ᠤᠯᠠᠮᠵᠢᠯᠠᠯᠳᠤ ᠨᠠᠭᠠᠳᠤᠮ ᠲᠤᠭᠯᠠᠭᠠᠮ — ᠱᠠᠭ᠎ᠠ  ︵3︶
ᠨᠡᠶᠢᠲᠡᠯᠡᠭᠰᠡᠨ ᠴᠠᠭ᠄
2022/12/12
    ᠵᠢᠷᠭᠤᠭᠠᠯᠠᠵᠤ ᠨᠠᠭᠠᠳᠬᠤ  — ᠡᠨᠡ  ᠪᠤᠯ ᠱᠠᠭ᠎ᠠ ᠪᠠᠨ ᠬᠤᠪᠢᠳᠠᠵᠤ ᠠᠪᠤᠭᠠᠳ᠂ ᠲᠦᠷᠪᠡᠨ ᠱᠠᠭ᠎ᠠ ᠶᠢ ᠡᠬᠡᠯᠵᠢᠯᠡᠨ ᠤᠷᠬᠢᠵᠤ ᠬᠠᠷᠢᠯᠴᠠᠨ ᠱᠠᠭ᠎ᠠ ᠬᠤᠨᠵᠢᠬᠤ ᠨᠠᠭᠠᠳᠤᠮ᠃ ᠱᠠᠭ᠎ᠠ ᠶᠢᠨ ᠪᠤᠰᠤᠭ᠎ᠠ ᠲᠡᠭᠰᠢ ᠲᠠᠯ᠎ᠠ ᠶᠢ ᠮᠤᠷᠢ᠂  ᠲᠡᠬᠦᠨ ᠤ ᠡᠰᠡᠷᠬᠦ  ᠬᠤᠪᠬᠢᠯ ᠲᠠᠢ ᠲᠠᠯ᠎ᠠ ᠶᠢ ᠨᠢ ᠲᠡᠮᠡᠭᠡ᠂  ᠭᠡᠪᠳᠡᠭᠡ ᠬᠦᠳᠦᠬᠦᠷ ᠲᠠᠯ᠎ᠠ ᠶᠢ ᠬᠤᠨᠢ᠂  ᠲᠡᠬᠦᠨ ᠤ ᠡᠰᠡᠷᠬᠦ ᠬᠤᠩᠬᠤᠷ ᠲᠠᠯ᠎ᠠ ᠶᠢ ᠢᠮᠠᠭ᠎ᠠ ᠬᠡᠮᠡᠨ᠂ ᠱᠠᠭ᠎ᠠ ᠶᠢᠨ ᠡᠪᠡᠷ ᠲᠠᠯ᠎ᠠ ᠨᠢ ᠲᠡᠭᠡᠰᠢ ᠬᠠᠷᠠᠵᠤ ᠪᠤᠰᠤᠭ᠎ᠠ ᠪᠠᠷ ᠲᠤᠭᠳᠠᠪᠠᠯ ᠤᠩᠭᠤ ᠬᠡᠵᠦ᠂  ᠲᠤᠷᠤᠭᠰᠢ ᠬᠠᠷᠠᠵᠤ ᠲᠤᠭᠳᠠᠪᠠᠯ ᠲᠤᠩᠭᠤ ᠭᠡᠳᠡᠭ᠃ ᠡᠶᠢᠨ ᠬᠦ᠋ ᠵᠢᠷᠭᠤᠭᠠᠨ ᠲᠠᠯ᠎ᠠ  ᠪᠠᠷ ᠲᠤᠭᠳᠠᠳᠠᠭ ᠲᠤᠯᠠ  ᠵᠢᠷᠭᠤᠭᠠᠯᠠᠵᠤ ᠨᠠᠭᠠᠳᠬᠤ ᠭᠡᠰᠡᠨ ᠪᠤᠯᠤᠯᠳᠠᠢ᠃ ᠵᠠᠷᠢᠮ ᠭᠠᠵᠠᠷ ᠲᠤ ᠪᠠᠰᠠ ︽ᠲᠦᠷᠪᠡᠨ ᠪᠡᠷᠭᠡ︾ ᠭᠡᠳᠡᠭ᠃  ᠲᠠᠶᠢᠹᠤᠰᠧ ᠳᠤ ᠡᠬᠦᠨ ᠢ ᠰᠡᠭᠶᠡᠷ ᠤᠷᠬᠢᠬᠤ ᠬᠡᠵᠦ᠂ ᠤᠷᠬᠢᠭᠰᠠᠨ ᠱᠠᠭ᠎ᠠ ᠨᠢ ᠮᠤᠷᠢ᠂ ᠲᠡᠮᠡᠭᠡ ᠂ ᠬᠤᠨᠢ᠂  ᠢᠮᠠᠭ᠎ᠠ ᠪᠠᠭᠤᠪᠠᠯ ᠰᠡᠭᠶᠡᠷ ᠪᠠᠭᠤᠯ᠎ᠠ ᠭᠡᠳᠡᠭ᠃ ᠡᠨᠡ  ᠪᠤᠯ ᠬᠠᠮᠤᠭ ᠤᠨ ᠶᠡᠭᠡ ᠱᠦᠬᠦᠯᠳᠡ ᠪᠠᠶᠢᠵᠤ᠂ ᠠᠷᠪᠠᠨ ᠬᠤᠶᠠᠷ ᠱᠠᠭ᠎ᠠ ᠪᠠᠷ ᠬᠤᠨᠵᠢᠵᠤ᠂ ᠱᠠᠩᠨᠠᠯ ᠳᠤᠨᠢ ᠪᠠᠰᠠ ᠨᠢᠬᠡ ᠤᠳᠠᠭ᠎ᠠ ᠤᠷᠬᠢᠨ᠎ᠠ᠃ ᠲᠦᠷᠪᠡᠨ ᠮᠤᠷᠢ ᠪᠠᠭᠤᠪᠠᠯ  ᠠᠷᠪᠠ ᠪᠠᠷ᠂ ᠲᠦᠷᠪᠡᠨ ᠲᠡᠮᠡᠭᠡ ᠪᠠᠭᠤᠪᠠᠯ  ᠨᠠᠢᠮᠠ   ᠪᠠᠷ᠂ ᠲᠦᠷᠪᠡᠨ ᠬᠤᠨᠢ ᠪᠠᠭᠤᠪᠠᠯ ᠵᠢᠷᠭᠤᠭ᠎ᠠ ᠪᠠᠷ᠂ ᠲᠦᠷᠪᠡᠨ ᠢᠮᠠᠭ᠎ᠠ ᠪᠠᠭᠤᠪᠠᠯ ᠲᠦᠷᠪᠡ ᠪᠠᠷ᠂ ᠬᠤᠶᠠᠷ ᠬᠤᠶᠠᠷ ᠢᠶᠠᠷ ᠠᠳᠠᠯᠢ ᠪᠠᠭᠤᠪᠠᠯ ᠬᠤᠶᠠᠷ ᠢᠶᠠᠷ ᠪᠤᠳᠤᠨ᠎ᠠ  ᠂ ᠦᠷᠦᠭᠡᠰᠦᠨ ᠪᠠᠭᠤᠪᠠᠯ ᠬᠤᠨᠵᠢᠪᠤᠷᠢ ᠦᠬᠡᠢ᠃ ᠭᠡᠷᠪᠡ ᠤᠩᠭᠤ ᠲᠤᠩᠭᠤ ᠲᠠᠢ ᠪᠠᠭᠤᠪᠠᠯ ᠤᠩᠭᠤ ᠲᠤᠩᠭᠤ ᠶᠢ ᠨᠢ ᠠᠪᠴᠤ  ︽ᠤᠩᠭᠤ ᠲᠤᠩᠭᠤ ᠲᠤᠰᠤᠮᠤᠢ︾ ᠭᠡᠮᠡᠨ ᠬᠡᠯᠡᠵᠦ ᠨᠦᠬᠦᠵᠦ ᠤᠷᠬᠢᠨ᠎ᠠ᠃ ᠤᠷᠬᠢᠭᠠᠳ ᠲᠡᠭᠡᠷᠡᠬᠢ ᠵᠦᠢᠯ  ᠤᠨ ᠠᠯᠢ ᠨᠢᠬᠡ ᠬᠡᠯᠪᠡᠷᠢ ᠳᠤ ᠪᠠᠭᠳᠠᠪᠠᠯ ᠲᠡᠬᠦᠨ ᠤ ᠶᠤᠰᠤᠭᠠᠷ ᠬᠤᠨᠵᠢᠨ᠎ᠠ᠃ ᠢᠩᠬᠢᠭᠡᠳ ᠬᠠᠮᠤᠭ ᠤᠨ ᠢᠯᠡᠬᠦᠦ ᠬᠤᠪᠢ ᠤᠯᠤᠭᠰᠠᠨ ᠨᠢ ᠱᠦᠬᠦᠵᠦ᠂  ᠭᠠᠷ ᠲᠠᠬᠢ ᠱᠠᠭ᠎ᠠ ᠪᠠᠨ ᠪᠦᠬᠦᠳᠡ ᠶᠢ ᠠᠯᠳᠠᠭᠰᠠᠨ ᠨᠢ ᠱᠦᠬᠦᠭᠳᠡᠨ᠎ᠡ᠃ ᠬᠤᠨᠵᠢᠪᠤᠷᠢ ᠶᠢᠨ ᠲᠤᠭ᠎ᠠ ᠶᠢ ᠱᠠᠭ᠎ᠠ ᠶᠢᠨ ᠬᠡᠮᠵᠢᠶ᠎ᠡ ᠪᠠᠷ ᠦᠬᠡᠷ᠎ᠡ ᠪᠠᠷ ᠲᠤᠭᠳᠠᠭᠠᠭᠰᠠᠨ ᠴᠤ ᠪᠤᠯᠤᠨ᠎ᠠ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号