ᠤᠯᠠᠮᠵᠢᠯᠠᠯᠳᠤ  ᠬᠡᠦᠭᠡᠳ ᠤᠨ ᠲᠤᠭᠯᠠᠭᠠᠮ  — ᠳ᠋ᠢᠰᠬ᠎ᠠ ᠴᠤᠬᠢᠬᠤ
ᠨᠡᠶᠢᠲᠡᠯᠡᠭᠰᠡᠨ ᠴᠠᠭ᠄
2023/2/8
   ᠡᠨᠡ  ᠲᠤᠭᠯᠠᠭᠠᠮ ᠢ ᠬᠦᠦᠴᠤᠳ  ᠨᠠᠭᠠᠳᠬᠤ ᠨᠢ ᠠᠷᠪᠢᠨ  ᠃ ᠳ᠋ᠢᠰᠬ᠎ᠠ ᠬᠡᠵᠦ ᠦᠬᠡᠷ ᠤᠨ ᠱᠠᠭ᠎ᠠ ᠶᠢᠨ ᠬᠤᠩᠬᠤᠷᠬᠠᠢ ᠶᠢ ᠨᠦᠬᠡᠯᠡᠵᠦ ᠲᠤᠭᠤᠯᠭ᠎ᠠ ᠴᠢᠳᠬᠤᠵᠦ ᠬᠦᠨᠳᠦᠷᠡᠬᠦᠯᠦᠬᠡᠳ᠂ ᠪᠦᠬᠡ ᠲᠠᠯ᠎ᠠ ᠶᠢ ᠦᠷᠦᠵᠦ ᠲᠡᠭᠰᠢᠯᠡᠨ ᠬᠢᠭᠰᠡᠨ ᠨᠠᠭᠠᠳᠤᠮ ᠤᠨ ᠪᠠᠭᠠᠵᠢ᠂ ᠬᠠᠮᠪᠠᠨ ᠲᠡᠷᠭᠡᠨ ᠤ ᠲᠡᠩᠭᠡᠯᠢᠭ ᠤᠨ ᠡᠮᠡᠭᠡᠯ ᠤᠨ ᠲᠠᠯ᠎ᠠ ᠴᠤᠸᠠᠨ᠂ ᠡᠰᠡᠬᠦᠯ᠎ᠡ ᠦᠷᠦᠵᠦ ᠪᠢᠯᠡᠬᠦᠳᠡᠵᠦ ᠲᠡᠭᠰᠢᠯᠡᠭᠰᠡᠨ ᠵᠢᠵᠢᠭ ᠲᠦᠷᠪᠡᠯᠵᠢᠨ ᠬᠠᠪᠳᠠᠭᠠᠢ ᠴᠢᠯᠠᠭᠤ ᠶᠢ ᠭᠡᠷᠡᠭᠯᠡᠵᠦ ᠪᠤᠯᠤᠨ᠎ᠠ᠃ ᠡᠬᠦᠨ  ᠢ ᠨᠠᠭᠠᠳᠬᠤ ᠳᠤ ᠭᠠᠵᠠᠷ ᠲᠡᠭᠡᠷ᠎ᠡ ᠲᠤᠭᠤᠷᠢᠭ ᠵᠢᠷᠤᠭᠠᠳ᠂ ᠲᠤᠭᠤᠷᠢᠭ ᠤᠨ ᠲᠦᠪ ᠲᠤ ᠨᠠᠭᠠᠳᠤᠮ ᠳᠤ ᠤᠷᠤᠯᠴᠠᠬᠤ ᠭᠡᠦᠭᠡᠳ ᠤᠳ ᠠᠳᠠᠯᠢ ᠲᠤᠭᠠᠨ ᠤ ᠱᠠᠭ᠎ᠠ ᠭᠠᠷᠭᠠᠵᠤ ᠤᠪᠤᠭᠠᠯᠠᠵᠤ ᠲᠠᠯᠪᠢᠨ᠎ᠠ᠃ ᠲᠤᠭᠤᠷᠢᠭ ᠠᠴᠠ ᠠᠷᠪᠠᠭᠠᠳ ᠠᠯᠬᠤᠮ ᠤᠨ ᠵᠠᠢ ᠳᠤ ᠵᠢᠷᠤᠭᠠᠰᠤ ᠲᠠᠳᠠᠭᠠᠳ᠂ ᠲᠡᠷᠡ ᠵᠢᠷᠤᠭᠠᠰᠤ ᠶᠢᠨ ᠠᠷᠤ ᠠᠴᠠ ᠳ᠋ᠢᠰᠬ᠎ᠠ ᠪᠠᠨ ᠲᠤᠭᠤᠷᠢᠭ ᠲᠤ ᠬᠠᠮᠤᠭ ᠤᠶᠢᠷ᠎ᠠ ᠲᠤᠰᠬᠤ ᠬᠡᠮᠵᠢᠶ᠎ᠡ ᠪᠠᠷ ᠰᠢᠳᠡᠵᠦ ᠶᠠᠪᠤᠭᠤᠯᠤᠨ᠎ᠠ᠃ ᠲᠡᠭᠡᠭᠡᠳ ᠵᠢᠷᠤᠭᠠᠰᠤ ᠠᠴᠠ ᠡᠬᠢᠯᠡᠵᠦ ᠦᠷᠦᠭᠡᠰᠦᠨ ᠬᠦᠯ ᠢᠶᠠᠷ ᠲᠤᠭᠤᠯᠵᠤ ᠤᠴᠢᠭᠠᠳ ᠳ᠋ᠢᠰᠬ᠎ᠠ ᠲᠡᠭᠡᠷ᠎ᠡ ᠪᠠᠨ ᠬᠢᠰᠬᠢᠵᠦ᠂ ᠳ᠋ᠢᠰᠬ᠎ᠠ ᠪᠠᠨ ᠰᠢᠬᠦᠷᠴᠦ ᠠᠪᠤᠭᠠᠳ  ᠲᠤᠭᠤᠯᠠᠩ ᠬᠡᠪ ᠢᠶᠠᠷ ᠢᠶᠠᠨ ᠲᠤᠭᠤᠷᠢᠭ ᠲᠤᠳᠤᠷᠠᠬᠢ ᠱᠠᠭ᠎ᠠ ᠶᠢ ᠴᠤᠬᠢᠨ᠎ᠠ᠃ ᠲᠤᠭᠤᠷᠢᠭ ᠠᠴᠠ ᠬᠡᠳᠦᠨ ᠱᠠᠭ᠎ᠠ ᠴᠤᠬᠢᠵᠤ ᠭᠠᠷᠭᠠᠪᠠᠯ ᠲᠡᠷᠡ   ᠨᠢ ᠴᠤᠬᠢᠭᠰᠠᠨ ᠬᠡᠦᠭᠡᠳ ᠤᠨ ᠤᠯᠵᠠ ᠪᠤᠯᠵᠤ᠂ ᠦᠯᠡᠳᠡᠭᠰᠡᠨ ᠱᠠᠭ᠎ᠠ ᠶᠢ ᠲᠠᠬᠢᠨ ᠤᠪᠤᠭᠠᠯᠠᠵᠤ᠂  ᠲᠠᠷᠠᠭᠠᠴᠢ ᠶᠢᠨ ᠬᠡᠦᠭᠡᠳ ᠠᠳᠠᠯᠢ ᠶᠤᠰᠤ ᠪᠠᠷ ᠴᠤᠬᠢᠨ᠎ᠠ᠃ ᠡᠨᠡ  ᠮᠡᠳᠦ ᠪᠠᠷ ᠡᠬᠡᠯᠵᠢᠯᠡᠨ ᠴᠤᠬᠢᠵᠤ᠂ ᠤᠯᠠᠨ ᠱᠠᠭ᠎ᠠ ᠤᠯᠤᠭᠰᠠᠨ ᠨᠢ ᠬᠤᠨᠵᠢᠨ᠎ᠠ᠃  ᠬᠠᠭᠠᠰ ᠵᠠᠭᠤᠨ ᠤ ᠡᠮᠦᠨ᠎ᠡ ᠵᠡᠰ ᠵᠤᠭᠤᠰ ᠭᠡᠷᠡᠭ ᠦᠬᠡᠢ ᠪᠤᠯᠤᠭᠰᠠᠨ ᠦᠶᠡᠰ᠂  ᠱᠠᠭ᠎ᠠ ᠶᠢᠨ ᠤᠷᠤᠨ ᠳᠤ ᠵᠡᠰ ᠵᠤᠭᠤᠰ ᠲᠠᠯᠪᠢᠵᠤ ᠨᠠᠭᠠᠳᠳᠠᠭ ᠪᠠᠶᠢᠪᠠ᠃ ᠡᠪᠦᠯ ᠤᠨ ᠴᠠᠭ ᠪᠤᠯ ᠨᠠᠭᠤᠷ ᠤᠨ ᠮᠦᠰᠦᠨ ᠲᠡᠭᠡᠷ᠎ᠡ ᠨᠠᠭᠠᠳᠤᠨ᠎ᠠ᠃ ᠨᠠᠭᠠᠳᠬᠤ ᠠᠷᠭ᠎ᠠ ᠨᠢ ᠠᠳᠠᠯᠢ᠂ ᠭᠠᠭᠴᠠ ᠬᠦ᠋ ᠦᠷᠦᠭᠡᠰᠦᠨ ᠬᠦᠯ ᠢᠶᠠᠷ  ᠲᠤᠭᠤᠯᠬᠤ ᠦᠬᠡᠢ ᠪᠠᠷ  ᠳ᠋ᠢᠰᠬ᠎ᠠ ᠪᠠᠨ ᠵᠢᠷᠤᠭᠠᠰᠤ ᠶᠢᠨ ᠭᠠᠳᠠᠨ᠎ᠠ ᠠᠴᠠ ᠭᠤᠯᠭᠤᠭᠤᠯᠵᠤ ᠴᠤᠬᠢᠨ᠎ᠠ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号