ᠤᠯᠠᠮᠵᠢᠯᠠᠯᠳᠤ  ᠬᠡᠦᠭᠡᠳ ᠤᠨ ᠲᠤᠭᠯᠠᠭᠠᠮ  —  ᠤᠳᠠᠰᠤ ᠭᠤᠬᠠᠳᠠᠬᠤ
ᠨᠡᠶᠢᠲᠡᠯᠡᠭᠰᠡᠨ ᠴᠠᠭ᠄
2023/3/3
   ᠡᠨᠡ  ᠲᠤᠭᠯᠠᠭᠠᠮ ᠢ ᠬᠤᠶᠠᠷ ᠬᠦᠮᠦᠨ ᠨᠠᠭᠠᠳᠤᠨ᠎ᠠ᠂ ᠭᠤᠤᠯᠳᠠᠭᠤ ᠬᠡᠦᠭᠡᠨᠴᠤᠳ ᠲᠤᠭᠯᠠᠬᠤ ᠲᠤᠷᠠᠳᠠᠢ᠃ ᠬᠤᠶᠠᠷ ᠲᠤᠬᠤᠢ ᠢᠯᠡᠬᠦᠦ ᠤᠳᠠᠰᠤ ᠶᠢ ᠬᠤᠶᠠᠷ ᠦᠵᠦᠬᠦᠷ ᠢ ᠨᠢ ᠵᠠᠩᠬᠢᠯᠠᠵᠤ ᠪᠢᠳᠡᠬᠦᠯᠡᠭᠡᠳ᠂ ᠬᠤᠶᠠᠷ ᠭᠠᠷ ᠤᠨ ᠲᠦᠷᠪᠡᠨ ᠬᠤᠷᠤᠭᠤ ᠲᠠᠭᠠᠤ ᠲᠤᠰ ᠲᠤᠰ ᠨᠢᠬᠡ ᠤᠷᠢᠶᠠᠵᠤ᠂ ᠬᠤᠶᠠᠷ ᠲᠤᠮᠳᠠ ᠬᠤᠷᠤᠭᠤ ᠪᠠᠷ ᠡᠰᠡᠷᠬᠦ ᠲᠠᠯ᠎ᠠ ᠶᠢᠨ ᠠᠯᠠᠭᠠᠨ ᠳᠠᠬᠢ ᠤᠳᠠᠰᠤ ᠶᠢ ᠭᠤᠬᠠᠳᠠᠵᠤ ᠠᠪᠤᠪᠠᠯ ᠡᠷᠪᠡᠭᠡᠯᠵᠢ ᠲᠦᠷᠰᠦ ᠪᠦᠳᠦᠨ᠎ᠡ᠃ ᠡᠬᠦᠨ ᠢ ᠨᠦᠬᠦᠬᠡ ᠬᠡᠦᠬᠡᠳ ᠦᠬᠡᠷ᠎ᠡ ᠶᠠᠩᠵᠤ ᠪᠠᠷ ᠬᠤᠷᠤᠭᠤᠨ ᠳᠠᠭᠠᠨ ᠡᠯᠬᠦᠵᠦ ᠠᠪᠤᠪᠠᠯ ᠪᠠᠰᠠ ᠦᠬᠡᠷ᠎ᠡ ᠲᠦᠷᠰᠦ ᠪᠦᠳᠦᠨ᠎ᠡ᠃ ᠢᠩᠬᠢᠵᠦ ᠡᠬᠡᠯᠵᠢᠯᠡᠨ ᠭᠤᠬᠠᠳᠠᠵᠤ ᠠᠪᠬᠤ ᠳᠤ ᠤᠯᠠᠨ ᠶᠠᠩᠵᠤ ᠶᠢᠨ ᠬᠡᠯᠪᠡᠷᠢ ᠲᠦᠷᠰᠦ ᠪᠠᠷ ᠬᠤᠪᠢᠷᠠᠳᠠᠭ᠃ ᠡᠳᠡᠭᠡᠷ ᠢ ᠡᠷᠪᠡᠭᠡᠯᠵᠢ᠂ ᠬᠠᠭᠠᠯᠭ᠎ᠠ᠂ ᠤᠩᠭᠤᠴᠠ᠂ ᠬᠠᠨ᠎ᠠ᠂ ᠬᠠᠶᠢᠴᠢ᠂᠂᠂᠂᠂ ᠬᠡᠬᠦ ᠮᠡᠳᠦ ᠪᠠᠷ ᠨᠡᠷᠡᠯᠡᠳᠡᠭ᠃  ᠡᠨᠡ  ᠲᠤᠭᠯᠠᠭᠠᠮ ᠢ ᠲᠤᠭᠯᠠᠬᠤ ᠳᠤ ᠲᠠᠪᠤᠨ ᠬᠤᠷᠤᠭᠤ ᠴᠦᠮ ᠤᠷᠤᠯᠴᠠᠬᠤ ᠪᠠ ᠤᠷ᠎ᠠ ᠲᠡᠮ ᠭᠡᠷᠡᠭᠰᠡᠨ᠎ᠡ᠃  
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号