ᠤᠯᠠᠮᠵᠢᠯᠠᠯᠳᠤ ᠨᠠᠭᠠᠳᠤᠮ ᠲᠤᠭᠯᠠᠭᠠᠮ — ᠱᠠᠭ᠎ᠠ  ︵5︶
ᠨᠡᠶᠢᠲᠡᠯᠡᠭᠰᠡᠨ ᠴᠠᠭ᠄
2022/12/12
   ᠱᠠᠭ᠎ᠠ ᠨᠢᠰᠠᠯᠬᠤ  — ᠨᠠᠭᠠᠳᠤᠮ ᠳᠤ ᠤᠷᠤᠯᠴᠠᠭᠰᠠᠳ ᠠᠳᠠᠯᠢ ᠲᠤᠭᠠᠨ ᠤ ᠱᠠᠭ᠎ᠠ ᠬᠤᠪᠢᠶᠠᠨ ᠠᠪᠴᠤ ᠬᠤᠪᠢ ᠨᠡᠶᠢᠯᠡᠬᠦᠯᠦᠬᠡᠳ᠂ ᠡᠬᠢᠯᠡᠵᠦ ᠨᠢᠰᠠᠯᠬᠤ ᠬᠦᠮᠦᠨ ᠱᠠᠭ᠎ᠠ ᠪᠠᠨ ᠤᠷᠬᠢᠨ᠎ᠠ᠃ ᠱᠠᠭ᠎ᠠ ᠤᠷᠬᠢᠬᠤ ᠳᠠᠭᠠᠨ ᠭᠡᠳᠦ ᠪᠦᠬᠡᠮ ᠪᠤᠶᠤ ᠭᠡᠳᠦ ᠲᠠᠷᠬᠠᠢ ᠤᠷᠬᠢᠬᠤ ᠠᠴᠠ ᠬᠢᠴᠢᠶᠡᠨ᠎ᠡ  ᠂ ᠬᠠᠷᠢᠨ ᠲᠦᠭᠡᠯᠳᠡ ᠰᠠᠶᠢᠳᠠᠢ ᠪᠠᠭᠤᠪᠠᠯ ᠨᠢᠰᠠᠯᠬᠤ ᠳᠤ ᠬᠢᠯᠪᠡᠷ ᠪᠠᠶᠢᠳᠠᠭ᠃ ᠤᠷᠬᠢᠭᠰᠠᠨ ᠱᠠᠭ᠎ᠠ ᠶᠢᠨ ᠲᠤᠳᠤᠷᠠᠬᠢ ᠠᠳᠠᠯᠢ ᠬᠡᠯᠪᠡᠷᠢ ᠪᠠᠷ ᠪᠠᠭᠤᠭᠰᠠᠨ ᠱᠠᠭ᠎ᠠ ᠶᠢ ᠬᠠᠷᠢᠯᠴᠠᠨ ᠨᠢᠰᠠᠯᠵᠤ ᠤᠨᠤᠭᠠᠨ᠎ᠠ᠃ ᠵᠢᠱᠢᠶᠡᠯᠡᠪᠡᠯ ᠮᠤᠷᠢ ᠶᠢ ᠮᠤᠷᠢ   ᠪᠠᠷ᠂ ᠬᠤᠨᠢ ᠶᠢ ᠬᠤᠨᠢ ᠪᠠᠷ  ᠨᠢᠰᠠᠯᠤᠨ᠎ᠠ᠃ ᠡᠷᠡᠬᠡᠢ ᠬᠤᠷᠤᠭᠤ᠂ ᠲᠤᠮᠳᠠ ᠬᠤᠷᠤᠭᠤ᠂ ᠲᠤᠯᠤᠪᠤᠷ ᠬᠤᠷᠤᠭᠤ ᠶᠢᠨ ᠠᠯᠢ ᠪᠠᠷ ᠨᠢ ᠨᠢᠰᠠᠯᠤᠭᠰᠠᠨ ᠴᠤ ᠪᠤᠯᠤᠨ᠎ᠠ᠃ ᠨᠢᠰᠠᠯᠵᠤ ᠤᠨᠤᠭᠠᠪᠠᠯ ᠲᠠᠷᠠᠭ᠎ᠠ ᠪᠠᠷ ᠨᠢᠰᠠᠯᠬᠤ ᠳᠤ ᠠᠰᠢᠭᠳᠠᠢ ᠨᠢᠬᠡᠨ ᠢ ᠦᠯᠡᠳᠡᠭᠡᠵᠦ ᠨᠦᠬᠦᠬᠡ ᠶᠢ ᠨᠢ ᠠᠪᠤᠨ᠎ᠠ᠃ ᠤᠨᠤᠭᠠᠬᠤ ᠦᠬᠡᠢ ᠪᠤᠶᠤ ᠦᠭᠡᠷ᠎ᠡ ᠱᠠᠭ᠎ᠠ ᠶᠢ ᠬᠦᠨᠳᠡᠪᠡᠯ ᠡᠬᠡᠯᠵᠢ ᠪᠠᠨ ᠲᠠᠷᠠᠭᠠᠴᠢ ᠶᠢᠨ ᠬᠦᠮᠦᠨ ᠳᠤ ᠲᠤᠰᠢᠶᠠᠨ᠎ᠠ᠃  ᠲᠠᠷᠠᠭᠠᠴᠢ ᠶᠢᠨ ᠬᠦᠮᠦᠨ ᠨᠢ ᠦᠯᠡᠳᠡᠵᠦ ᠪᠠᠶᠢᠭ᠎ᠠ ᠱᠠᠭ᠎ᠠ ᠶᠢ ᠤᠷᠬᠢᠵᠤ᠂ ᠲᠡᠭᠡᠷᠡᠬᠢ ᠶᠤᠰᠤᠭᠠᠷ ᠡᠬᠡᠯᠵᠢᠯᠡᠨ ᠨᠢᠰᠠᠯᠵᠤ᠂ ᠡᠴᠦᠰ ᠲᠤ ᠬᠠᠮᠤᠭ ᠤᠨ ᠤᠯᠠᠨ ᠱᠠᠭ᠎ᠠ ᠤᠯᠤᠭᠰᠠᠨ ᠨᠢ ᠱᠦᠬᠦᠵᠦ᠂ ᠬᠤᠪᠢ ᠪᠠᠨ ᠠᠯᠳᠠᠭᠰᠠᠨ ᠨᠢ ᠱᠦᠬᠦᠭᠳᠡᠨ᠎ᠡ᠃ ᠭᠠᠭᠴᠠ ᠨᠢᠰᠠᠯᠤᠭ᠎ᠠ ᠦᠯᠡᠳᠡᠭᠡᠳ ᠲᠤᠮᠳᠠ ᠨᠢ ᠦᠬᠡᠷ᠎ᠡ ᠱᠠᠭ᠎ᠠ ᠲᠡᠭᠡᠭᠯᠡᠵᠦ ᠪᠠᠶᠢᠪᠠᠯ ᠨᠢᠰᠠᠯᠬᠤ ᠱᠠᠭ᠎ᠠ ᠪᠠᠨ ︽ᠡᠬᠦᠷᠴᠦ︾ ᠪᠤᠯᠤᠨ᠎ᠠ᠃ ︽ᠡᠬᠦᠷᠬᠦ︾ ᠭᠡᠳᠡᠭ ᠨᠢ ᠬᠤᠷᠤᠭᠤ ᠪᠠᠨ ᠲᠤᠯᠢᠶᠠᠨ ᠨᠤᠷᠭᠠᠵᠤ ᠪᠠᠶᠢᠭᠠᠳ ᠱᠠᠭ᠎ᠠ ᠪᠠᠨ ᠨᠠᠭᠠᠯᠳᠤᠭᠤᠯᠤᠨ ᠠᠪᠠᠴᠢᠵᠤ᠂ ᠨᠦᠬᠦᠬᠡ ᠱᠠᠭ᠎ᠠ ᠲᠡᠭᠡᠷ᠎ᠡ ᠴᠤᠬᠢᠬᠤ ᠶᠢ ᠬᠡᠯᠡᠨ᠎ᠡ᠃ ᠴᠤᠬᠢᠬᠤ ᠳᠠᠭᠠᠨ ᠦᠯᠡᠳᠡᠵᠦ ᠪᠠᠶᠢᠭ᠎ᠠ ᠱᠠᠭ᠎ᠠ ᠶᠢᠨ ᠬᠡᠯᠪᠡᠷᠢ ᠲᠠᠢ ᠠᠳᠠᠯᠢ ᠪᠤᠯᠭᠠᠬᠤ ᠪᠠᠷ ᠴᠢᠷᠮᠠᠶᠢᠳᠠᠭ᠃ ᠡᠬᠦᠷᠦᠭᠡᠳ ᠤᠨᠠᠭᠠᠪᠠᠯ ᠨᠢᠰᠠᠯᠬᠤ ᠡᠷᠭᠡ ᠶᠢ  ᠲᠠᠷᠠᠭᠠᠴᠢ ᠶᠢᠨ ᠬᠦᠮᠦᠨ ᠳᠤ ᠲᠤᠰᠢᠶᠠᠨ᠎ᠠ᠃   ᠭᠤᠷᠪᠠ ᠲᠦᠷᠪᠡᠨ ᠱᠠᠭ᠎ᠠ ᠦᠯᠡᠳᠡᠭᠡᠳ ᠪᠠᠶᠢᠬᠤ ᠳᠤ ᠭᠡᠷᠪᠡ ᠪᠦᠬᠦᠳᠡ ᠢᠵᠢᠯ ᠬᠡᠯᠪᠡᠷᠢ ᠪᠠᠷ ᠪᠠᠭᠤᠪᠠᠯ᠂ ᠤᠯᠠᠨ ᠢᠶᠠᠷ ᠢᠶᠠᠨ ᠭᠠᠷ ᠤᠨ ᠬᠤᠷᠳᠤᠨ ᠢ ᠰᠢᠯᠭᠠᠵᠤ  ᠪᠤᠯᠢᠶᠠᠯᠴᠠᠨ ᠠᠪᠤᠨ᠎ᠠ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号