ᠤᠯᠠᠮᠵᠢᠯᠠᠯᠳᠤ  ᠬᠡᠦᠭᠡᠳ ᠤᠨ ᠲᠤᠭᠯᠠᠭᠠᠮ  — ᠪᠤᠤᠬᠠᠯᠳᠠᠢ
ᠨᠡᠶᠢᠲᠡᠯᠡᠭᠰᠡᠨ ᠴᠠᠭ᠄
2023/2/22
      ᠡᠨᠡ  ᠲᠤᠭᠯᠠᠭᠠᠮ ᠢ ᠤᠯᠠᠨ ᠬᠡᠦᠭᠡᠳ ᠨᠠᠭᠠᠳᠤᠨ᠎ᠠ᠃ ᠬᠤᠷᠤᠭᠤ ᠲᠠᠭᠠᠯᠴᠠᠵᠤ ᠢᠯᠠᠭᠳᠠᠭᠰᠠᠨ ᠨᠢᠬᠡᠨ ᠤ  ᠪᠠᠨ ᠨᠢᠳᠦ ᠶᠢ ᠠᠯᠴᠢᠭᠤᠷ ᠢᠶᠠᠷ ᠪᠤᠭᠤᠭᠠᠳ ᠪᠤᠤᠬᠠᠯᠳᠠᠢ ᠪᠤᠯᠭᠠᠨ᠎ᠠ᠃ ᠪᠤᠰᠤᠳ ᠬᠡᠦᠭᠡᠳ ᠲᠡᠬᠦᠨ ᠢ ᠲᠤᠭᠤᠷᠢᠵᠤ ᠲᠠᠭᠤ ᠴᠢᠮᠡᠭᠡ ᠪᠠᠨ ᠦᠭᠴᠦ᠂ ᠪᠡᠶ᠎ᠡ ᠲᠡᠭᠡᠷ᠎ᠡ ᠨᠢ ᠭᠠᠷ ᠢᠶᠠᠨ ᠬᠦᠷᠭᠡᠬᠦ ᠵᠡᠷᠭᠡ ᠪᠠᠷ ᠤᠷᠳᠤᠭᠤᠷ ᠬᠤᠶᠢᠭᠤᠷ ᠨᠢ ᠡᠷᠬᠢᠴᠡᠨ ᠬᠦᠶᠦᠯᠳᠦᠨ᠎ᠡ᠃  ᠪᠤᠤᠬᠠᠯᠳᠠᠢ ᠨᠢ ᠬᠡᠦᠬᠡᠳ ᠤᠨ ᠲᠠᠭᠤ ᠪᠤᠶᠤ ᠬᠦᠯ ᠤᠨ ᠴᠢᠮᠡᠭᠡ ᠶᠢ ᠴᠢᠩᠨᠠᠨ᠂ ᠬᠤᠶᠠᠷ ᠭᠠᠷ ᠢᠶᠠᠨ ᠠᠯᠳᠠᠯᠠᠨ ᠬᠡᠢ ᠲᠡᠮᠳᠡᠷᠢᠵᠦ᠂ ᠠᠯᠢ ᠨᠢᠬᠡ ᠶᠢ ᠨᠢ ᠪᠠᠷᠢᠬᠤ ᠪᠠᠷ ᠴᠢᠷᠮᠠᠶᠢᠨ᠎ᠠ᠃ ᠢᠩᠬᠢᠵᠦ ᠲᠡᠮᠳᠡᠴᠢᠭᠰᠡᠭᠡᠷ ᠪᠠᠶᠢᠵᠤ ᠠᠯᠢ ᠨᠢᠬᠡᠨ ᠢ ᠪᠠᠷᠢᠭᠠᠳ ᠠᠪᠤᠪᠠᠯ᠂ ᠪᠠᠷᠢᠭᠳᠠᠭᠰᠠᠨ ᠬᠡᠦᠭᠡᠳ ᠪᠤᠤᠬᠠᠯᠳᠠᠢ ᠪᠤᠯᠤᠨ᠎ᠠ᠃ ᠪᠤᠤᠬᠠᠯᠳᠠᠢ ᠶᠢ ᠲᠠᠶᠢᠯᠬᠤ ᠳᠤ ᠦᠬᠡᠷ᠎ᠡ ᠱᠠᠭᠠᠷᠳᠠᠯᠭ᠎ᠠ ᠲᠠᠢ ᠨᠠᠭᠠᠳᠬᠤ ᠴᠤ ᠪᠤᠢ᠃  ᠲᠤᠬᠠᠶᠢᠯᠠᠪᠠᠯ ᠪᠤᠤᠬᠠᠯᠳᠠᠢ ᠨᠢ ᠪᠠᠷᠢᠭᠰᠠᠨ ᠬᠡᠦᠭᠡᠳ ᠢᠶᠠᠨ ᠲᠡᠮᠳᠡᠷᠢᠵᠦ ᠬᠡᠨ ᠪᠤᠯᠬᠤ ᠶᠢ ᠲᠠᠨᠢᠨ᠎ᠠ᠃ ᠲᠠᠨᠢᠵᠤ ᠴᠢᠳᠠᠪᠠᠯ ᠪᠤᠤᠬᠠᠯᠳᠠᠢ ᠪᠠᠨ ᠲᠤᠰᠢᠶᠠᠵᠤ᠂  ᠲᠠᠨᠢᠬᠤ ᠦᠬᠡᠢ ᠪᠤᠯ ᠦᠷᠬᠦᠯᠵᠢᠯᠡᠨ ᠪᠤᠤᠬᠠᠯᠳᠠᠢ ᠪᠤᠯᠤᠨ᠎ᠠ᠃ ᠡᠨᠡ  ᠦᠶ᠎ᠡ ᠳᠤ ᠪᠠᠷᠢᠭᠳᠠᠭᠰᠠᠨ ᠬᠡᠦᠭᠡᠳ ᠲᠠᠭᠤ ᠪᠠᠷ  ᠢᠶᠠᠨ ᠲᠠᠨᠢᠭᠳᠠᠵᠤ ᠪᠤᠯᠬᠤ ᠦᠬᠡᠢ᠂ ᠲᠤᠤᠭᠠᠷᠪᠠᠯ ᠲᠠᠷᠤᠢ ᠪᠤᠤᠬᠠᠯᠳᠠᠢ ᠪᠤᠯᠤᠨ᠎ᠠ᠃ ᠡᠨᠡ  ᠲᠤᠭᠯᠠᠭᠠᠮ ᠨᠢ ᠬᠡᠦᠭᠡᠳ  ᠤᠨ ᠠᠵᠢᠬᠤ ᠴᠢᠳᠠᠪᠤᠷᠢ ᠶᠢ ᠬᠦᠮᠦᠵᠢᠬᠦᠯᠬᠦ ᠳᠤ ᠠᠰᠢᠭᠳᠠᠢ ᠪᠠᠶᠢᠳᠠᠭ᠃  
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号