ᠤᠯᠠᠮᠵᠢᠯᠠᠯᠳᠤ ᠨᠠᠭᠠᠳᠤᠮ ᠲᠤᠭᠯᠠᠭᠠᠮ — ᠱᠠᠭ᠎ᠠ  ︵2︶
ᠨᠡᠶᠢᠲᠡᠯᠡᠭᠰᠡᠨ ᠴᠠᠭ᠄
2022/12/11
  ᠱᠠᠭ᠎ᠠ ᠰᠢᠬᠠᠳᠠᠵᠤ ᠨᠠᠭᠠᠳᠬᠤ  — ᠱᠠᠭ᠎ᠠ ᠰᠢᠬᠠᠳᠠᠵᠤ ᠨᠠᠭᠠᠳᠬᠤ ᠳᠤ ᠰᠢᠬ᠎ᠠ ᠬᠡᠵᠦ ᠶᠢᠰᠦᠨ ᠭᠠᠤᠯᠢᠨ ᠵᠤᠭᠤᠰ  ᠢ ᠬᠠᠳᠠᠭ ᠢᠶᠠᠷ ᠭᠡᠯᠬᠢᠵᠦ᠂ ᠵᠠᠪᠰᠠᠷ ᠲᠤᠨᠢ ᠦᠩᠬᠡ ᠶᠢᠨ ᠲᠤᠷᠭ᠎ᠠ ᠲᠤᠷᠳᠤᠩ ᠤᠨ ᠦᠬᠡᠳᠡᠰᠦ ᠬᠠᠪᠴᠢᠭᠤᠯᠵᠤ ᠵᠠᠩᠬᠢᠳᠤᠭᠰᠠᠨ ᠲᠡᠭᠡᠭᠰᠢ ᠤᠷᠬᠢᠬᠤ ᠭᠡᠷᠡᠭᠰᠡᠯ ᠢ ᠭᠡᠷᠡᠭᠯᠡᠨ᠎ᠡ᠃ ᠠᠶᠢᠯ ᠠᠶᠢᠯ ᠤᠨ ᠰᠢᠬ᠎ᠠ ᠦᠪᠡᠷ ᠦᠪᠡᠷ ᠤᠨ ᠤᠨᠴᠠᠯᠢᠭ ᠲᠠᠢ ᠪᠠᠶᠢᠵᠤ᠂ ᠲᠡᠬᠦᠨ ᠢᠶᠠᠨ ᠱᠠᠭ᠎ᠠ ᠲᠠᠢ ᠪᠠᠨ ᠬᠠᠮᠳᠤ ᠬᠠᠳᠠᠭᠠᠯᠠᠳᠠᠭ᠃ ᠱᠠᠭ᠎ᠠ ᠰᠢᠬᠠᠳᠠᠵᠤ ᠨᠠᠭᠠᠳᠬᠤ  ᠳᠤ ᠲᠡᠭᠰᠢ ᠰᠠᠶᠢᠬᠠᠨ ᠰᠢᠷᠢᠳᠡᠭ ᠪᠤᠶᠤ ᠤᠯᠪᠤᠭ ᠲᠡᠪᠢᠰᠦᠭᠡᠳ ᠨᠠᠭᠠᠳᠤᠨ᠎ᠠ᠃ ᠮᠦᠷᠦᠶᠢᠴᠡᠭᠡᠨ ᠳᠤ ᠤᠷᠤᠯᠴᠠᠬᠤ ᠬᠦᠮᠦᠰ ᠱᠠᠭ᠎ᠠ ᠪᠠᠨ ᠠᠳᠠᠯᠢ ᠲᠤᠭ᠎ᠠ ᠪᠠᠷ ᠬᠤᠪᠢᠳᠠᠨ ᠠᠪᠤᠭᠠᠳ᠂ ᠲᠡᠬᠦᠨ ᠤ ᠲᠤᠳᠤᠷ᠎ᠠ ᠠᠴᠠ ᠠᠳᠠᠯᠢ ᠲᠤᠭᠠᠨ ᠤ ᠱᠠᠭ᠎ᠠ  ᠭᠠᠷᠭᠠᠨ ᠬᠤᠪᠢ ᠨᠡᠶᠢᠯᠡᠬᠦᠯᠵᠦ᠂  ᠬᠤᠷᠤᠭᠤ ᠵᠢᠮᠡᠯᠴᠡᠵᠦ ᠬᠤᠨᠵᠢᠭᠰᠠᠨ ᠨᠢᠬᠡ ᠨᠢ  ᠡᠬᠢᠯᠡᠭᠡᠳ᠂ ᠲᠠᠷᠠᠭᠠᠯᠠᠨ ᠵᠦᠪ ᠡᠷᠬᠢᠵᠦ ᠡᠬᠡᠯᠵᠢᠯᠡᠨ ᠰᠢᠬᠠᠳᠠᠨ᠎ᠠ᠃ ᠡᠬᠢᠯᠡᠵᠦ ᠰᠢᠬᠠᠳᠠᠬᠤ  ᠬᠦᠮᠦᠨ ᠬᠤᠪᠢ ᠨᠡᠶᠢᠯᠡᠬᠦᠯᠦᠭᠰᠡᠨ ᠱᠠᠭ᠎ᠠ ᠪᠠᠨ ᠲᠡᠪᠢᠰᠭᠡᠷ ᠲᠡᠭᠡᠷ᠎ᠡ ᠲᠠᠷᠬᠠᠭᠠᠵᠤ ᠤᠷᠬᠢᠭᠠᠳ᠂ ᠰᠢᠬ᠎ᠠ ᠪᠠᠨ ᠲᠡᠭᠡᠭᠰᠢ ᠬᠠᠶᠠᠵᠤ ᠤᠷᠬᠢᠭᠰᠠᠨ ᠱᠠᠭ᠎ᠠ ᠠᠴᠠ ᠰᠢᠬᠦᠷᠡᠨ ᠠᠪᠴᠤ᠂ ᠨᠢᠬᠡ ᠶᠢ ᠴᠤ ᠤᠨᠠᠭᠠᠯ ᠦᠬᠡᠢ ᠪᠠᠷ ᠰᠢᠬ᠎ᠠ ᠪᠠᠨ ᠲᠤᠰᠴᠤ ᠠᠪᠬᠤ ᠪᠦᠬᠡᠳ ᠱᠠᠭ᠎ᠠ ᠰᠢᠬᠦᠷᠡᠬᠦ ᠳᠡᠭᠡᠨ ᠠᠪᠬᠤ ᠱᠠᠭ᠎ᠠ ᠠᠴᠠ ᠪᠤᠰᠤᠳ ᠱᠠᠭ᠎ᠠ ᠶᠢ ᠬᠦᠨᠳᠡᠵᠦ ᠪᠤᠯᠬᠤ ᠦᠬᠡᠢ᠂  ᠪᠤᠰᠤᠳ ᠱᠠᠭ᠎ᠠ ᠶᠢ ᠬᠦᠨᠳᠡᠬᠦ ᠪᠤᠶᠤ ᠰᠢᠬᠦᠷᠡᠭᠰᠡᠨ ᠱᠠᠭ᠎ᠠ ᠪᠠᠨ ᠠᠯᠳᠠᠬᠤ ᠳᠤ ᠬᠦᠷᠪᠡᠯ ᠰᠢᠬᠠᠳᠠᠬᠤ ᠡᠬᠡᠯᠵᠢ ᠪᠠᠨ ᠠᠯᠳᠠᠵᠤ᠂ ᠲᠠᠷᠠᠭᠠᠴᠢ ᠶᠢᠨ ᠬᠦᠮᠦᠨ  ᠳᠤ ᠰᠢᠬ᠎ᠠ ᠪᠠᠨ ᠦᠭᠬᠦᠨ᠎ᠡ᠃ ᠦᠪᠡᠷ ᠦᠪᠡᠷ ᠤᠨ ᠰᠢᠬ᠎ᠠ ᠪᠠᠷ ᠢᠶᠠᠨ ᠨᠠᠭᠠᠳᠤᠭᠰᠠᠨ ᠴᠤ ᠪᠤᠯᠤᠨ᠎ᠠ᠃ ᠱᠠᠭ᠎ᠠ ᠰᠢᠬᠠᠳᠠᠬᠤ ᠳᠤ ᠠᠳᠬᠤᠬᠤ᠂ ᠰᠢᠭᠤᠬᠤ᠂ ᠲᠡᠬᠦᠬᠦ᠂ ᠬᠤᠮᠤᠷᠭᠠᠯᠠᠬᠤ᠂  ᠬᠠᠨᠴᠤᠶᠢᠯᠠᠬᠤ ᠤᠯᠠᠨ ᠬᠡᠯᠪᠡᠷᠢ ᠪᠠᠶᠢᠳᠠᠭ᠃ ᠰᠢᠬ᠎ᠠ ᠪᠠᠨ ᠲᠡᠭᠡᠭᠰᠢ ᠰᠢᠳᠡᠭᠡᠳ ᠤᠶᠢᠷᠠᠯᠴᠠᠭ᠎ᠠ ᠭᠡᠳᠦᠨ ᠱᠠᠭ᠎ᠠ ᠶᠢ ᠠᠳᠬᠤᠵᠤ ᠠᠪᠬᠤ ᠶᠢ ᠠᠳᠬᠤᠬᠤ  ᠬᠡᠵᠦ᠂ ᠵᠡᠷᠭᠡᠴᠡᠭᠰᠡᠨ ᠱᠠᠭ᠎ᠠ ᠨᠤᠭᠤᠳ ᠢ ᠵᠠᠬ᠎ᠠ ᠠᠴᠠ ᠨᠢ ᠰᠢᠪᠳᠤᠷᠴᠤ ᠠᠳᠬᠤᠬᠤ ᠶᠢ ᠰᠢᠭᠤᠬᠤ  ᠬᠡᠵᠦ᠂ ᠨᠢᠬᠡ ᠨᠢᠬᠡ ᠪᠠᠷ ᠴᠢᠮᠬᠢᠵᠦ ᠠᠪᠬᠤ ᠶᠢ ᠲᠡᠬᠦᠬᠦ ᠬᠡᠵᠦ᠂ ᠨᠡᠯᠢᠶᠡᠳ ᠤᠯᠠᠨ ᠱᠠᠭ᠎ᠠ ᠶᠢ ᠬᠤᠮᠢᠵᠤ ᠠᠳᠬᠤᠬᠤ ᠶᠢ ᠬᠤᠮᠤᠷᠭᠠᠯᠠᠬᠤ ᠬᠡᠵᠦ᠂ ᠪᠦᠬᠡᠮ ᠱᠠᠭ᠎ᠠ ᠶᠢ ᠠᠳᠬᠤᠬᠤ ᠶᠢᠨ ᠲᠠᠭᠠᠤ ᠬᠠᠨᠴᠤᠢ   ᠳᠠᠭᠠᠨ ᠬᠢᠬᠡᠳ ᠰᠢᠬ᠎ᠠ ᠪᠠᠨ ᠲᠤᠰᠬᠤ ᠶᠢ  ᠬᠠᠨᠴᠤᠶᠢᠯᠠᠬᠤ ᠭᠡᠨ᠎ᠡ᠃ ᠱᠠᠭ᠎ᠠ ᠴᠦᠬᠡᠨ ᠪᠤᠯ ᠭᠤᠤᠯᠳᠠᠭᠤ ᠴᠢᠮᠬᠢᠵᠦ ᠨᠠᠭᠠᠳᠤᠨ᠎ᠠ᠃  ᠡᠨᠡ ᠮᠡᠳᠦ ᠪᠠᠷ ᠡᠬᠡᠯᠵᠢᠯᠡᠨ ᠰᠢᠬᠠᠳᠠᠵᠤ᠂ ᠬᠡᠨ ᠨᠢ ᠤᠯᠠᠨ ᠱᠠᠭ᠎ᠠ ᠤᠯᠤᠭᠰᠠᠨ ᠪᠤᠯ ᠱᠦᠬᠦᠵᠦ᠂ ᠬᠤᠪᠢᠳᠠᠭᠰᠠᠨ ᠱᠠᠭ᠎ᠠ ᠪᠠᠨ ᠪᠠᠷᠠᠭᠰᠠᠨ ᠨᠢ ᠠᠯᠳᠠᠨ᠎ᠠ᠃ ᠰᠠᠶᠢᠨ ᠰᠢᠬᠠᠳᠠᠬᠤ ᠬᠦᠮᠦᠨ ᠤᠯᠪᠤᠭ ᠤᠨ ᠲᠦᠷᠪᠡᠨ ᠦᠨᠴᠦᠭ ᠲᠤ ᠲᠦᠷᠪᠡᠨ ᠱᠠᠭ᠎ᠠ ᠲᠠᠯᠪᠢᠭᠠᠳ᠂ ᠨᠢᠬᠡᠯᠡ ᠰᠢᠬ᠎ᠠ  ᠪᠠᠷ ᠪᠦᠬᠦᠳᠡ ᠶᠢ ᠲᠡᠬᠦᠵᠦ ᠠᠪᠳᠠᠭ ᠪᠠᠶᠢᠨ᠎ᠠ᠃ ᠪᠠᠰᠠ ᠪᠦᠬᠦ ᠱᠠᠭ᠎ᠠ ᠪᠠᠨ ᠤᠯᠠᠨ ᠤ ᠲᠤᠮᠳᠠ ᠠᠰᠬᠠᠵᠤ᠂ ᠡᠬᠡᠯᠵᠢᠯᠡᠨ ᠰᠢᠬᠠᠳᠠᠵᠤ ᠲᠠᠭᠤᠰᠬᠠᠭᠠᠳ᠂ ᠤᠯᠤᠭᠰᠠᠨ ᠱᠠᠭ᠎ᠠ ᠠᠴᠠ ᠬᠤᠪᠢ ᠨᠡᠶᠢᠯᠡᠬᠦᠯᠵᠦ ᠨᠠᠭᠠᠳᠤᠭᠰᠠᠨ ᠴᠤ ᠪᠤᠯᠳᠠᠭ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号