  ︾            ︽ᠲᠦᠷᠦ ᠶᠤᠰᠤᠨ ᠤ ᠡᠬᠦᠳᠦᠯ ᠢᠶᠠᠷ            ᠲᠦᠮᠡᠨ ᠤᠯᠠᠨ ᠤ ᠵᠢᠷᠤᠮ ᠢᠶᠠᠷ            ᠲᠦᠷᠦᠭᠰᠡᠨ ᠨᠤᠳᠤᠭ ᠠᠴᠠ ᠪᠠᠨ ᠮᠤᠷᠳᠠᠵᠤ            ᠲᠡᠬᠦᠰ ᠰᠠᠶᠢᠬᠠᠨ ᠪᠡᠯᠡᠳᠭᠡᠯ ᠲᠠᠢ            ᠲᠦᠪᠰᠢᠨ ᠰᠠᠶᠢᠬᠠᠨ ᠶᠠᠪᠤᠵᠤ ᠢᠷᠡᠯ᠎ᠡ            ᠠᠭᠤᠯᠠ ᠶᠢᠨ ᠴᠢᠨᠠᠳᠤ            ᠤᠰᠤᠨ ᠤ ᠤᠷᠳᠤ ᠠᠴᠠ            ᠬᠤᠯᠠ  ᠵᠠᠮ ᠳᠤ ᠶᠠᠪᠤᠭᠰᠠᠨ ᠴᠤ            ᠬᠤᠨᠤᠭ ᠭᠤᠶᠤᠵᠤ ᠶᠠᠪᠤᠭ᠎ᠠ ᠪᠢᠰᠢ            ᠠᠪᠠᠭᠠᠢ ᠬᠡᠦᠭᠡᠳ ᠢᠶᠠᠨ ᠲᠠᠭᠠᠭᠤᠯᠵᠤ            ᠠᠶᠢᠯ  ᠬᠡᠰᠦᠵᠦ ᠶᠠᠪᠤᠭ᠎ᠠ ᠪᠤᠰᠤ  ︾            ᠲᠦᠷᠰᠦ ᠪᠠᠶᠢᠳᠠᠯ ᠢ ᠨᠢ ᠰᠢᠨᠵᠢᠪᠡᠯ            ᠲᠦᠰᠢᠮᠡᠳ ᠬᠠᠪᠠᠨ ᠤ ᠰᠢᠨᠵᠢ ᠲᠠᠢ           ᠲᠦᠷᠦ ᠶᠤᠰᠤ ᠪᠠᠷ ᠶᠠᠪᠤᠵᠤ ᠪᠠᠶᠢᠨ᠎ᠠ ᠭᠡᠳᠡᠯ᠎ᠡ           ᠲᠦᠷᠢᠮᠡᠬᠡᠢ ᠵᠠᠩ ᠤᠪᠤᠷ ᠲᠠᠢ           ᠡᠵᠡᠳ ᠬᠠᠭᠠᠳ ᠤᠨ ᠡᠯᠴᠢ ᠲᠦᠰᠢᠮᠡᠳ ᠴᠤ           ᠡᠬᠦᠳᠡ ᠲᠠᠷᠤᠵᠤ ᠪᠠᠭᠤᠳᠠᠭ ᠦᠬᠡᠢ           ᠬᠠᠭᠠᠨ ᠡᠵᠡᠨ ᠤ ᠰᠠᠶᠢᠳ ᠴᠤ           ᠬᠠᠭᠠᠯᠭ᠎ᠠ ᠲᠠᠷᠤᠵᠤ ᠪᠠᠭᠤᠳᠠᠭ ᠦᠬᠡᠢ           ᠬᠠᠨ ᠭᠠᠷᠤᠳᠢ ᠶᠢᠨ ᠵᠤᠯᠵᠠᠭ᠎ᠠ ᠴᠤ           ᠬᠠᠭᠠᠯᠭ᠎ᠠ ᠬᠠᠯᠢᠨ ᠨᠢᠰᠳᠡᠭ ᠦᠬᠡᠢ ᠪᠠᠶᠢᠳᠠᠯ᠎ᠠ           ᠬᠠᠮᠢᠭ᠎ᠠ ᠭᠠᠵᠠᠷ ᠤᠨ ᠶᠤᠰᠤ ᠪᠠᠷ           ᠬᠠᠳᠠᠪᠴᠢ ᠶᠢᠨ ᠡᠮᠦᠨ᠎ᠡ ᠪᠠᠭᠤᠳᠠᠭ ᠪᠤᠢ︖︾           ᠲᠦᠷᠦ ᠶᠢᠨ ᠶᠤᠰᠤᠨ ᠤ ᠲᠦᠷᠢᠮ ᠢᠶᠠᠷ           ᠲᠦᠮᠡᠨ ᠤᠯᠠᠨ ᠤ ᠵᠠᠩᠰᠢᠯ ᠢᠶᠠᠷ           ᠲᠡᠷᠢᠬᠦᠯᠡᠭᠰᠡᠨ ᠶᠡᠭᠡ  ᠬᠤᠳᠠ ᠲᠠᠢ           ᠲᠡᠬᠦᠰ ᠪᠦᠷᠢᠨ ᠨᠦᠬᠦᠷ ᠰᠠᠯᠳᠠ ᠲᠠᠢ ᠪᠠᠷ           ᠬᠤᠯᠠ ᠶᠢ ᠨᠢ ᠤᠶᠢᠷᠠᠳᠤᠭᠤᠯᠵᠤ           ᠬᠤᠯᠪᠤᠭ᠎ᠠ ᠵᠠᠶᠠᠭ᠎ᠠ ᠪᠠᠷᠢᠯᠳᠤᠭᠤᠯᠬᠤ ᠪᠠᠷ           ᠵᠦᠢ ᠵᠢᠷᠤᠮ ᠲᠠᠢ ᠶᠤᠰᠤ ᠪᠠᠷ           ᠵᠦᠭᠯᠡᠵᠦ ᠢᠷᠡᠭᠰᠡᠨ ᠨᠢ ᠡᠨᠡ ᠪᠢᠯᠡ︾           ︽ᠲᠦᠷᠦᠯᠬᠢ ᠤᠭᠰᠠᠭ᠎ᠠ ᠴᠢᠨᠢ ᠠᠯᠢ ᠪᠤᠢ           ᠲᠦᠷᠦᠭᠰᠡᠨ ᠨᠤᠳᠤᠭ ᠴᠢᠨᠢ ᠬᠠᠮᠢᠭ᠎ᠠ ᠪᠤᠢ           ᠲᠦᠷᠦᠬᠦᠯᠡᠭᠴᠢ ᠲᠠᠭᠠᠭᠠᠮᠠᠯ ᠨᠢ ᠬᠡᠨ ᠪᠤᠢ           ᠲᠡᠬᠦᠨ ᠤ ᠵᠤᠷᠢᠯᠭ᠎ᠠ ᠨᠢ ᠶᠠᠭᠤ ᠪᠤᠢ           ᠤᠳᠠᠢ ᠪᠡᠭᠡᠵᠢᠩ ᠳᠤ ᠶᠠᠪᠤᠬᠤ ᠪᠤᠯ           ᠤᠷᠳᠤᠬᠢ ᠵᠠᠮ ᠢᠶᠠᠷ ᠶᠠᠪᠤᠭᠠᠷᠠᠢ           ᠠᠨᠳᠤᠤ ᠭᠡᠶᠢᠳ ᠲᠤ ᠮᠦᠷᠬᠦᠬᠦ ᠪᠤᠯ           ᠠᠰᠬᠠᠨ ᠵᠠᠮ ᠵᠢᠭᠠᠵᠤ ᠦᠭᠬᠦᠶ᠎ᠡ           ᠮᠠᠨ ᠤ ᠬᠢ ᠶᠢ ᠵᠤᠷᠢᠵᠤ ᠢᠷᠡᠭᠰᠡᠨ ᠪᠤᠯ           ᠮᠠᠶᠢᠬᠠᠨ ᠳᠤ ᠤᠷᠤᠵᠤ ᠰᠠᠭᠤᠭᠠᠷᠠᠢ︾            ︽ ᠴᠢᠩᠬᠢᠰ  ᠪᠤᠭᠳᠠ ᠶᠢᠨ ᠦᠷᠡᠰ ᠶᠤᠮ ᠡ                 ᠴᠠᠬᠠᠷ ᠯᠢᠭᠳᠡᠨ ᠤ ᠬᠤᠶᠢᠴᠢᠰ ᠪᠢᠯᠡ                 ᠡᠩᠬᠡ  ᠠᠮᠤᠭᠤᠯᠠᠩ ᠤᠨ ᠦᠶ᠎ᠡ ᠳᠤ                 ᠡᠵᠡᠨ ᠤ ᠰᠦᠷᠦᠭ ᠮᠠᠯᠵᠢᠬᠤ ᠭᠡᠳ                 ᠡᠬᠡ ᠨᠤᠳᠤᠭ ᠴᠠᠬᠠᠷ ᠨᠠᠢᠮᠠᠨ ᠬᠤᠰᠢᠭᠤᠨ ᠠᠴᠠ                 ᠡᠨᠡ ᠨᠤᠳᠤᠭ ᠲᠤ ᠠᠪᠴᠢᠷᠠᠭᠰᠠᠨ ᠪᠠᠶᠢᠭ᠎ᠠ                  ᠤᠷᠳᠤ ᠴᠠᠭᠠᠨ ᠭᠡᠷᠡᠮ ᠤᠨ ᠭᠠᠳᠠᠨ᠎ᠠ                   ᠠᠭᠤᠳᠠᠮ ᠦᠷᠭᠡᠨ ᠲᠠᠯ᠎ᠠ ᠨᠤᠳᠤᠭ ᠲᠠᠢ                  ᠲᠡᠪᠳᠡᠭᠡᠷ ᠬᠠᠶᠢᠷᠬᠠᠨ ᠠᠴᠠ ᠵᠡᠬᠦᠨᠰᠢ                   ᠲᠡᠯᠳᠦ ᠨᠢᠷᠤᠭᠤ ᠠᠴᠠ ᠪᠠᠷᠠᠭᠤᠨᠰᠢ                   ᠬᠦᠨᠵᠢᠯᠳᠦ ᠬᠠᠩᠭᠠᠢ ᠠᠴᠠ ᠡᠮᠦᠨᠡᠰᠢ                  ᠬᠦᠨᠳᠡᠯᠡᠨ ᠪᠤᠭᠳᠠ ᠶᠢᠨ ᠰᠤᠭᠤ ᠨᠤᠭᠤᠳ ᠢᠶᠠᠷ                   ᠤᠷᠳᠤ ᠰᠠᠶᠢᠬᠠᠨ ᠰᠢᠯᠢ ᠨᠢᠷᠤᠭᠤ ᠲᠠᠢ                  ᠤᠯᠠᠨ ᠰᠠᠶᠢᠬᠠᠨ ᠨᠠᠭᠤᠷ ᠤᠰᠤ ᠲᠠᠢ                   ᠤᠨᠴᠠ ᠰᠠᠶᠢᠬᠠᠨ ᠡᠪᠡᠰᠦ ᠪᠡᠯᠴᠢᠭᠡᠷ ᠲᠠᠢ                     ᠠᠭᠤᠳᠠᠮ ᠰᠠᠶᠢᠬᠠᠨ ᠨᠤᠳᠤᠭ ᠮᠢᠨᠢ ᠪᠤᠢ                     ᠬᠦᠳᠡᠭᠡ ᠲᠦᠬᠦᠷᠡᠩ ᠪᠡᠯᠴᠢᠬᠦ                     ᠬᠦᠪᠦᠩ ᠴᠠᠭᠠᠨ ᠬᠤᠨᠢ ᠲᠠᠢ                     ᠬᠦᠨᠳᠡᠢ ᠪᠢᠯᠬᠠᠮ᠎ᠠ ᠢᠳᠡᠰᠢᠯᠡᠬᠦ                     ᠬᠤᠩᠭᠤᠷ ᠠᠳᠤᠭᠤᠨ ᠰᠦᠷᠦᠭ ᠲᠠᠢ                     ᠬᠦᠨᠳᠡᠯᠡᠨ ᠠᠭᠤᠯᠠ   ᠶᠢᠨ ᠡᠩᠬᠡᠷ ᠲᠤ                     ᠬᠦᠢᠰᠦᠳᠦ ᠨᠠᠭᠤᠷ ᠤᠨ ᠬᠦᠪᠡᠭᠡ ᠳᠤ                     ᠬᠦᠬᠦᠳᠡᠢ ᠬᠠᠷ᠎ᠠ ᠨᠢᠳᠦᠨ ᠪᠤᠯᠠᠭ ᠲᠤ ᠪᠠᠶᠢᠨ᠎ᠠ                     ᠤᠳᠠᠢ ᠪᠡᠭᠡᠵᠢᠩ ᠳᠤ ᠶᠠᠪᠤᠬᠤ ᠶᠤᠮ ᠪᠤᠯ                     ᠠᠨᠳᠤᠤ ᠭᠡᠶᠢᠳ ᠲᠤ ᠮᠦᠷᠬᠦᠬᠦ ᠶᠤᠮ ᠪᠤᠯ                     ᠤᠷᠤᠭᠰᠢ ᠵᠠᠮ ᠢᠶᠠᠨ  ᠬᠦᠬᠡᠬᠡᠨ᠎ᠡ ᠰᠢᠦ                     ᠠᠶᠢᠯ ᠤᠨ ᠡᠬᠦᠳᠡᠨ ᠳᠤ ᠢᠷᠡᠬᠦ ᠦᠬᠡᠢ ᠶᠤᠮ ᠡ                     ᠲᠦᠷᠦᠬᠦᠦ ᠲᠠᠭᠠᠭᠠᠮᠠᠯ  ᠬᠡᠨ ᠪᠤᠢ ᠬᠡᠪᠡᠯ                     ᠲᠦᠮᠡᠨ ᠤᠯᠠᠨ ᠢᠶᠠᠷ ᠢᠶᠠᠨ ᠲᠠᠨᠢᠬᠤ ᠪᠢᠯᠡ                     ᠪᠡᠭᠡᠵᠢᠩ ᠵᠤᠷᠭᠠᠨ ᠶᠠᠮᠤᠨ ᠤ                     ᠪᠢᠴᠢᠭ ᠲᠠᠩᠰᠠ ᠶᠢ ᠬᠠᠮᠢᠶᠠᠷᠤᠭᠴᠢ                     ᠠᠷᠤ ᠶᠢᠨ ᠬᠤᠰᠢᠭᠤᠨ ᠳᠠᠭᠠᠨ ᠠᠯᠳᠠᠷ ᠲᠠᠢ                     ᠠᠳᠤᠭᠤᠨ ᠰᠦᠷᠦᠭ ᠤᠨ××  ᠪᠠᠶᠢᠨ᠎ᠠ                     ᠵᠤᠷᠢᠵᠤ ᠶᠠᠪᠤᠭ᠎ᠠ ᠶᠠᠭᠤ ᠪᠤᠢ ᠬᠡᠪᠡᠯ                     ᠵᠢᠷᠭᠠᠯ ᠪᠠᠶᠠᠷ ᠤᠨ ᠤᠴᠢᠷ ᠯᠠ ᠪᠠᠶᠢᠨ᠎ᠠ                     ᠬᠦᠪᠡᠭᠡᠳᠦ ᠰᠢᠷ᠎ᠠ ᠬᠤᠰᠢᠭᠤᠨ ᠤ                       ᠬᠦᠷᠦᠩᠬᠡ ᠲᠠᠢ ᠮᠠᠯᠴᠢᠨ ×× ᠤᠨ                     ᠬᠠᠶᠢᠷᠠᠳᠤ ᠦᠬᠢᠨ ×× ᠢ                     ᠬᠠᠳᠠᠮ ᠳᠤᠨᠢ ᠬᠦᠷᠭᠡᠵᠦ ᠢᠷᠡᠭᠡ ᠪᠢᠯᠡ                     ᠤᠷᠤᠭ ᠲᠦᠷᠦᠯ  ᠪᠠᠷᠢᠯᠳᠤᠬᠤ ᠬᠡᠮᠡᠨ                     ᠠᠳᠡ ᠬᠦᠷᠴᠦ ᠢᠷᠡᠭᠰᠡᠨ ᠪᠠᠶᠢᠬᠤ ᠳᠤ                     ᠡᠬᠦᠳᠡ ᠬᠠᠭᠠᠯᠭ᠎ᠠ ᠪᠠᠨ ᠲᠠᠷᠤᠭᠠᠳ                     ᠤᠷᠤᠭᠤᠯᠳᠠᠭ ᠦᠬᠡᠢ ᠤᠴᠢᠷ ᠶᠠᠭᠤ ᠪᠤᠢ  ︾                     ︽ᠡᠷᠳᠡ ᠤᠷᠢᠳᠤ ᠶᠢᠨ ᠴᠠᠭ ᠲᠤ                     ᠡᠪᠦᠭᠡ ᠲᠡᠭᠡᠳᠦᠰ ᠤᠨ ᠦᠶ᠎ᠡ ᠠᠴᠠ                     ᠦᠷ᠎ᠡ ᠬᠡᠦᠭᠡᠳ ᠲᠡᠭᠡᠨ ᠪᠡᠷᠢ ᠪᠠᠭᠤᠯᠭᠠᠬᠤ ᠳᠤ                     ᠡᠬᠦᠳᠡ ᠪᠤᠱᠤᠭ᠎ᠠ ᠪᠠᠨ ᠲᠠᠷᠤᠳᠠᠭ ᠶᠤᠮ                     ᠤᠨᠤᠭ᠎ᠠ ᠬᠦᠰᠭᠡ ᠠᠴᠠ ᠪᠠᠭᠤᠮᠠᠭᠴᠠ                     ᠤᠭᠳᠤᠨ ᠵᠠᠯᠠᠵᠤ ᠤᠷᠤᠭᠤᠯᠳᠠᠭ ᠦᠬᠡᠢ                     ᠠᠰᠠᠭᠤᠵᠤ ᠯᠠᠪᠯᠠᠵᠤ ᠪᠠᠶᠢᠭᠠᠳ                     ᠤᠴᠢᠷ ᠤᠬᠠᠭᠠᠨ ᠢ ᠨᠢ ᠤᠯᠳᠠᠭ ᠶᠤᠮ                     ᠤᠯᠤᠰ ᠬᠦᠷᠦᠨ ᠳᠤ ᠴᠤᠯᠠ   ᠲᠠᠢ                     ᠤᠭᠰᠠᠭ᠎ᠠ ᠠᠶᠢᠮᠠᠭ ᠲᠠᠭᠠᠨ ᠨᠡᠷ᠎ᠡ ᠲᠠᠢ                     ᠤᠬᠠᠭᠠᠨ ᠲᠠᠢ ᠮᠡᠷᠭᠡᠨ ᠬᠦᠮᠦᠨ ᠪᠠᠶᠢᠭᠠᠳ                     ᠤᠬᠠᠵᠤ ᠪᠠᠰᠠ ᠮᠡᠳᠡᠭᠰᠡᠨ ᠦᠬᠡᠢ ᠬᠡᠵᠢ ᠤᠤ︾                     ︽ ᠪᠦᠬᠦᠳᠡ ᠮᠤᠩᠭᠤᠯ ᠤᠨ ᠵᠠᠩᠰᠢᠯ ᠢᠶᠠᠷ                     ᠪᠤᠭᠳᠤᠯᠵᠤ ᠪᠠᠷᠢ ᠪᠠᠭᠤᠯᠭᠠᠬᠤ ᠳᠤ                     ᠴᠢᠨᠳᠠᠭ᠎ᠠ ᠴᠠᠭᠠᠨ ᠢᠰᠡᠭᠡᠢ ᠪᠠᠨ                     ᠴᠠᠶᠢᠯᠵᠠᠳᠠᠯ᠎ᠠ ᠰᠠᠶᠢᠬᠠᠨ ᠲᠡᠪᠢᠰᠦᠭᠡᠳ                     ᠴᠡᠪᠡᠷ ᠭᠤᠸᠠᠯᠢᠭ ᠪᠡᠷᠢ ᠪᠠᠨ                     ᠲᠡᠬᠦᠨ ᠤ ᠲᠡᠭᠡᠬᠦᠷ ᠠᠯᠬᠤᠭᠤᠯᠵᠤ                     ᠪᠠᠶᠠᠷ ᠵᠢᠷᠭᠠᠯ ᠤᠨ ᠵᠠᠮ ᠬᠡᠮᠡᠨ                     ᠪᠠᠭ᠋ᠠᠳᠤᠨ ᠪᠡᠯᠬᠡᠯᠡᠵᠦ ᠢᠷᠦᠭᠡᠳᠡᠭ ᠪᠢᠯᠡ                     ᠤᠨᠢ ᠮᠤᠳᠤ ᠪᠠᠷ ᠡᠬᠦᠳᠡ ᠪᠠᠨ ᠲᠠᠷᠤᠭᠠᠳ                     ᠤᠷᠠᠨ ᠬᠤᠩᠰᠢᠶᠠᠷ ᠢᠶᠠᠨ ᠪᠠᠭ᠋ᠠᠨ ᠬᠦᠳᠡᠯᠬᠡᠬᠦ ᠨᠢ                     ᠤᠷᠢᠳᠤ ᠶᠢᠨ ᠶᠤᠰᠤᠨ ᠳᠤ ᠨᠡᠶᠢᠴᠡᠬᠦ ᠦᠬᠡᠢ                     ᠤᠷᠤᠭ ᠤᠨ ᠵᠦᠢ ᠳᠤ ᠴᠤ ᠡᠪ ᠦᠬᠡᠢ ᠪᠢᠰᠢᠦ︾                     ᠰᠤᠳᠤ ᠪᠤᠭᠳᠠ ᠴᠢᠩᠬᠢᠰ ᠬᠠᠭᠠᠨ                     ᠰᠡᠴᠡᠨ ᠬᠠᠳᠤᠨ ᠢᠶᠠᠨ ᠪᠠᠭᠤᠯᠭᠠᠬᠤ ᠳᠤ                     ᠡᠷᠳᠡᠮ ᠲᠡᠬᠦᠰ ᠬᠤᠶᠠᠷ ᠲᠦᠰᠢᠮᠡᠯ ᠢᠶᠠᠨ                     ᠡᠬᠦᠳᠡᠨ ᠭᠠᠳᠠᠨ᠎ᠠ ᠪᠠᠨ ᠵᠤᠭᠰᠤᠭᠠᠵᠤ                     ᠡᠩᠬᠡ ᠶᠢᠨ ᠪᠡᠯᠭᠡ ᠪᠦᠷᠢᠳᠦᠭᠰᠡᠨ                     ᠡᠷᠬᠢᠮ ᠡᠬᠦᠳᠡ ᠪᠠᠨ ᠲᠤᠯᠤᠭᠤᠯᠵᠤ                     ᠡᠩᠬᠦᠷᠡᠢ ᠬᠠᠳᠤᠨ ᠪᠠᠨ ᠰᠡᠦᠬᠡ ᠶᠢ                     ᠡᠪᠡᠰᠦᠳᠦ ᠭᠠᠵᠠᠷ ᠬᠢᠰᠬᠢᠬᠦᠯᠬᠦ ᠦᠬᠡᠢ ᠬᠡᠮᠡᠨ                     ᠠᠷ ᠦᠬᠡᠢ ᠰᠠᠶᠢᠬᠠᠨ ᠲᠤᠷᠭ᠎ᠠ ᠶᠢ                     ᠠᠯᠤᠰ ᠬᠤᠯᠠ ᠠᠴᠠ ᠲᠡᠪᠢᠰᠴᠦ                     ᠠᠮᠠᠷᠠᠭ ᠬᠠᠶᠢᠷᠠᠳᠤ ᠬᠠᠳᠤᠨ ᠢᠶᠠᠨ                     ᠠᠯᠳᠠᠨ ᠤᠷᠳᠤᠨ ᠳᠠᠭᠠᠨ ᠪᠠᠭᠤᠯᠭᠠᠭᠰᠠᠨ ᠶᠤᠮ                     ᠡᠵᠡᠨ ᠪᠤᠭᠳᠠ ᠶᠢᠨ ᠢᠶᠠᠨ ᠶᠤᠰᠤᠨ ᠢ                     ᠡᠷᠭᠡᠪᠰᠢ ᠲᠠᠭᠠᠬᠤ ᠯᠠ ᠤᠴᠢᠷᠳᠠᠢ ᠬᠡᠮᠡᠨ                     ᠪᠤᠷᠤ ᠲᠦᠷᠦᠬᠦᠳᠦ ᠬᠤᠨᠢᠨ ᠠᠷᠠᠰᠤ ᠪᠠᠷ                     ᠪᠤᠱᠤᠭ᠎ᠠ ᠡᠬᠦᠳᠡ ᠪᠠᠨ ᠪᠦᠷᠬᠦᠵᠦ                     ᠬᠠᠷ᠎ᠠ ᠲᠦᠷᠦᠬᠦᠳᠦ ᠬᠤᠨᠢᠨ ᠠᠷᠠᠰᠤ ᠶᠢ                     ᠬᠠᠳᠠᠪᠴᠢᠨ ᠳᠠᠭᠠᠨ ᠲᠡᠯᠬᠡᠨ ᠲᠡᠪᠢᠰᠴᠦ                     ᠪᠠᠳᠠᠷᠠᠩᠭᠤᠢ  ᠦᠯᠵᠡᠶᠢᠳᠦ ᠪᠠᠳᠤᠴᠠᠭᠠᠨ ᠮᠤᠳᠤ ᠪᠠᠷ                     ᠪᠠᠶᠠᠷ ᠤᠨ ᠬᠠᠭᠠᠯᠭ᠎ᠠ ᠡᠬᠦᠳᠡ ᠪᠠᠨ ᠲᠠᠷᠤᠨ                     ᠪᠠᠳᠠᠷᠠᠨ ᠬᠦᠭᠵᠢᠬᠦ ᠶᠢ ᠨᠢ ᠢᠷᠦᠭᠡᠨ ᠪᠡᠯᠭᠡᠳᠡᠵᠦ                     ᠪᠠᠷᠢᠯᠳᠤᠯᠭ᠎ᠠ ᠶᠢᠨ ᠵᠠᠶᠠᠭ᠎ᠠ ᠶᠢ ᠨᠢ ᠪᠠᠭ᠋ᠠᠳᠤᠨ ᠵᠦᠩᠨᠡᠭᠰᠡᠨ ᠶᠤᠮ︾                     ᠪᠤᠭᠳᠠ ᠡᠵᠡᠨ ᠤ ᠲᠤᠭᠳᠠᠭᠠᠭᠰᠠᠨ ᠶᠤᠰᠤ                     ᠪᠦᠬᠦᠳᠡ ᠮᠤᠩᠭᠤᠯ ᠤᠨ ᠬᠦᠨᠳᠦᠳᠭᠡᠬᠦ ᠵᠢᠷᠤᠮ                     ᠬᠠᠭᠠᠨ ᠡᠵᠡᠨ ᠤ ᠲᠤᠭᠳᠠᠭᠠᠭᠰᠠᠨ ᠶᠤᠰᠤ                     ᠬᠠᠮᠤᠭ ᠮᠤᠩᠭᠤᠯ ᠤᠨ ᠰᠠᠬᠢᠬᠤ ᠵᠢᠷᠤᠮ                     ᠪᠠᠳᠮ᠎ᠠ ᠯᠢᠩᠬᠤᠸ᠎ᠠ ᠴᠡᠴᠡᠭᠳᠦ ᠬᠠᠳᠠᠭ ᠢᠶᠠᠷ                     ᠪᠠᠳᠤᠴᠠᠭᠠᠨ ᠮᠤᠳᠤ ᠶᠢ ᠴᠢᠨᠢ ᠮᠢᠯᠢᠶᠠᠵᠤ                     ᠪᠠᠶᠠᠨ ᠡᠷᠬᠢᠮ ᠢ  ᠡᠬᠦᠷᠢᠳᠡ ᠡᠳ᠋ᠯᠡᠬᠦ                     ᠪᠠᠳᠤ ᠰᠠᠶᠢᠨ ᠤ ᠢᠷᠦᠬᠡᠯ ᠲᠡᠪᠰᠢᠬᠦᠯᠦᠶ᠎ᠡ                     ᠠᠮᠳᠠᠳᠤ ᠰᠠᠶᠢᠬᠠᠨ ᠢᠳᠡᠭᠡᠨ ᠤ ᠲᠡᠭᠡᠵᠢ                     ᠠᠶᠢᠷᠠᠭ ᠲᠠᠷᠠᠭ ᠰᠢᠷ᠎ᠠ ᠲᠤᠰᠤ ᠪᠠᠷ ᠢᠶᠠᠨ                     ᠠᠰᠢᠳᠠ ᠶᠢᠨ ᠪᠤᠶᠠᠨᠳᠤ ᠡᠬᠦᠳᠡ ᠶᠢ ᠴᠢᠨᠢ ᠮᠢᠯᠢᠶᠡᠵᠣ                     ᠤᠳᠠᠭᠠᠨ ᠵᠢᠷᠭᠠᠬᠤ ᠶᠢ ᠵᠦᠩᠨᠡᠨ ᠪᠡᠯᠭᠡᠳᠡᠶ᠎ᠡ                     ᠰᠠᠷ᠎ᠠ ᠶᠢᠨ ᠰᠠᠶᠢᠨ ᠢ ᠰᠤᠩᠭᠤᠵᠤ                     ᠡᠳᠦᠷ ᠤᠨ ᠰᠠᠶᠢᠨ ᠢ ᠦᠵᠡᠵᠦ                     ᠬᠠᠶᠢᠷᠠᠳᠤ ᠰᠢᠨ᠎ᠡ ᠪᠡᠷᠢ ᠪᠠᠷ ᠴᠢᠨᠢ                     ᠬᠠᠯᠠᠭᠤᠨ ᠭᠠᠯ ᠢ ᠴᠢᠨᠢ ᠲᠠᠬᠢᠭᠤᠯᠵᠤ                     ᠬᠦᠨᠳᠦᠳᠦ ᠨᠠᠰᠤᠳᠠᠨ ᠳᠤᠨᠢ ᠮᠦᠷᠬᠦᠬᠦᠯᠦᠨ                     ᠬᠠᠮᠤᠭ ᠨᠠᠰᠤᠨ ᠤ ᠦᠢᠯᠡ   ᠶᠢ ᠪᠦᠳᠦᠭᠡᠶ᠎ᠡ                     ᠨᠠᠷᠠ ᠨᠠᠮᠠᠢᠢ ᠬᠦᠯᠢᠶᠡᠬᠦ ᠦᠬᠡᠢ                     ᠴᠠᠭ ᠴᠢᠮᠠᠢᠢ ᠬᠦᠯᠢᠶᠡᠬᠦ ᠦᠬᠡᠢ                     ᠡᠬᠦᠳᠡ ᠬᠠᠭᠠᠯᠭ᠎ᠠ ᠪᠠᠨ ᠨᠡᠭᠡᠭᠡᠴᠢ                     ᠦᠨᠡᠨ ᠤᠴᠢᠷ ᠢᠶᠠᠨ ᠪᠦᠳᠦᠭᠡᠶ᠎ᠡ︾ ᠬᠡᠬᠦ ᠮᠡᠳᠦ ᠪᠠᠷ ᠬᠤᠶᠠᠷ ᠡᠳᠡᠭᠡᠳ ᠢᠶᠠᠷ ᠢᠶᠠᠨ ᠨᠡᠯᠢᠶᠡᠳ ᠤᠳᠠᠭᠠᠨ ᠮᠠᠷᠭᠤᠨ ᠬᠡᠯᠡᠯᠴᠡᠭᠰᠡᠨ ᠤ ᠲᠠᠷᠠᠭ᠎ᠠ ᠬᠦᠷᠭᠡᠨ ᠲᠠᠯ᠎ᠠ  ᠄                     ︽ᠤᠴᠢᠷᠳᠠᠢ ᠰᠠᠶᠢᠬᠠᠨ ᠲᠠᠪᠢᠯᠠᠩ ᠢᠶᠠᠷ                     ᠤᠬᠠᠭᠠᠨᠳᠤ ᠬᠡᠦᠭᠡᠳ ᠤᠳ ᠲᠠᠨᠢᠯᠴᠠᠯ᠎ᠠ                     ᠤᠴᠠᠷᠠᠬᠤ ᠶᠢᠨ ᠰᠠᠶᠢᠬᠠᠨ ᠵᠠᠶᠠᠭ᠎ᠠ ᠪᠠᠷ                     ᠤᠷᠤᠭ ᠰᠠᠳᠤᠨ ᠪᠤᠯᠤᠯᠴᠠᠯ᠎ᠠ                     ᠨᠠᠶᠢᠷᠰᠠᠭ ᠰᠠᠶᠢᠬᠠᠨ ᠶᠤᠰᠤ                     ᠨᠠᠶᠢᠷ ᠬᠤᠷᠢᠮ ᠤᠨ ᠵᠠᠩᠰᠢᠯ ᠢᠶᠠᠷ                     ᠡᠷᠬᠢᠮ ᠬᠦᠨᠳᠦᠳᠦ ᠬᠤᠳᠠ ᠬᠤᠳᠠᠭᠠᠢ                     ᠡᠩᠬᠦᠷᠡᠢ ᠬᠠᠶᠢᠷᠠᠳᠤ ᠰᠢᠨ᠎ᠡ ᠪᠡᠷᠢ ᠪᠠᠨ                     ᠭᠡᠭᠡᠨ ᠲᠤᠶᠠᠭ᠎ᠠ ᠰᠠᠴᠤᠷᠠᠭᠰᠠᠨ                     ᠭᠡᠰᠢᠭ ᠪᠤᠶᠠᠨ ᠲᠡᠯᠭᠡᠷᠡᠭᠰᠡᠨ                     ᠦᠨᠢᠳᠡ ᠶᠢᠨ ᠵᠢᠷᠭᠠᠯ ᠰᠢᠩᠭᠡᠭᠰᠡᠨ                     ᠦᠯᠵᠡᠢ ᠬᠤᠳᠤᠭ ᠤᠷᠤᠰᠢᠭᠰᠠᠨ                     ᠦᠷᠬᠦᠬᠡ ᠭᠡᠷ ᠲᠡᠭᠡᠨ ᠵᠠᠯᠠᠶ᠎ᠠ︾ ᠬᠡᠮᠡᠨ ᠡᠬᠦᠳᠡ ᠪᠠᠨ ᠨᠡᠬᠡᠬᠡᠵᠦ ᠬᠦᠨᠳᠦᠳᠭᠡᠨ ᠤᠷᠤᠭᠤᠯᠤᠨ᠎ᠠ᠃      ᠬᠦᠦ ᠲᠠᠯ᠎ᠠ ᠶᠢᠨ ᠬᠤᠷᠢᠮ ᠤᠨ ᠨᠠᠶᠢᠷ ᠤᠨ ᠶᠤᠰᠤ ᠵᠦᠢ ᠬᠡᠦᠬᠡᠨ ᠲᠠᠯ᠎ᠠ ᠶᠢᠨ ᠬᠢ ᠲᠠᠢ ᠦᠨᠳᠦᠰᠦᠨ ᠳᠡᠭᠡᠨ ᠠᠳᠠᠯᠢ᠂ ᠭᠡᠬᠦ ᠳᠡᠭᠡᠨ ᠬᠡᠦᠬᠡᠨ ᠲᠠᠯ᠎ᠠ ᠶᠢᠨ ᠠᠴᠠ ᠲᠠᠪᠠᠭᠤ ᠪᠠᠶᠢᠯᠭᠠᠬᠤ ᠪᠠᠷ ᠴᠢᠷᠮᠠᠶᠢᠳᠠᠭ᠃ ᠬᠤᠷᠢᠮ ᠤᠨ ᠰᠢᠷᠡᠭᠡᠨ ᠲᠡᠭᠡᠷ᠎ᠡ ᠪᠦᠬᠦᠯᠢ ᠬᠤᠨᠢᠨ ᠰᠢᠬᠦᠰᠦ ᠪᠤᠶᠤ ᠤᠭᠤᠴᠠ᠂  ᠬᠠᠳᠠᠭ᠂ ᠲᠤᠷᠭ᠎ᠠ᠂ ᠠᠷᠢᠬᠢ᠂ ᠪᠤᠤᠪᠤ ᠮᠡᠳᠦ ᠶᠢᠨ ᠵᠦᠢᠯᠡᠰ ᠢ ᠲᠠᠯᠪᠢᠵᠤ ᠨᠠᠶᠢᠷ ᠢᠶᠠᠨ ᠡᠬᠢᠯᠡᠨ᠎ᠡ᠃ ᠨᠠᠶᠢᠷ ᠤᠨ ᠰᠢᠷᠡᠭᠡᠨ ᠤ ᠲᠤᠮᠳᠠ ᠡᠬᠡ ᠶᠢᠨ ᠴᠠᠭᠠᠨ ᠰᠦ ᠶᠢᠨ ᠠᠴᠢ ᠶᠢ ᠬᠠᠷᠢᠭᠤᠯᠬᠤ ᠬᠡᠮᠡᠨ ᠢᠷᠦᠬᠡᠯ ᠮᠠᠭᠳᠠᠭᠠᠯ ᠲᠠᠢ ᠪᠡᠯᠡᠭ ᠪᠠᠷᠢᠨ ᠬᠦᠢᠴᠡᠳᠭᠡᠨ᠎ᠡ᠃ ᠪᠡᠯᠡᠭ ᠲᠤ ᠠᠷᠢᠬᠢ᠂ ᠬᠠᠳᠠᠭ᠂  ᠲᠡᠪᠡᠯ ᠤᠨ ᠲᠤᠷᠭ᠎ᠠ ᠲᠡᠷᠢᠬᠦᠳᠡᠢ ᠪᠠᠷᠢᠬᠤ ᠪᠠ ᠵᠠᠷᠢᠮ ᠨᠢ ᠪᠠᠰᠠ ᠤᠯᠪᠤᠭ ᠭᠡᠪᠢᠰ᠂ ᠮᠠᠯ ᠤᠨᠤᠭ᠎ᠠ ᠪᠡᠯᠡᠭᠯᠡᠬᠦ ᠴᠤ ᠪᠤᠢ᠃  ᠪᠡᠯᠡᠭ ᠢ ᠬᠡᠦᠬᠡᠨ ᠬᠦᠷᠭᠡᠵᠦ ᠢᠷᠡᠭᠰᠡᠨ ᠬᠤᠳᠠ ᠬᠤᠳᠠᠭᠠᠢ ᠳᠤ ᠲᠡᠪᠰᠢᠬᠦᠯᠦᠨ᠎ᠡ᠃      ᠡᠬᠡ ᠶᠢᠨ ᠴᠠᠭᠠᠨ ᠰᠦ ᠶᠢᠨ ᠠᠴᠢ ᠶᠢ ᠬᠠᠷᠢᠭᠤᠯᠬᠤ ᠢᠷᠦᠬᠡᠯ᠄      ᠠᠰᠠᠷᠠᠯᠳᠤ ᠬᠠᠶᠢᠷᠠᠳᠤ ᠡᠵᠢ ᠨᠢ      ᠷᠠᠰᠢᠶᠠᠨ ᠰᠦ ᠪᠠᠨ ᠬᠦᠬᠦᠬᠦᠯᠵᠦ      ᠠᠮᠠᠷᠠᠭ ᠦᠬᠢᠨ ᠢᠶᠠᠨ ᠦᠰᠭᠡᠭᠡᠳ      ᠠᠯᠤᠰ ᠭᠠᠵᠠᠷ ᠪᠤᠭᠳᠤᠯᠵᠤ      ᠠᠶᠢᠯ ᠭᠡᠷ ᠤᠨ ᠢᠵᠠᠭᠤᠷ ᠵᠠᠯᠭᠠᠮᠵᠢᠯᠠᠭᠤᠯᠤᠭᠰᠠᠨ      ᠠᠴᠢ ᠭᠠᠪᠢᠶ᠎ᠠ ᠶᠢ ᠨᠢ ᠬᠠᠷᠢᠭᠤᠯᠬᠤ ᠠᠨᠤ      ᠠᠷᠪᠠᠨ ᠰᠠᠷ᠎ᠠ ᠡᠷᠬᠦᠵᠦ      ᠠᠩᠬᠢᠷ ᠤᠭᠤᠷᠠᠭ ᠢᠶᠠᠨ ᠰᠢᠮᠡᠬᠦᠯᠵᠦ      ᠠᠯᠠᠭ ᠨᠢᠳᠦᠨ ᠤ ᠴᠡᠴᠡᠭᠡᠢ ᠠᠴᠠ ᠢᠯᠡᠬᠦᠦ      ᠠᠴᠢᠷ ᠮᠢᠨᠢ ᠬᠡᠵᠦ ᠬᠠᠶᠢᠷᠠᠯᠠᠳᠠᠭ      ᠦᠷ ᠤᠨ ᠬᠦᠢᠳᠡᠨ ᠵᠢᠪᠠᠷ ᠲᠤ      ᠦᠨᠳᠡᠶᠢᠨ ᠪᠤᠰᠴᠤ ᠬᠦᠬᠦᠬᠦᠯᠳᠡᠭ      ᠦᠷᠦ ᠵᠢᠷᠦᠭᠡ ᠪᠠᠨ ᠲᠠᠳᠠᠵᠤ      ᠦᠷ᠎ᠡ ᠮᠢᠨᠢ ᠬᠡᠵᠦ ᠡᠩᠰᠡᠷᠡᠳᠡᠭ      ᠡᠯᠢᠬᠡᠨ ᠳᠡᠭᠡᠨ ᠲᠡᠪᠡᠷᠢᠵᠦ ᠦᠰᠭᠡᠭᠰᠡᠨ      ᠡᠩᠬᠦᠷᠡᠢ ᠬᠠᠶᠢᠷᠠᠳᠤ ᠦᠷ᠎ᠡ ᠪᠠᠨ      ᠡᠵᠡᠨ ᠲᠦᠷᠦ ᠶᠢᠨ ᠶᠤᠰᠤ ᠪᠠᠷ      ᠡᠨᠡ ᠠᠶᠢᠯ ᠳᠤ ᠪᠤᠭᠳᠤᠯᠤᠯ᠎ᠠ᠃      ᠡᠯᠡᠭᠳᠡᠬᠦ ᠶᠢᠨ ᠡᠮᠦᠨ᠎ᠡ ᠠᠴᠠ      ᠡᠩᠭᠡᠷ ᠲᠤᠬᠤᠢ ᠬᠤᠶᠠᠷ      ᠡᠨᠡᠷᠢᠬᠦ ᠶᠢᠨ ᠡᠮᠦᠨ᠎ᠡ ᠠᠴᠠ      ᠡᠵᠢ ᠠᠪᠤ ᠬᠤᠶᠠᠷ ᠭᠡᠳᠡᠭ ᠪᠢᠯᠡ      ᠡᠨᠡᠷᠢᠯ ᠬᠠᠶᠢᠷ᠎ᠠ   ᠶᠢᠨ ᠰᠡᠳᠬᠢᠯ      ᠡᠶᠡᠯᠳᠡᠭ ᠴᠠᠭᠠᠨ ᠰᠠᠨᠠᠭ᠎ᠠ ᠪᠠᠷ      ᠦᠰᠭᠡᠨ ᠬᠦᠮᠦᠵᠢᠬᠦᠯᠦᠭᠰᠡᠨ ᠦᠷ᠎ᠡ ᠴᠢᠨᠢ      ᠦᠨᠢ ᠡᠬᠦᠷᠢᠳᠡ ᠦᠬᠡᠳᠡᠯᠡᠬᠦ ᠪᠤᠯᠳᠤᠭᠠᠢ      ᠦᠪᠡᠷ ᠤᠨ ᠭᠡᠷ ᠲᠤ ᠲᠦᠷᠦᠬᠦᠯᠦᠨ      ᠦᠰᠭᠡᠨ ᠲᠤᠷᠨᠢᠭᠤᠯᠵᠤ ᠪᠤᠶᠢᠵᠢᠭᠤᠯᠤᠭᠠᠳ      ᠦᠬᠡᠷ᠎ᠡ ᠭᠡᠷ ᠲᠤ ᠵᠢᠷᠭᠠᠭᠤᠯᠳᠠᠭ      ᠡᠷᠳᠡᠨ ᠤ ᠵᠢᠷᠤᠮ ᠢ ᠭᠠᠶᠢᠬᠠᠭᠤᠯᠤᠨ      ᠬᠠᠷᠢ ᠶᠢᠨ ᠭᠠᠵᠠᠷ ᠲᠤ ᠮᠤᠷᠳᠠᠭᠤᠯᠵᠤ      ᠬᠠᠳᠠᠮ ᠤᠨ ᠭᠠᠵᠠᠷ ᠵᠠᠶᠠᠭᠠᠬᠤ ᠳᠤ      ᠬᠠᠶᠢᠷᠠᠳᠤ ᠲᠠᠨ ᠤ ᠪᠠᠨ ᠦᠷᠦᠰᠢᠶᠡᠯ ᠳᠤ      ᠬᠠᠮᠤᠭ ᠦᠢᠯᠡᠰ ᠨᠢ ᠲᠡᠯᠭᠡᠷᠡᠳᠦᠬᠡᠢ      ᠦᠷᠦᠰᠢᠶᠡᠯ ᠶᠡᠬᠡᠳᠡᠢ ᠡᠵᠢ ᠶᠢ ᠨᠢ      ᠦᠨᠢ ᠡᠬᠦᠷᠢᠳᠡ ᠬᠦᠨᠳᠦᠯᠡᠨ᠎ᠠ      ᠡᠩᠬᠦᠷᠡᠢ ᠦᠷ᠎ᠡ ᠪᠠᠨ ᠦᠭᠬᠦᠭᠰᠡᠨ ᠳᠤᠨᠢ      ᠦᠷᠦ ᠵᠢᠷᠦᠭᠡᠨ ᠠᠴᠠ ᠪᠠᠨ ᠲᠠᠯᠠᠷᠬᠠᠨ᠎ᠠ      ᠠᠭᠤᠤ ᠮᠤᠩᠭᠤᠯ ᠤᠨ ᠰᠤᠷᠭᠠᠯ ᠦᠬᠡ      ᠠᠯᠳᠠ ᠶᠢ ᠨᠢ ᠠᠪᠤᠪᠠᠯ ᠠᠪᠳᠠᠷ᠎ᠠ ᠳᠤᠨᠢ ᠮᠦᠷᠬᠦᠨ᠎ᠡ      ᠠᠰᠠᠷᠠᠯᠳᠤ ᠡᠵᠢ ᠶᠢ ᠬᠢᠨᠢ ᠠᠴᠢ ᠭᠠᠪᠢᠶ᠎ᠠ ᠶᠢ      ᠠᠰᠢᠳᠠ ᠬᠡᠵᠢᠶ᠎ᠡ ᠴᠤ ᠦᠯᠦ ᠮᠠᠷᠳᠠᠨ᠎ᠠ      ᠠᠷᠢᠭᠤᠨ ᠮᠤᠩᠭᠤᠯ ᠤᠳᠤᠮᠰᠢᠯ ᠢᠶᠠᠷ      ᠠᠷᠤ ᠭᠠᠵᠠᠷ ᠤᠨ ᠵᠠᠩᠰᠢᠯ ᠢᠶᠠᠷ      ᠤᠷᠳᠤ ᠨᠠᠰᠤᠨ ᠤ ᠦᠯᠵᠡᠶᠢᠳᠦ ᠬᠠᠳᠠᠭ      ᠤᠭᠠᠯᠵᠠᠨ ᠬᠤᠸᠠᠷ ᠲᠠᠢ ᠲᠤᠷᠭᠠᠨ ᠲᠡᠪᠡᠯ      ᠠᠮᠳᠠᠳᠤ  ᠢᠳᠡᠭᠡᠨ ᠢᠶᠠᠨ ᠲᠡᠭᠡᠵᠢᠯᠡᠵᠦ      ᠠᠶᠢᠷᠠᠭ ᠲᠠᠷᠠᠭ ᠢᠶᠠᠨ ᠪᠢᠯᠬᠠᠭᠤᠯᠤᠨ      ᠠᠩᠬᠢᠷ ᠤᠭᠤᠷᠠᠭ ᠤᠨ ᠠᠴᠢ ᠶᠢ ᠴᠢᠨᠢ ᠬᠠᠷᠢᠭᠤᠯᠵᠤ      ᠠᠯᠳᠠᠨ ᠤᠷᠤᠭ ᠴᠢᠨᠢ ᠲᠡᠪᠰᠢᠬᠦᠯᠵᠦ ᠪᠠᠶᠢᠨ᠎ᠠ  ᠃     ︽ ᠬᠤᠳᠠ ᠬᠦᠮᠦᠨ ᠬᠤᠷᠢᠮ ᠳᠤ ᠬᠤᠨᠤᠬᠤ ᠠᠴᠠ ᠬᠤᠳᠳᠤᠭ ᠲᠤ ᠬᠤᠨᠤᠬᠤ᠂ ᠡᠷᠬᠢᠯᠳᠡ ᠳᠤ ᠬᠤᠨᠤᠬᠤ  ᠠᠴᠠ ᠡᠷᠬᠢ ᠳᠤ ᠬᠤᠨᠤᠬᠤ︾ ᠬᠡᠵᠦ᠂ ᠪᠠᠷᠢ ᠲᠤᠰᠬᠤ ᠪᠠᠷ ᠢᠷᠡᠭᠰᠡᠳ ᠵᠠᠪᠠᠯ ᠡᠳᠦᠷ ᠲᠡᠭᠡᠨ ᠪᠤᠴᠠᠬᠤ ᠶᠤᠰᠤ ᠲᠠᠢ ᠪᠠᠶᠢᠳᠠᠭ᠃  ᠬᠡᠦᠭᠡᠨ ᠬᠦᠷᠭᠡᠵᠦ ᠢᠷᠡᠭᠰᠡᠨ ᠬᠤᠳᠠ ᠨᠠᠷ ᠴᠤ ᠠᠶᠢᠯ ᠳᠤ ᠬᠤᠨᠤᠬᠤ ᠦᠬᠡᠢ᠂ ᠨᠠᠶᠢᠷ   ᠢᠶᠠᠨ  ᠦᠨᠳᠦᠷᠯᠡᠪᠡᠯ ᠵᠠᠪᠠᠯ ᠪᠤᠴᠠᠬᠤ ᠶᠤᠰᠤ ᠲᠠᠢ᠂  ᠬᠠᠷᠢᠨ ᠤᠯᠠᠩᠬᠢ ᠳᠠᠭᠠᠨ  ᠬᠡᠦᠬᠡᠨ ᠤ ᠪᠡᠷᠭᠡᠨ ᠨᠢ ᠦᠯᠡᠳᠡᠵᠦ᠂ ᠬᠡᠦᠬᠡᠨ ᠳᠡᠭᠡᠨ ᠭᠤᠷᠪᠠᠨ ᠬᠤᠨᠤᠭ ᠬᠠᠨᠢ ᠪᠤᠯᠳᠠᠭ᠃ ᠬᠤᠳᠠ ᠨᠠᠷ ᠢ ᠪᠤᠴᠠᠬᠤ ᠳᠤ ᠲᠦᠷᠦᠭᠡᠨ ᠤ ᠠᠷᠢᠬᠢ ᠬᠡᠮᠡᠨ ᠭᠤᠷᠪᠠᠨ ᠬᠤᠨᠳᠠᠭ᠎ᠠ ᠪᠠᠷᠢᠬᠤ ᠳᠤ ᠨᠢᠬᠡ ᠶᠢ ᠨᠢ ᠤᠤᠭᠤᠵᠤ᠂ ᠪᠤᠰᠤᠳ ᠢ ᠨᠢ ᠲᠡᠭᠡᠳᠦ ᠲᠡᠭᠷᠢ ᠳᠤ ᠡᠷᠬᠦᠬᠦ  ᠪᠤᠶᠤ ᠮᠤᠷᠢᠨ ᠤ ᠲᠡᠯ ᠲᠡᠭᠡᠷ᠎ᠡ ᠪᠠᠨ ᠰᠠᠴᠤᠭᠠᠳ ᠮᠤᠷᠳᠠᠳᠠᠭ᠃      ᠬᠦᠦ ᠳᠡᠭᠡᠨ ᠪᠡᠷᠢ ᠪᠠᠭᠤᠯᠭᠠᠬᠤ ᠶᠠᠪᠤᠳᠠᠯ ᠪᠤᠯ ᠭᠠᠯ ᠭᠤᠯᠤᠮᠳᠠ ᠪᠠᠨ ᠵᠠᠯᠭᠠᠮᠵᠢᠯᠠᠭᠤᠯᠵᠤ᠂  ᠠᠶᠢᠯ ᠡᠷᠦᠬᠡ  ᠶᠢᠨ ᠢᠶᠠᠨ ᠦᠨᠢ ᠡᠬᠦᠷᠢᠳᠡ ᠦᠷᠨᠢᠨ ᠲᠡᠯᠭᠡᠷᠡᠬᠦ ᠦᠢᠯᠡᠰ ᠢ  ᠤᠯᠠᠮᠵᠢᠯᠠᠵᠤ  ᠪᠠᠶᠢᠭ᠎ᠠ ᠶᠠᠪᠤᠳᠠᠯ ᠪᠤᠯᠬᠤᠷ ᠰᠢᠨ᠎ᠡ ᠪᠡᠷᠢ ᠮᠤᠷᠳᠠᠵᠤ ᠢᠷᠡᠭᠰᠡᠨ ᠤ ᠪᠠᠨ ᠲᠠᠷᠠᠭ᠎ᠠ ᠦᠷᠯᠦᠬᠡ ᠨᠢ ᠡᠷᠳᠡ  ᠪᠤᠰᠴᠤ᠂ ᠴᠠᠭᠠᠨ ᠢᠳᠡᠭᠡ ᠪᠤᠤᠪᠤ ᠪᠤᠭᠤᠷᠰᠤᠭ ᠲᠠᠪᠠᠭᠯᠠᠨ ᠪᠠᠷᠢᠵᠤ᠂ ᠡᠷᠦᠬᠡ ᠶᠢᠨ ᠤᠭᠤᠰᠤᠷ ᠢᠶᠠᠨ ᠲᠠᠳᠠᠵᠤ  ᠡᠷᠦᠬᠡ ᠪᠠᠨ ᠰᠡᠬᠦᠳᠡᠭ᠃ ᠲᠡᠭᠡᠭᠡᠳ ᠪᠠᠰᠠ ᠲᠤᠯᠭ᠎ᠠ  ᠶᠢᠨ ᠭᠠᠯ ᠢᠶᠠᠨ ᠨᠤᠴᠤᠭᠠᠵᠤ᠂ ᠴᠠᠢ ᠪᠠᠨ ᠴᠢᠨᠠᠭᠠᠳ ᠪᠤᠷᠬᠠᠨ ᠳᠠᠭᠠᠨ ᠲᠠᠬᠢᠯ ᠡᠷᠬᠦᠵᠦ᠂ ᠠᠪᠤ ᠡᠵᠢ ᠠᠬᠠᠮᠠᠳ ᠲᠤᠮᠤᠭᠠᠳᠠᠨ ᠨᠠᠷ ᠲᠠᠭᠠᠨ ᠴᠠᠢ ᠠᠶᠠᠭᠠᠯᠠᠨ᠂ ᠲᠠᠪᠠᠭ ᠲᠠᠢ ᠪᠤᠤᠪᠤ ᠢᠳᠡᠭᠡ ᠪᠠᠨ ᠵᠤᠭᠤᠭᠯᠠᠭᠤᠯᠤᠨ᠎ᠠ᠃ ᠠᠪᠤ ᠡᠵᠢ ᠨᠢ ᠲᠠᠪᠠᠭ ᠲᠦᠬᠦᠷᠡᠩ ᠢᠳᠡᠭᠡᠨ ᠢ ᠲᠤᠰᠤᠨ ᠠᠪᠴᠤ ᠠᠮᠰᠠᠭᠰᠠᠨ ᠤ ᠲᠠᠷᠠᠭ᠎ᠠ᠂ ᠲᠠᠪᠠᠭ ᠲᠡᠭᠡᠷ᠎ᠡ ᠨᠢ ᠭᠡᠷ ᠤᠨ ᠢᠶᠠᠨ ᠲᠦᠯᠬᠢᠬᠦᠷ ᠢ ᠲᠠᠯᠪᠢᠵᠤ ᠪᠡᠷᠢ ᠳᠡᠭᠡᠨ ᠦᠭᠬᠦᠨ᠎ᠡ᠂ ᠡᠨᠡ   ᠨᠢ ᠭᠡᠷ ᠤᠨ ᠡᠵᠡᠨ ᠤ ᠡᠷᠭᠡ ᠮᠡᠳᠡᠯ ᠢᠶᠠᠨ ᠦᠷ᠎ᠡ ᠬᠡᠦᠭᠡᠳ ᠲᠡᠭᠡᠨ ᠤᠯᠠᠮᠵᠢᠯᠠᠵᠤ ᠪᠠᠶᠢᠭ᠎ᠠ ᠭᠡᠷᠡᠭ ᠶᠤᠮ᠃ ᠡᠬᠦᠨᠴᠡ ᠭᠠᠳᠠᠨ᠎ᠠ ᠠᠪᠤ ᠡᠵᠢ ᠠᠬ᠎ᠠ ᠲᠡᠬᠦᠦ ᠲᠦᠷᠦᠯ ᠰᠠᠳᠤᠨ ᠨᠢ ᠰᠢᠨ᠎ᠡ ᠪᠡᠷᠢ ᠶᠢᠨ ᠴᠠᠢ ᠶᠢ ᠲᠤᠰᠴᠤ ᠠᠪᠤᠭᠠᠳ ᠬᠠᠷᠢᠭᠤ ᠪᠡᠯᠡᠭ ᠱᠠᠩᠨᠠᠨ ᠦᠭᠳᠡᠭ᠃     ᠬᠤᠷᠢᠮ ᠬᠢᠭᠰᠡᠨ ᠤ ᠲᠠᠷᠠᠭ᠎ᠠ ᠭᠤᠷᠪᠠᠨ ᠡᠳᠦᠷ ᠲᠤ ᠭᠡᠦᠬᠡᠨ  ᠲᠠᠯ᠎ᠠ ᠠᠴᠠ ᠬᠡᠦᠬᠡᠨ ᠢᠶᠠᠨ ᠡᠷᠬᠢᠬᠦ ᠪᠠᠷ ᠡᠷᠬᠢᠯᠳᠡ ᠶᠢᠨ ᠪᠤᠤᠪᠤ ᠪᠤᠭᠤᠷᠰᠤᠭ ᠲᠠᠢ ᠢᠷᠡᠳᠡᠭ᠃  ᠵᠠᠮ ᠬᠤᠯᠠ  ᠵᠡᠷᠭᠡ ᠰᠢᠯᠳᠠᠭᠠᠨ ᠠᠴᠠ ᠪᠤᠯᠤᠭᠠᠳ ᠵᠠᠷᠢᠮ ᠦᠶ᠎ᠡ ᠳᠤ ᠪᠠᠰᠠ ᠬᠤᠷᠢᠮ ᠤᠨ ᠰᠢᠷᠡᠭᠡᠨ ᠲᠡᠭᠡᠷ᠎ᠡ ᠪᠠᠨ ᠡᠷᠬᠢᠳᠡᠭ ᠴᠤ ᠪᠤᠢ᠃  ᠲᠡᠭᠡᠬᠦ ᠳᠡᠭᠡᠨ ᠢᠷᠡᠭᠰᠡᠨ ᠬᠦᠮᠦᠰ  ᠨᠢ ᠬᠡᠦᠬᠡᠨ ᠤ ᠪᠠᠨ ᠲᠦᠷᠬᠦᠮ ᠳᠡᠭᠡᠨ  ᠪᠤᠴᠠᠬᠤ ᠡᠳᠦᠷ ᠢ ᠰᠤᠨᠤᠰᠴᠤ  ᠪᠤᠴᠠᠳᠠᠭ᠃ ᠰᠢᠨ᠎ᠡ ᠪᠡᠷᠢ ᠶᠢ ᠲᠠᠪᠤ ᠪᠤᠶᠤ ᠲᠤᠯᠤᠭ᠎ᠠ ᠬᠤᠨᠤᠭᠰᠠᠨ ᠤ ᠲᠠᠷᠠᠭ᠎ᠠ  ᠬᠦᠷᠭᠡᠨ   ᠲᠠᠢ ᠨᠢ ᠬᠠᠮᠳᠤ ᠭᠡᠳᠦ ᠬᠡᠳᠦᠨ ᠬᠦᠮᠦᠨ ᠢᠶᠠᠷ ᠬᠦᠷᠭᠡᠬᠦᠯᠵᠦ  ᠲᠦᠷᠬᠦᠮ   ᠳᠤᠨᠢ  ᠬᠠᠷᠢᠭᠤᠯᠤᠨ᠎ᠠ᠂ ᠡᠬᠦᠨ ᠢ ︽ᠡᠬᠦᠳᠡ ᠪᠠᠨ ᠡᠷᠬᠢᠬᠦ︾ ᠭᠡᠳᠡᠭ᠃  ᠲᠡᠭᠡᠬᠦ ᠳᠡᠭᠡᠨ  ᠬᠡᠦᠬᠡᠨ ᠲᠠᠯ᠎ᠠ ᠶᠢᠨ  ᠠᠪᠤ  ᠡᠵᠢ ᠳᠤ  ᠪᠡᠯᠡᠭ ᠰᠠᠯᠳᠠ ᠲᠠᠢ ᠶᠠᠪᠤᠭᠤᠯᠳᠠᠭ᠃    ᠬᠤᠷᠢᠮ ᠪᠠᠷᠠᠭᠰᠠᠨ ᠤ ᠤ ᠲᠠᠷᠠᠭ᠎ᠠ ᠬᠦᠦ ᠬᠡᠦᠬᠡᠨ ᠤ ᠬᠤᠶᠠᠷ ᠲᠠᠯ᠎ᠠ ᠠᠴᠠ ᠰᠢᠨ᠎ᠡ ᠬᠤᠷᠢᠮᠯᠠᠭᠰᠠᠨ ᠬᠡᠦᠭᠡᠳ  ᠢᠶᠠᠨ ᠲᠦᠷᠦᠯ ᠰᠠᠳᠤᠨ ᠳᠤᠨᠢ ᠤᠴᠢᠭᠤᠯᠤᠨ ᠲᠠᠨᠢᠭᠤᠯᠬᠤ ᠦᠢᠯᠡ ᠶᠢ ᠬᠦᠢᠴᠡᠳᠭᠡᠳᠡᠭ᠃ ᠢᠩᠬᠢᠵᠦ ᠪᠠᠷᠠᠪᠠᠯ ᠰᠢᠨ᠎ᠡ ᠬᠤᠷᠢᠮ ᠤᠨ ᠪᠦᠬᠦᠶᠢᠯᠡ ᠦᠢᠯᠡ ᠦᠨᠳᠦᠰᠦᠨ ᠳᠡᠭᠡᠨ ᠲᠠᠭᠤᠰᠳᠠᠭ ᠪᠠᠶᠢᠨ᠎ᠠ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号