ᠤᠯᠠᠮᠵᠢᠯᠠᠯᠳᠤ ᠨᠠᠭᠠᠳᠤᠮ ᠲᠤᠭᠯᠠᠭᠠᠮ — ᠱᠠᠭ᠎ᠠ  ︵6︶
ᠨᠡᠶᠢᠲᠡᠯᠡᠭᠰᠡᠨ ᠴᠠᠭ᠄
2022/12/12
 ᠱᠠᠭ᠎ᠠ ᠬᠠᠷᠪᠤᠬᠤ — ᠱᠠᠭ᠎ᠠ ᠬᠠᠷᠪᠤᠬᠤ ᠳᠤ ᠱᠠᠭ᠎ᠠ ᠶᠢᠨ ᠬᠡᠮᠵᠢᠶ᠎ᠡ ᠪᠠᠷ ᠬᠤᠪᠬᠢᠯ ᠭᠠᠷᠭᠠᠭᠰᠠᠨ ᠨᠠᠷᠢᠨ ᠲᠤᠰᠬᠠᠭᠤᠷ ᠮᠤᠳᠤ ᠭᠡᠷᠡᠭᠯᠡᠵᠦ᠂ ᠲᠡᠬᠦᠨ ᠢᠶᠠᠨ ᠰᠠᠬ᠎ᠠ ᠭᠡᠳᠡᠭ᠃   ᠪᠦᠬᠡ ᠲᠠᠯ᠎ᠠ ᠶᠢ ᠨᠢ ᠪᠢᠯᠡᠬᠦᠳᠡᠵᠦ ᠲᠡᠭᠰᠢᠯᠡᠭᠰᠡᠨ ᠰᠤᠮᠤ ᠪᠤᠯᠭᠠᠬᠤ ᠱᠠᠭ᠎ᠠ ᠪᠠᠨ ᠰᠠᠬ᠎ᠠ ᠲᠡᠭᠡᠷ᠎ᠡ ᠲᠠᠯᠪᠢᠭᠠᠳ᠂ ᠡᠬᠦᠳᠡ ᠬᠤᠶᠢᠮᠤᠷ ᠤᠨ ᠵᠠᠶᠢᠳᠠᠢ ᠭᠠᠭᠴᠠ ᠱᠠᠭ᠎ᠠ ᠲᠠᠯᠪᠢᠭᠠᠳ᠂ ᠰᠠᠬ᠎ᠠ ᠪᠠᠨ ᠵᠡᠬᠦᠨ ᠭᠠᠷ ᠲᠠᠭᠠᠨ ᠪᠠᠷᠢᠵᠤ ᠤᠨᠢᠯᠠᠨ᠂ ᠪᠠᠷᠠᠭᠤᠨ ᠭᠠᠷ ᠤᠨ ᠲᠤᠮᠳᠠ ᠬᠤᠷᠤᠭᠤ  ᠪᠠᠷ ᠨᠢᠰᠠᠯᠵᠤ ᠬᠠᠷᠪᠤᠨ᠎ᠠ᠃ ᠡᠰᠡᠬᠦᠯ᠎ᠡ ᠤᠯᠠᠨ ᠱᠠᠭ᠎ᠠ ᠵᠡᠷᠭᠡᠴᠡᠬᠦᠯᠦᠨ ᠲᠠᠯᠪᠢᠭᠠᠳ ᠠᠯᠢ ᠨᠢᠬᠡ ᠶᠢ ᠨᠢ ᠵᠢᠭᠠᠵᠤ ᠬᠠᠷᠪᠤᠨ᠎ᠠ᠃ ᠤᠨᠤᠭᠠᠭᠰᠠᠨ ᠨᠢ ᠱᠦᠬᠦᠵᠦ᠂ ᠤᠨᠤᠭᠠᠬᠤ ᠦᠬᠡᠢ ᠪᠤᠯ ᠱᠦᠬᠦᠭᠳᠡᠨ᠎ᠡ᠃ ᠰᠠᠬ᠎ᠠ ᠦᠬᠡᠢ ᠪᠤᠯ ᠠᠯᠠᠭᠠᠨ ᠲᠡᠭᠡᠷ᠎ᠡ ᠪᠠᠨ ᠱᠠᠭ᠎ᠠ ᠲᠠᠯᠪᠢᠵᠤ ᠪᠠᠶᠢᠭᠠᠳ ᠬᠠᠷᠪᠤᠵᠤ ᠪᠤᠯᠬᠤ ᠪᠦᠬᠡᠳ ᠡᠷᠡᠭᠡᠢ ᠲᠤᠯᠤᠪᠤᠷ ᠬᠤᠶᠠᠷ ᠬᠤᠷᠤᠭᠤ ᠪᠠᠷ ᠱᠠᠭ᠎ᠠ ᠪᠠᠨ ᠬᠠᠪᠴᠢᠵᠤ᠂ ᠬᠤᠯᠤᠰᠤ ᠪᠠᠷ ᠨᠤᠮᠤᠳᠠᠨ ᠬᠠᠷᠪᠤᠭᠰᠠᠨ ᠴᠤ ᠪᠤᠯᠳᠠᠭ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号