ᠨᠤᠤᠰᠤᠨ ᠪᠦᠮᠪᠦᠭᠡ ᠶᠢ ᠦᠬᠡᠷ ᠤᠨ ᠨᠤᠤᠰᠤ ᠪᠠᠷ ᠬᠢᠳᠡᠭ᠃ ᠬᠠᠪᠤᠷ ᠮᠠᠯ ᠭᠤᠤᠵᠢᠬᠤ ᠦᠶ᠎ᠡ ᠪᠠᠷ ᠦᠬᠡᠷ ᠤᠨ | ᠨᠤᠤᠰᠤ ᠠᠴᠠ ᠰᠠᠮᠨᠠᠨ ᠠᠪᠴᠤ᠂ ᠨᠤᠷᠭᠠᠵᠤ ᠪᠠᠶᠢᠭᠠᠳ ᠠᠯᠠᠭᠠᠨ ᠲᠡᠭᠡᠷ᠎ᠡ ᠪᠠᠨ ᠨᠤᠬᠤᠵᠤ ᠦᠩᠬᠦᠷᠢᠬᠦᠯᠦᠨ | ᠪᠦᠮᠪᠦᠬᠡᠯᠡᠨᠡ᠃ ᠭᠡᠳᠦᠢ ᠬᠦᠴᠦᠳᠡᠢ ᠨᠤᠬᠤᠵᠤ ᠦᠩᠬᠦᠷᠢᠬᠦᠯᠪᠡᠯ ᠪᠦᠮᠪᠦᠭᠡ ᠲᠡᠳᠦᠢ ᠬᠠᠳᠠᠭᠤ ᠪᠤᠯᠤᠨ᠎ᠠ᠃ ᠲᠡᠭᠰᠢ | ᠴᠢᠯᠠᠭᠤ ᠪᠤᠶᠤ ᠮᠤᠳᠤᠨ ᠲᠡᠭᠡᠷ᠎ᠡ ᠲᠠᠯᠪᠢᠭᠠᠳ᠂ ᠨᠤᠤᠰᠤ ᠨᠡᠮᠡᠨ ᠵᠤᠯᠠᠵᠤ ᠲᠠᠷᠤᠵᠤ ᠪᠦᠮᠪᠦᠬᠡᠯᠡᠭᠰᠡᠨ ᠴᠤ ᠪᠤᠯᠳᠠᠭ᠃ | ᠡᠨᠡ ᠮᠡᠳᠦ ᠪᠠᠷ ᠪᠦᠮᠪᠦᠬᠡᠯᠡᠭᠰᠡᠭᠡᠷ ᠪᠠᠶᠢᠵᠤ ᠲᠤᠮᠤ ᠨᠤᠤᠰᠤᠨ ᠪᠦᠮᠪᠦᠭᠡ ᠪᠤᠯᠤᠨ᠎ᠠ᠃ ᠵᠢᠵᠢᠭ ᠪᠦᠮᠪᠦᠭᠡ ᠪᠠᠨ | ᠤᠰᠤᠨ ᠳᠤ ᠨᠤᠷᠭᠠᠵᠤ ᠪᠠᠶᠢᠭᠠᠳ ᠦᠬᠡᠷ ᠤᠨ ᠪᠡᠶ᠎ᠡ ᠲᠡᠭᠡᠷ᠎ᠡ ᠲᠠᠷᠤᠵᠤ ᠦᠩᠬᠦᠷᠢᠬᠦᠯᠪᠡᠯ ᠭᠤᠤᠵᠢᠭᠰᠠᠨ ᠦᠰᠦ | ᠲᠠᠭᠠᠯᠳᠤᠨ ᠪᠦᠬᠡᠮᠨᠡᠷᠡᠵᠦ ᠪᠦᠮᠪᠦᠭᠡ ᠪᠠᠰᠠ ᠲᠤᠮᠤᠷᠠᠨᠠ᠃ ᠦᠬᠡᠷ ᠤᠨ ᠵᠢᠰᠦᠮ ᠠᠳᠠᠯᠢ ᠦᠬᠡᠢ ᠠᠴᠠ ᠪᠤᠯᠵᠤ᠂ | ᠤᠯᠠᠭᠠᠨ᠂ ᠬᠠᠷ᠎ᠠ᠂ ᠴᠠᠭᠠᠨ᠂ ᠠᠯᠠᠭ ᠪᠦᠮᠪᠦᠭᠡ ᠪᠦᠷ ᠬᠢᠵᠦ ᠪᠤᠯᠳᠠᠭ᠃ ᠵᠢᠵᠢᠭ ᠨᠤᠤᠰᠤᠨ ᠪᠦᠮᠪᠦᠭᠡ ᠶᠢ ᠪᠤᠯ | ᠬᠡᠦᠬᠡᠳ ᠬᠤᠶᠠᠷ ᠲᠠᠯ᠎ᠠ ᠬᠤᠪᠢᠶᠠᠵᠤ᠂ ᠪᠡᠶ᠎ᠡ ᠪᠡᠶ᠎ᠡ ᠳᠡᠭᠡᠨ ᠲᠠᠮᠵᠢᠭᠤᠯᠤᠨ ᠪᠤᠯᠢᠶᠠᠯᠴᠠᠵᠤ ᠲᠤᠭᠯᠠᠬᠤ ᠪᠠ ᠲᠡᠪᠡᠭ | ᠤᠨ ᠤᠷᠤᠨ ᠳᠤ ᠢᠰᠬᠦᠯᠵᠦ ᠨᠠᠭᠠᠳᠤᠨ᠎ᠠ᠃ ᠲᠤᠮᠤ ᠰᠢᠭ᠋ ᠪᠦᠮᠪᠦᠭᠡ ᠶᠢ ᠪᠠᠰᠠ ᠢᠰᠬᠦᠯᠵᠦ ᠨᠠᠭᠠᠳᠴᠤ ᠪᠤᠯᠤᠨ᠎ᠠ᠃ |