ᠤᠯᠠᠮᠵᠢᠯᠠᠯᠳᠤ ᠨᠠᠭᠠᠳᠤᠮ ᠲᠤᠭᠯᠠᠭᠠᠮ — ᠱᠠᠭ᠎ᠠ  ︵4︶
ᠨᠡᠶᠢᠲᠡᠯᠡᠭᠰᠡᠨ ᠴᠠᠭ᠄
2022/12/12
    ᠮᠤᠷᠢ  ᠤᠷᠤᠯᠳᠤᠭᠤᠯᠬᠤ —  ᠬᠡᠳᠦᠨ ᠠᠷᠪᠠ ᠪᠤᠶᠤ ᠵᠠᠭᠤᠭᠠᠳ ᠱᠠᠭ᠎ᠠ ᠶᠢ ᠮᠤᠷᠢ ᠲᠠᠯ᠎ᠠ ᠪᠠᠷ ᠨᠢ ᠴᠤᠪᠤᠭᠤᠯᠵᠤ ᠮᠦᠷᠦᠯᠡᠬᠦᠯᠦᠬᠡᠳ᠂ ᠤᠷᠤᠯᠳᠤᠭᠠᠨ ᠳᠤ ᠤᠷᠤᠬᠤ ᠮᠤᠷᠢ ᠪᠠᠨ ᠴᠤᠪᠤᠭᠠᠨ ᠤ ᠬᠠᠮᠤᠭ ᠡᠴᠦᠰ ᠤᠨ ᠱᠠᠭ᠎ᠠ ᠲᠠᠢ ᠵᠡᠷᠭᠡᠴᠡᠬᠦᠯᠦᠨ ᠲᠠᠯᠪᠢᠨ᠎ᠠ᠃ ᠲᠡᠭᠡᠭᠡᠳ ᠪᠠᠭᠤᠳᠠᠯ ᠰᠠᠶᠢᠳᠠᠢ ᠨᠢᠬᠡᠨ ᠱᠠᠭ᠎ᠠ ᠰᠤᠩᠭᠤᠵᠤ ᠡᠬᠡᠯᠵᠢ ᠪᠠᠷ ᠤᠷᠬᠢᠨ᠂ ᠬᠡᠨ ᠤ ᠬᠢᠨᠢ ᠮᠤᠷᠢ ᠪᠠᠭᠤᠪᠠᠯ ᠲᠡᠷᠡ  ᠬᠦᠮᠦᠨ ᠤᠷᠤᠯᠳᠤᠭᠠᠨ ᠤ ᠮᠤᠷᠢ ᠪᠠᠨ ᠤᠷᠤᠭᠰᠢ ᠨᠢᠬᠡ  ᠶᠠᠪᠤᠭᠤᠯᠤᠨ᠎ᠠ᠃ ᠮᠤᠷᠢ ᠪᠠᠭᠤᠬᠤ ᠦᠬᠡᠢ ᠪᠤᠯ ᠬᠦᠳᠡᠯᠬᠡᠬᠦ ᠦᠬᠡᠢ᠂ ᠨᠦᠬᠦᠬᠡ ᠬᠦᠮᠦᠨ ᠨᠢ ᠤᠷᠬᠢᠨ᠎ᠠ᠃ ᠮᠦᠨ ᠬᠦ᠋ ᠰᠡᠭᠶᠡᠷ ᠤᠷᠬᠢᠬᠤ ᠮᠡᠳᠦ ᠲᠦᠷᠪᠡᠨ ᠱᠠᠭ᠎ᠠ ᠤᠷᠬᠢᠨ ᠤᠷᠤᠯᠳᠤᠵᠤ ᠪᠤᠯᠤᠨ᠎ᠠ᠃ ᠲᠦᠷᠪᠡᠨ ᠱᠠᠭ᠎ᠠ ᠶᠢᠨ ᠲᠤᠳᠤᠷ᠎ᠠ  ᠠᠴᠠ ᠬᠡᠳᠦᠨ ᠮᠤᠷᠢ ᠪᠠᠭᠤᠪᠠᠯ ᠤᠷᠤᠯᠳᠤᠭᠠᠨ ᠤ ᠮᠤᠷᠢ ᠪᠠᠨ ᠮᠦᠨ ᠬᠦ᠋ ᠲᠡᠳᠦᠢ ᠠᠯᠬᠤᠮ ᠤᠷᠤᠭᠰᠢᠯᠠᠭᠤᠯᠤᠨ᠎ᠠ᠃ ᠢᠩᠬᠢᠵᠦ ᠨᠠᠭᠠᠳᠬᠤ ᠳᠤ ᠤᠷᠤᠯᠳᠤᠭᠠᠨ ᠤ ᠮᠤᠷᠢᠳ ᠨᠢ ᠡᠮᠦᠨ᠎ᠡ ᠬᠤᠶᠢᠨ᠎ᠠ ᠪᠠᠨ ᠤᠷᠤᠵᠤ ᠶᠡᠬᠡᠳᠡ ᠠᠳᠠᠭ᠎ᠠ ᠲᠠᠢ ᠪᠠᠶᠢᠳᠠᠭ᠃ ᠬᠡᠨ ᠤ ᠮᠤᠷᠢ ᠤᠷᠢᠳᠠᠪᠠᠷ ᠦᠵᠦᠬᠦᠷ   ᠲᠤ ᠬᠦᠷᠪᠡᠯ ᠲᠡᠷᠡ  ᠬᠦᠮᠦᠨ ᠬᠤᠨᠵᠢᠵᠤ᠂  ︽ᠮᠢᠨᠦ ᠮᠤᠷᠢ ᠦᠵᠦ ᠠᠪᠤᠭᠰᠠᠨ︾  ᠬᠡᠮᠡᠨ ᠪᠠᠶᠠᠷᠯᠠᠵᠤ᠂ ᠮᠤᠷᠢ ᠪᠠᠨ ︽ᠲᠦᠮᠡᠨ ᠤ ᠮᠠᠩᠯᠠᠢ︾ ᠬᠡᠵᠦ ᠮᠠᠭᠳᠠᠬᠤ ᠶᠢᠨ ᠬᠠᠮᠳᠤ᠂ ᠬᠤᠴᠤᠷᠤᠭᠰᠠᠨ ᠮᠤᠷᠢ ᠶᠢ ︽ᠬᠤᠳᠤᠭᠤᠳᠤ ᠨᠢ ᠯᠤᠩᠬᠤ᠂ ᠬᠤᠶᠠᠷ ᠴᠢᠬᠢ ᠨᠢ ᠬᠤᠩᠬᠤ᠂ ᠢᠳᠡᠬᠦ ᠨᠢ ᠭᠠᠭ᠋ᠠᠢ᠂ ᠶᠠᠪᠤᠬᠤ ᠨᠢ ᠮᠤᠭᠠᠢ︾  ᠬᠡᠮᠡᠨ ᠱᠤᠤᠯᠠᠵᠤ ᠪᠠᠶᠢᠳᠠᠭ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号