ᠤᠯᠠᠮᠵᠢᠯᠠᠯᠳᠤ ᠤᠷ᠎ᠠ ᠮᠡᠷᠭᠡᠵᠢᠯ —  ᠴᠢᠳᠦᠷ  ᠮᠤᠰᠬᠢᠬᠤ
ᠨᠡᠶᠢᠲᠡᠯᠡᠭᠰᠡᠨ ᠴᠠᠭ᠄
2020/6/8
  ᠮᠤᠩᠭᠤᠯᠴᠤᠳ ᠤᠨ ᠦᠨᠢ ᠤᠳᠠᠭᠠᠨ ᠤ ᠨᠡᠭᠦᠳᠡᠯ ᠮᠠᠯᠵᠢᠯ ᠤᠨ ᠠᠮᠢᠳᠤᠷᠠᠯ ᠳᠤᠮᠳᠠᠬᠢ ᠡᠳ᠋ᠯᠡᠯ ᠬᠡᠷᠡᠭᠰᠡᠯ ᠨᠢ ᠪᠦᠷ ᠤᠷᠦ ᠤᠷᠦᠨ ᠳᠤ   ᠪᠠᠨ ᠳᠤᠬᠢᠷᠠᠭᠰᠠᠨ ᠮᠦᠷᠲᠡᠭᠡᠨ ᠤᠨᠴᠠᠯᠢᠭ ᠪᠠᠶᠢᠳᠠᠯ ᠳᠤ ᠨᠢ ᠵᠤᠬᠢᠴᠠᠭᠰᠠᠨ ᠨᠡᠷ᠎ᠡ ᠲᠤᠮᠢᠶ᠎ᠠ ᠲᠠᠢ ᠪᠠᠶᠢᠳᠠᠭ᠃  ᠡᠨᠡ ᠨᠢ ᠪᠤᠰᠦᠳ ᠠᠴᠠ ᠢᠯᠭᠠᠭᠳᠠᠬᠤ ᠦᠪᠡᠷᠮᠢᠴᠡ ᠰᠤᠳᠦᠨ ᠰᠤᠶᠦᠯ ᠪᠤᠯᠬᠤ ᠶᠤᠮ᠃ ᠤᠨᠤᠭᠠᠨ ᠤ ᠮᠤᠷᠢ   ᠪᠠᠨ《 ᠬᠤᠯᠠ  ᠶᠠᠪᠤᠭᠤᠯᠬᠤ ᠦᠭᠡᠢ 》 ᠭᠡᠮᠡᠨ ᠭᠤᠷᠪᠠᠨ ᠬᠦᠯ  ︵ᠡᠮᠦᠨ᠎ᠡ ᠬᠤᠶᠠᠷ  ᠬᠦᠯ ᠪᠠ ᠵᠦᠪᠲᠡᠢ ᠬᠤᠶᠢᠲᠦ ᠬᠦᠯ︶ ᠢ ᠨᠢ ᠲᠤᠷᠭᠤᠭᠠᠨ ᠪᠠᠬᠢᠯᠡᠳᠡᠭ ᠡᠳ᠋ᠯᠡᠭᠡ ᠶᠢ ︽ᠴᠢᠳᠦᠷ︾  ᠬᠡᠵᠦ᠂ ᠡᠮᠦᠨ᠎ᠡ ᠬᠤᠶᠠᠷ  ᠬᠦᠯ   ᠳᠤᠨᠢ ᠬᠢᠳᠡᠭ ᠢ  ︽ᠳᠤᠱᠠ︾ ᠭᠡᠵᠦ᠂ ᠡᠮᠦᠨ᠎ᠡ  ᠬᠤᠶᠢᠨ᠎ᠠ ᠬᠤᠶᠠᠷ ᠬᠦᠯ ᠳᠤ ᠨᠢ ᠬᠢᠳᠡᠭ ᠢ ︽ᠦᠷᠦᠭᠡᠯ  ︾ ᠭᠡᠳᠡᠭ᠃  ᠴᠢᠳᠤᠷ᠂  ᠲᠤᠱᠠ  ᠂ ᠦᠷᠦᠭᠡᠯ ᠢ ᠮᠤᠰᠬᠢᠬᠤ ᠳᠤ ᠰᠤᠷ ᠭᠡᠷᠡᠭᠯᠡᠨ᠎ᠡ᠃ ᠰᠤᠷ  ᠭᠡᠳᠡᠭ ᠨᠢ ᠦᠬᠡᠷ ᠤᠨ ᠰᠢᠷᠢ ᠶᠢ ᠡᠯᠳᠡᠭᠡᠳ ᠭᠤᠯᠳᠤ ᠪᠠᠷ ᠨᠢ ᠵᠦᠰᠦᠭᠰᠡᠨ ᠤᠷᠲᠦ ᠰᠤᠷ ᠢ ᠵᠢᠭᠠᠨ᠎ᠠ᠃      ᠪᠠᠯᠴᠢᠷ ᠲᠠᠢ ᠴᠢᠳᠦᠷ ᠢ ᠵᠠᠩᠬᠢᠳᠬᠤ ᠳᠤ ᠬᠤᠶᠠᠷ ᠵᠦᠰᠦᠮ ᠦᠷᠭᠡᠨ ᠰᠠᠶᠢᠨ ᠰᠤᠷ ᠭᠡᠷᠡᠭᠯᠡᠨ᠎ᠡ᠃  ᠴᠢᠳᠦᠷ  ᠢᠶᠠᠨ ᠵᠦᠪ ᠲᠠᠯ᠎ᠠ ᠶᠢᠨ ᠠᠯᠠᠭᠠᠨ ᠠᠴᠠ ᠡᠬᠢᠯᠡᠵᠦ ᠨᠦᠬᠡᠯᠡᠭᠡᠳ᠂  ᠴᠢᠳᠦᠷ ᠤᠨ  ᠬᠦᠬᠦᠯ ᠤᠨ ᠨᠦᠬᠡ ᠶᠢ ᠠᠯᠠᠭᠠᠨ  ᠤ ᠨᠦᠬᠡᠨ ᠳᠤ ᠬᠦᠳᠦᠶᠢᠯᠬᠡᠨ ᠰᠦᠯᠵᠢᠵᠦ ᠭᠠᠷᠭᠠᠭᠠᠳ ᠪᠤᠴᠠᠭᠤᠯᠵᠤ᠂ ᠪᠠᠯᠴᠢᠷ ᠤᠨ ᠠᠷᠤ ᠪᠠᠷ ᠪᠤᠷᠤᠭᠤ ᠠᠯᠠᠭ᠎ᠠ  ᠶᠢᠨ ᠲᠠᠯ᠎ᠠ ᠬᠦᠬᠦᠯ ᠤᠨ ᠨᠦᠬᠡᠨ ᠳᠤ ᠰᠦᠯᠵᠢᠵᠦ  ᠭᠠᠷᠭᠠᠭᠠᠳ᠂ ᠲᠠᠬᠢᠨ ᠪᠠᠯᠴᠢᠷ ᠲᠤ ᠡᠯᠬᠦᠨ ᠪᠤᠴᠠᠭᠤᠯᠵᠤ ᠬᠦᠬᠦᠯ ᠭᠠᠷᠭᠠᠨ᠎ᠠ᠃  ᠨᠦᠬᠦᠬᠡ ᠨᠢᠬᠡ ᠰᠤᠷ ᠢᠶᠠᠨ ᠮᠤᠰᠬᠢᠨ ᠰᠦᠯᠵᠢᠬᠦ ᠳᠤ ᠴᠢᠳᠦᠷ ᠤᠨ ᠬᠤᠶᠢᠳᠤ ᠠᠯᠠᠭ᠎ᠠ ᠪᠠᠨ  ᠨᠤᠭᠤᠯᠤᠨ ᠤᠷᠤᠭᠰᠢ ᠶᠠᠪᠤᠭᠤᠯᠵᠤ ᠪᠠᠯᠴᠢᠷ ᠠᠴᠠ ᠡᠯᠬᠦᠨ᠂  ᠪᠠᠯᠴᠢᠷ ᠢᠶᠠᠷ ᠵᠠᠩᠬᠢᠳᠴᠤ ᠭᠠᠷᠭᠠᠭᠠᠳ᠂ ᠭᠡᠳᠡᠷᠬᠦ  ᠪᠠᠨ ᠬᠤᠶᠠᠷ ᠰᠤᠷ ᠢᠶᠠᠨ ᠡᠷᠴᠢᠯᠡᠵᠦ᠂ ᠲᠠᠩ ᠰᠤᠮᠤ ᠮᠤᠰᠬᠢᠨ ᠬᠤᠶᠢᠳᠤ ᠠᠯᠠᠭᠠᠨ ᠤ ᠨᠦᠬᠡᠨ ᠳᠤ ᠰᠦᠯᠵᠢᠵᠦ ᠭᠠᠷᠭᠠᠭᠠᠳ᠂ ᠦᠬᠡᠷ᠎ᠡ ᠰᠤᠷ ᠢᠶᠠᠷ ᠬᠦᠬᠦᠯ ᠬᠢᠵᠦ ᠰᠦᠯᠵᠢᠨ᠎ᠡ᠃   ᠨᠦᠬᠦᠬᠡ ᠰᠤᠷ ᠢᠶᠠᠨ ᠤᠷᠤᠭᠰᠢ ᠡᠷᠬᠢᠬᠦᠯᠦᠨ ᠮᠤᠰᠬᠢᠵᠤ᠂ ᠴᠢᠳᠦᠷ ᠤᠨ ᠰᠤᠮᠤ ᠪᠠᠨ ᠭᠤᠷᠮᠤᠰᠯᠠᠵᠤ ᠮᠤᠰᠬᠢᠭᠠᠳ᠂ ᠲᠠᠬᠢᠨ ᠪᠠᠯᠴᠢᠷ ᠲᠤ ᠡᠯᠬᠦᠵᠦ ᠲᠤᠭᠳᠠᠭᠠᠨ᠂ ᠵᠦᠪ ᠲᠠᠯ᠎ᠠ ᠶᠢᠨ ᠠᠯᠠᠭᠠᠨ ᠳᠤ ᠦᠬᠡᠷ᠎ᠡ ᠰᠤᠷ ᠢᠶᠠᠷ ᠬᠦᠬᠦᠯ ᠵᠠᠩᠬᠢᠳᠪᠠᠯ ᠪᠤᠯᠴᠢᠬᠠᠨ᠎ᠠ᠃ ᠴᠢᠳᠦᠷ ᠲᠤ ᠭᠤᠷᠪᠠᠨ ᠲᠡᠭᠡᠭ ᠭᠡᠷᠡᠭᠯᠡᠨ᠎ᠡ᠃ ᠴᠢᠳᠦᠷ ᠤᠨ ᠲᠡᠭᠡᠭ ᠢ  ᠮᠤᠳᠤ ᠪᠤᠶᠤ ᠡᠪᠡᠷ᠂ ᠶᠠᠰᠤ᠂ ᠬᠤᠯᠤᠰᠤ ᠪᠠᠷ ᠬᠢᠳᠡᠭ᠃      ᠬᠤᠶᠠᠷ ᠠᠯᠠᠭᠠᠨ ᠤ ᠲᠤᠱᠠ ᠬᠢᠬᠦ ᠳᠤ ᠵᠦᠪ ᠠᠯᠠᠭᠠᠨ ᠤ ᠬᠦᠬᠦᠯ ᠤᠨ ᠨᠦᠬᠡ ᠶᠢ ᠨᠦᠬᠡᠨ ᠳᠤ ᠰᠦᠯᠵᠢᠬᠡᠳ ᠂ ᠬᠠᠪᠳᠠᠭᠠᠢ ᠪᠠᠷ ᠪᠤᠷᠤᠭᠤ ᠠᠯᠠᠭᠠᠨ ᠤ ᠨᠦᠬᠡᠨ ᠳᠤ ᠬᠦᠬᠦᠯ ᠢᠶᠠᠨ ᠰᠦᠯᠵᠢᠳᠡᠭ᠃ ᠦᠷᠦᠭᠡᠯ   ᠢ ᠬᠢᠬᠦ ᠳᠤ  ᠨᠢᠬᠡ ᠲᠠᠯ᠎ᠠ ᠶᠢᠨ ᠠᠯᠠᠭ᠎ᠠ ᠠᠴᠠ ᠡᠬᠢᠯᠡᠵᠦ ᠨᠦᠬᠡᠯᠡᠬᠡᠳ᠂ ᠦᠬᠡᠷ᠎ᠡ ᠰᠤᠷ ᠢᠶᠠᠷ ᠬᠦᠬᠦᠯ ᠬᠢᠵᠦ ᠲᠠᠭᠤᠰᠬᠠᠭᠠᠳ᠂ ᠭᠤᠤᠯ  ᠢᠶᠠᠷ ᠨᠢ ᠪᠦᠭᠳᠦᠷᠯᠡᠭᠰᠡᠨ ᠰᠤᠷ ᠢᠶᠠᠨ ᠮᠤᠰᠬᠢᠵᠤ᠂ ᠨᠢᠬᠡ ᠦᠵᠦᠬᠦᠷ ᠢ ᠨᠢ ᠨᠦᠬᠦᠬᠡ ᠠᠯᠠᠭᠠᠨ ᠳᠤ ᠲᠤᠭᠳᠠᠭᠠᠵᠤ  ᠡᠷᠬᠢᠬᠦᠯᠵᠦ ᠨᠤᠭᠤᠯᠤᠭᠠᠳ  ᠬᠦᠬᠦᠯ ᠤᠨ ᠨᠦᠬᠡᠨ ᠳᠤ ᠵᠤᠭᠰᠤᠭᠠᠵᠤ᠂ ᠨᠦᠬᠦᠬᠡ ᠮᠤᠰᠬᠢᠭᠰᠠᠨ ᠰᠤᠷ ᠢᠶᠠᠨ ᠵᠤᠭᠰᠤᠭᠠᠵᠤ ᠬᠦᠬᠦᠯ ᠬᠢᠪᠡᠯ ᠪᠤᠯᠴᠢᠬᠠᠨ᠎ᠠ᠃       ᠡᠬᠦᠨ ᠠᠴᠠ ᠭᠠᠳᠠᠨ᠎ᠠ ᠬᠠᠯᠬ᠎ᠠ ᠴᠢᠳᠦᠷ  ᠮᠤᠰᠬᠢᠵᠤ ᠭᠡᠷᠡᠭᠯᠡᠳᠡᠭ᠃  ᠲᠡᠷᠡ ᠨᠢ ᠴᠢᠳᠦᠷ ᠤᠨ ᠰᠤᠮᠤᠨ  ᠳᠠᠭᠠᠨ ᠪᠠᠯᠴᠢᠷ ᠦᠬᠡᠢ ᠬᠠᠪᠳᠠᠭᠠᠢ ᠰᠤᠷ ᠢᠶᠠᠷ ᠬᠢᠵᠦ ᠭᠤᠤᠯ ᠳᠤᠨᠢ ᠨᠦᠬᠡᠯᠡᠭᠡᠳ᠂ ᠴᠢᠳᠦᠷ ᠤᠨ ᠰᠤᠮᠤᠨ ᠤ ᠰᠤᠷ  ᠢᠶᠠᠷ ᠰᠢᠯᠢ ᠶᠢ ᠨᠢ ᠲᠠᠷᠤᠵᠤ ᠰᠦᠯᠵᠢᠬᠡᠳ᠂ ᠬᠤᠶᠢᠰᠢ ᠪᠠᠨ ᠮᠤᠰᠬᠢᠵᠤ ᠬᠦᠬᠦᠯ ᠲᠡᠭᠡᠭ ᠢᠶᠠᠨ ᠬᠢᠳᠡᠭ ᠲᠦᠬᠦᠮ ᠬᠡᠯᠪᠡᠷᠢ ᠶᠢᠨ ᠴᠢᠳᠦᠷ ᠪᠤᠯᠤᠨ᠎ᠠ᠃ ᠭᠤᠷᠪᠠᠨ ᠲᠡᠮᠦᠷ ᠭᠠᠷᠠᠬ᠎ᠠ ᠲᠠᠢ ᠬᠢᠳᠠᠳ ᠴᠢᠳᠦᠷ ᠴᠤ ᠪᠠᠶᠢᠳᠠᠭ᠃ ᠲᠡᠬᠦᠨ ᠢ ᠬᠢᠬᠦ ᠳᠤ ᠡᠮᠦᠨ᠎ᠡ ᠬᠤᠶᠠᠷ ᠠᠯᠠᠭ᠎ᠠ ᠨᠢ ᠲᠡᠮᠦᠷ ᠭᠠᠷᠠᠬ᠎ᠠ ᠠᠴᠠ ᠡᠯᠬᠦᠵᠦ ᠰᠦᠯᠵᠢᠬᠡᠳ ᠬᠦᠬᠦᠯ ᠬᠢᠳᠡᠭ᠃ ᠬᠤᠶᠢᠳᠤ ᠰᠤᠮᠤ ᠶᠢ ᠨᠢ ᠮᠦᠨ ᠠᠯᠠᠭ᠎ᠠ ᠨᠤᠭᠤᠯᠵᠤ ᠦᠯᠡᠳᠡᠭᠡᠭᠡᠳ᠂  ᠲᠤᠮᠳᠠᠬᠢ ᠲᠡᠮᠦᠷ ᠭᠠᠷᠠᠬ᠎ᠠ ᠠᠴᠠ ᠡᠯᠬᠦᠵᠦ ᠮᠤᠰᠬᠢᠭᠠᠳ ᠬᠤᠶᠢᠳᠤ ᠠᠯᠠᠭᠠᠨ ᠤ ᠬᠦᠬᠦᠯ ᠢᠶᠠᠨ ᠰᠦᠯᠵᠢᠳᠡᠭ᠃      ᠲᠠᠶᠢᠹᠤᠰᠧ ᠬᠤᠰᠢᠭᠤ ᠨᠢ  ᠴᠢᠳᠦᠷ  ᠮᠤᠰᠬᠢᠬᠤ ᠮᠡᠷᠭᠡᠵᠢᠯ ᠢ 2015 ᠤᠨ ᠳᠤ ᠠᠶᠢᠮᠠᠭ ᠤᠨ ᠲᠡᠰ ᠤᠨ ᠪᠤᠳᠠᠰ ᠤᠨ ᠪᠤᠰᠤ ᠰᠤᠶᠤᠯ ᠤᠨ ᠦᠪ   ᠲᠤ  ᠪᠦᠷᠢᠳᠭᠡᠬᠦᠯᠵᠦ᠂  ᠭᠠᠩᠰᠦ᠋ᠬᠡ  ᠠᠶᠢᠮᠠᠭ ᠤᠨ ᠲᠡᠰ ᠤᠨ ᠦᠪᠯᠡᠨ ᠤᠯᠠᠮᠵᠢᠯᠠᠭᠴᠢ ᠪᠤᠯᠤᠭᠰᠠᠨ ᠪᠠᠶᠢᠨ᠎ᠠ᠃      ᠤᠯᠠᠮᠵᠢᠯᠠᠭᠴᠢ ᠶᠢᠨ ᠲᠤᠪᠴᠢ ᠲᠠᠨᠢᠯᠴᠠᠭᠤᠯᠭ᠎ᠠ᠄  ᠭᠠᠩᠰᠦ᠋ᠬᠡ  ᠂ ᠡᠷᠡᠭᠳᠡᠢ᠂   ᠮᠤᠩᠭᠤᠯ ᠦᠨᠳᠦᠰᠦᠳᠡᠨ᠂ 1975 ᠤᠨ ᠳᠤ ᠲᠦᠷᠦᠪᠡ᠃  ᠲᠠᠶᠢᠹᠤᠰᠧ ᠬᠤᠰᠢᠭᠤᠨ ᠤ ᠬᠦᠨᠪᠤᠯᠠᠭ ᠰᠤᠮᠤ ᠶᠢᠨ ᠬᠦᠮᠦᠨ᠃  ᠬᠠᠷ᠎ᠠ ᠪᠠᠭ᠎ᠠ  ᠠᠴᠠ ᠪᠠᠨ ᠠᠳᠤᠭᠤᠨ ᠳᠤ ᠪᠠᠭ᠋ᠠᠳᠠᠢ ᠲᠡᠷᠡᠪᠡᠷ  ᠮᠤᠷᠢ ᠪᠠᠨ ᠤᠨᠤᠵᠤ ᠮᠠᠯ ᠢᠶᠠᠨ ᠬᠠᠷᠢᠭᠤᠯᠵᠤ ᠶᠠᠪᠤᠬᠤ ᠵᠠᠭᠤᠷ᠎ᠠ ᠠᠬᠠᠮᠠᠳ ᠠᠴᠠ ᠪᠠᠨ ᠴᠢᠳᠦᠷ ᠲᠤᠱᠠ᠂  ᠨᠤᠭᠳᠤ ᠬᠠᠵᠠᠭᠠᠷ᠂  ᠤᠷᠭ᠎ᠠ ᠲᠠᠰᠢᠭᠤᠷ ᠵᠡᠷᠭᠡ ᠠᠳᠤᠭᠤᠨ ᠤ ᠡᠳ᠋ᠯᠡᠯ ᠬᠢᠬᠦ ᠵᠡᠷᠭᠡ ᠠᠷᠭ᠎ᠠ ᠮᠡᠷᠭᠡᠵᠢᠯ ᠢ ᠰᠤᠷᠴᠤ  ᠦᠪᠯᠡᠬᠡᠳ᠂  ᠡᠳᠦᠷ ᠤᠨ ᠤᠳᠠᠭᠠᠨ   ᠳᠠᠭᠠᠨ ᠮᠡᠷᠭᠡᠰᠢᠵᠦ ᠴᠠᠭᠠᠷᠠᠭᠰᠠᠨ ᠪᠠᠶᠢᠪᠠ᠃  ᠭᠠᠩᠰᠦ᠋ᠬᠡ ᠴᠢᠳᠦᠷ ᠮᠤᠰᠬᠢᠬᠤ   ᠳᠠᠭᠠᠨ ᠭᠠᠷᠮᠠᠭᠠᠢ  ᠪᠠᠶᠢᠵᠤ᠂ ᠤᠯᠠᠨ ᠵᠦᠢᠯ ᠤᠨ ᠮᠠᠲ᠋ᠧᠷᠢᠶᠠᠯ ᠢᠶᠠᠷ ᠴᠢᠳᠦᠷ ᠮᠤᠰᠬᠢᠵᠤ ᠴᠢᠳᠠᠳᠠᠭ ᠮᠦᠷᠳᠡᠭᠡᠨ ᠲᠡᠬᠦᠨ ᠤ ᠮᠤᠰᠬᠢᠭᠰᠠᠨ ᠴᠢᠳᠦᠷ ᠨᠢ  ᠲᠠᠮᠤᠯᠳᠠ ᠰᠠᠶᠢᠨ᠂ ᠡᠷᠴᠢᠮ ᠴᠢᠩᠭ᠎ᠠ᠂  ᠨᠢᠬᠳᠠ ᠪᠠᠬᠢᠯᠢᠭ᠌ ᠪᠤᠯᠳᠠᠭ᠃  ᠤᠳᠤ ᠮᠠᠯᠵᠢᠬᠤ ᠤᠷᠤᠨ ᠳᠤ ᠴᠢᠳᠦᠷ ᠮᠤᠰᠬᠢᠵᠤ ᠴᠢᠳᠠᠬᠤ ᠬᠦᠮᠦᠨ ᠴᠦᠬᠡᠨ ᠪᠤᠯᠤᠭᠰᠠᠨ ᠪᠠᠶᠢᠳᠠᠯ ᠳᠤ ᠴᠢᠭᠯᠡᠬᠦᠯᠵᠦ᠂  ᠭᠠᠩᠰᠦ᠋ᠬᠡ ᠦᠪᠡᠷ ᠤᠨ ᠰᠤᠷᠴᠤ ᠡᠵᠡᠮᠰᠢᠭᠰᠡᠨ ᠴᠢᠳᠦᠷ ᠮᠤᠰᠬᠢᠬᠤ ᠮᠡᠷᠭᠡᠵᠢᠯ ᠢᠶᠠᠨ ᠮᠠᠯᠴᠢᠨ ᠲᠡᠬᠦᠦᠨᠡᠷ   ᠲᠡᠭᠡᠨ  ᠵᠢᠭᠠᠵᠤ ᠰᠤᠷᠭᠠᠨ᠂  ᠡᠨᠡᠬᠦ ᠤᠯᠠᠮᠵᠢᠯᠠᠯᠳᠤ ᠦᠪ ᠰᠤᠶᠤᠯ  ᠢ ᠤᠯᠠᠮᠵᠢᠯᠠᠨ ᠵᠠᠯᠭᠠᠮᠵᠢᠯᠠᠭᠤᠯᠬᠤ ᠪᠠᠷ ᠴᠢᠷᠮᠠᠶᠢᠵᠤ ᠶᠠᠪᠤᠨ᠎ᠠ᠃  
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号