ᠤᠯᠠᠮᠵᠢᠯᠠᠯᠳᠤ ᠤᠷ᠎ᠠ ᠮᠡᠷᠭᠡᠵᠢᠯ — ᠮᠤᠷᠢᠨ ᠤ ᠡᠳ᠋ᠯᠡᠯ ᠵᠠᠰᠠᠯ
ᠨᠡᠶᠢᠲᠡᠯᠡᠭᠰᠡᠨ ᠴᠠᠭ᠄
2020/6/8
     ᠮᠤᠷᠢᠨ ᠤ ᠵᠠᠰᠠᠯ ᠪᠤᠯ ᠡᠷ᠎ᠡ ᠬᠦᠮᠦᠨ ᠤ ᠡᠷᠬᠢᠮ ᠵᠠᠰᠠᠯ ᠳᠤ ᠤᠷᠤᠳᠠᠭ᠃ ᠡᠮᠡᠬᠡᠯ ᠬᠠᠵᠠᠭᠠᠷ ᠢ ᠴᠢᠳᠠᠬᠤ ᠶᠢᠨ ᠬᠢᠷᠢ ᠪᠠᠷ ᠭᠤᠶᠤᠵᠤ ᠵᠠᠰᠠᠨ᠎ᠠ᠃      ᠲᠠᠶᠢᠹᠤᠰᠧ ᠨᠤᠳᠤᠭ ᠲᠤ ᠬᠡᠪᠢᠰᠦᠨ ᠬᠦᠯᠢᠮ ᠢ ᠲᠤᠬᠤᠮ ᠬᠡᠵᠦ᠂  ᠲᠤᠬᠤᠮ ᠢ ᠰᠢᠷᠳᠡᠭ ᠬᠡᠵᠦ ᠨᠡᠷᠡᠯᠡᠨ᠎ᠡ᠃ ᠵᠤᠨ ᠤ ᠴᠠᠭ ᠲᠤ ᠨᠤᠭᠤᠭᠠᠨ ᠬᠦᠪᠡᠭᠡ ᠲᠠᠷᠤᠭᠰᠠᠨ ᠪᠤᠯᠢᠭᠠᠷᠢ ᠬᠦᠯᠢᠮ  ᠂ ᠡᠪᠦᠯ ᠤᠨ ᠴᠠᠭ ᠲᠤ ᠬᠡᠪᠢᠰᠦᠨ ᠬᠦᠯᠢᠮ ᠭᠡᠷᠡᠭᠯᠡᠳᠡᠭ᠃ ᠰᠢᠷᠳᠡᠭ ᠤᠨ ᠠᠷᠤ ᠦᠪᠦᠷ ᠬᠦᠪᠡᠭᠡ ᠶᠢ ᠤᠯᠠᠭᠠᠨ ᠪᠦᠰ ᠢᠶᠠᠷ ᠡᠮᠵᠢᠨ᠎ᠡ᠃   ᠵᠢᠷᠭᠤᠭ᠎ᠠ ᠪᠤᠶᠤ ᠨᠠᠢᠮᠠ ᠪᠠᠷ ᠤᠶᠤᠵᠤ ᠬᠦᠷᠦᠭᠰᠡᠨ ᠤᠯᠤᠩ ᠵᠢᠷᠢᠮ ᠬᠢᠵᠦ᠂ ᠤᠯᠤᠩ ᠤᠨ ᠦᠵᠦᠬᠦᠷ ᠲᠤ ᠤᠯᠠᠭᠠᠨ ᠵᠠᠯᠠᠭ᠎ᠠ ᠵᠠᠩᠬᠢᠳᠤᠨ᠎ᠠ᠃ ᠠᠷᠪᠠᠨ ᠵᠢᠷᠭᠤᠭ᠎ᠠ ᠪᠤᠶᠤ ᠬᠤᠷᠢᠨ ᠲᠦᠷᠪᠡᠨ ᠭᠠᠨᠵᠤᠭ᠎ᠠ ᠲᠠᠢ᠃ ᠯᠤᠤ ᠶᠢᠨ ᠲᠤᠯᠤᠭᠠᠢ ᠲᠠᠢ ᠭᠠᠩ ᠲᠦᠷᠦᠬᠡ ᠪᠤᠶᠤ ᠭᠠᠤᠯᠢᠨ ᠲᠦᠷᠦᠬᠡ ᠤᠯᠠᠨ ᠭᠡᠷᠡᠭᠯᠡᠳᠡᠭ᠃       ᠬᠠᠵᠠᠭᠠᠷ ᠲᠤ ᠬᠤᠤᠰ ᠬᠠᠵᠠᠭᠠᠷ ᠪᠠ ᠲᠠᠩ ᠬᠠᠵᠠᠭᠠᠷ ᠬᠡᠵᠦ ᠪᠤᠢ᠃ ᠲᠠᠪᠬᠤᠷ ᠰᠤᠷ ᠢᠶᠠᠷ ᠵᠠᠩᠬᠢᠳᠤᠭᠰᠠᠨ  ᠢ ᠬᠤᠤᠰ ᠬᠠᠵᠠᠭᠠᠷ ᠭᠡᠵᠦ᠂ ᠬᠠᠵᠠᠭᠠᠷ ᠤᠨ ᠲᠠᠷᠢᠬᠢ᠂ ᠬᠠᠮᠠᠷ᠂ ᠵᠤᠤᠵᠠᠢ ᠳᠤ ᠲᠤᠮᠤ ᠰᠢᠭ ᠮᠦᠩᠬᠦᠨ ᠲᠤᠪᠤᠷᠤᠤ ᠲᠠᠭᠠᠷᠠᠭᠤᠯᠵᠤ ᠮᠦᠩᠬᠦᠨ ᠤᠳᠠᠰᠤ ᠪᠠᠷ ᠪᠦᠬᠡᠵᠢᠯᠡᠭᠰᠡᠨ ᠬᠠᠵᠠᠭᠠᠷ ᠢ ᠮᠦᠩᠬᠦᠨ ᠬᠠᠵᠠᠭᠠᠷ ᠭᠡᠨ᠎ᠡ᠃ ᠵᠠᠷᠢᠮ ᠨᠢ ᠮᠠᠩᠨᠠᠶᠢᠪᠴᠢ ᠳᠤ ᠮᠦᠩᠬᠦᠨ ᠲᠤᠯᠢ ᠬᠠᠳᠠᠵᠤ᠂ ᠭᠠᠤᠯᠢᠨ ᠴᠠᠭᠠᠷᠢᠭ ᠲᠠᠢ ᠵᠡᠰ ᠠᠮᠠᠭᠠᠢ ᠲᠠᠭᠠᠷᠠᠭᠤᠯᠤᠭᠰᠠᠨ ᠪᠠᠶᠢᠳᠠᠭ᠃  ᠬᠠᠵᠠᠭᠠᠷ ᠰᠤᠷᠯᠠᠬᠤ ᠳᠤ ᠤᠷᠢᠳᠠᠪᠠᠷ ᠠᠮᠠᠭᠠᠢ ᠶᠢᠨ ᠴᠠᠭᠠᠷᠢᠭ ᠠᠴᠠ ᠡᠬᠢᠯᠡᠨ᠎ᠡ᠃  ᠵᠦᠰᠦᠮ ᠤᠷᠳᠤ ᠬᠤᠶᠠᠷ ᠰᠠᠶᠢᠨ ᠰᠤᠷ ᠤᠷᠤᠳᠠᠭ᠃ ᠲᠠᠪᠤᠨ ᠨᠢᠳᠦᠨ ᠤ ᠮᠦᠩᠬᠦᠨ ᠬᠠᠵᠠᠭᠠᠷ ᠲᠤ ᠬᠤᠶᠠᠷ ᠬᠤᠯᠤ᠂ ᠨᠠᠢᠮᠠᠨ ᠲᠤᠪᠤᠷᠤᠤ᠂ ᠨᠡᠯᠢᠶᠡᠳ ᠭᠠᠷᠠᠬ᠎ᠠ ᠤᠷᠤᠵᠤ᠂ ᠬᠤᠶᠠᠷ ᠯᠠᠩ ᠬᠠᠭᠠᠰ ᠬᠢᠷᠢᠳᠡᠢ ᠮᠦᠩᠬᠦ ᠭᠡᠷᠡᠭᠯᠡᠨ᠎ᠡ᠃ ᠲᠤᠯᠤᠭᠠᠨ ᠨᠢᠳᠦᠨ ᠤ ᠮᠦᠩᠬᠦᠨ ᠬᠠᠵᠠᠭᠠᠷ ᠪᠤᠯ ᠬᠤᠶᠠᠷ ᠬᠤᠯᠤ᠂ ᠶᠢᠰᠦᠨ ᠲᠤᠪᠤᠷᠤᠤ᠂ ᠭᠠᠷᠠᠬ᠎ᠠ ᠲᠠᠢ ᠪᠠᠨ ᠭᠤᠷᠪᠠᠨ ᠯᠠᠩ ᠮᠦᠩᠬᠦ ᠤᠷᠤᠨ᠎ᠠ᠃  ᠴᠤᠯ ᠮᠦᠩᠬᠦᠨ ᠬᠠᠵᠠᠭᠠᠷ ᠪᠤᠯ ᠬᠤᠶᠠᠷ ᠬᠤᠯᠤ᠂ ᠶᠢᠰᠦᠨ ᠲᠤᠪᠤᠷᠤᠤ᠂ ᠭᠠᠷᠠᠬ᠎ᠠ ᠲᠠᠢ ᠪᠠᠨ ᠲᠤᠯᠤᠭᠠᠨ ᠯᠠᠩ ᠮᠦᠩᠬᠦ  ᠭᠡᠷᠡᠭᠯᠡᠨ᠎ᠡ᠃      ᠮᠤᠷᠢᠨ ᠤ ᠵᠠᠰᠠᠯ ᠳᠤ ᠪᠠᠰᠠ ᠮᠤᠨᠴᠤᠭ᠂ ᠬᠦᠮᠦᠯᠳᠦᠷᠭᠡ᠂ ᠬᠤᠳᠠᠷᠭ᠎ᠠ ᠬᠡᠵᠦ ᠪᠠᠶᠢᠳᠠᠭ᠃  ᠮᠤᠨᠴᠤᠭ ᠭᠡᠳᠡᠭ ᠪᠤᠯ ᠤᠷᠠᠯᠠᠵᠤ ᠬᠢᠭᠰᠡᠨ ᠬᠤᠮᠬᠠᠭ ᠤᠨ ᠲᠤᠤᠷ᠎ᠠ ᠤᠯᠠᠭᠠᠨ ᠵᠠᠯᠠᠭ᠎ᠠ ᠲᠠᠭᠠᠷᠠᠭᠤᠯᠤᠭᠰᠠᠨ ᠡᠳ᠋ᠯᠡᠯ ᠪᠠᠶᠢᠵᠤ᠂ ᠬᠦᠮᠦᠯᠳᠦᠷᠭᠡ ᠭᠡᠳᠡᠭ ᠪᠤᠯ ᠰᠤᠷ ᠢᠶᠠᠷ ᠭᠤᠤᠯ ᠬᠢᠵᠦ᠂ ᠤᠯᠠᠭᠠᠨ ᠴᠠᠮᠪᠠ ᠪᠠᠷ ᠭᠡ  ᠭᠠᠷᠭᠠᠵᠤ ᠭᠠᠳᠠᠷᠯᠠᠭᠰᠠᠨ᠂ ᠮᠤᠨᠴᠤᠭ ᠢ ᠵᠡᠬᠦᠵᠦ ᠮᠤᠷᠢᠨ ᠤ ᠴᠡᠭᠡᠵᠢ ᠪᠠᠷ  ᠲᠠᠳᠠᠨ᠂ ᠡᠮᠡᠬᠡᠯ ᠤᠨ ᠡᠮᠦᠨ᠎ᠡ ᠬᠤᠶᠠᠷ ᠬᠠᠪᠳᠠᠰᠤ ᠠᠴᠠ ᠵᠡᠬᠦᠳᠡᠭ ᠭᠡᠷᠡᠭᠰᠡᠯ ᠪᠤᠯᠤᠨ᠎ᠠ᠃ ᠮᠤᠨᠴᠤᠭ ᠲᠤ ᠬᠤᠶᠠᠷ ᠵᠦᠢᠯ ᠪᠠᠶᠢᠳᠠᠭ᠂ ᠨᠢᠬᠡ ᠶᠢ ᠨᠢ ᠮᠤᠷᠢᠨ ᠤ ᠡᠷᠡᠦ ᠲᠤᠤᠷ᠎ᠠ ᠵᠡᠬᠦᠵᠦ᠂ ᠨᠦᠬᠦᠬᠡ ᠲᠤᠮᠤ ᠰᠢᠭ᠋ ᠢ ᠨᠢ ᠬᠦᠮᠦᠯᠳᠦᠷᠭᠡ ᠶᠢᠨ ᠭᠤᠤᠯ ᠠᠴᠠ ᠤᠮᠤᠷᠤᠤ ᠲᠤᠰᠢᠶ᠎ᠠ ᠵᠡᠬᠦᠨ᠎ᠡ᠃   ᠤᠷᠢᠳᠤ ᠴᠠᠭ  ᠲᠤ ᠮᠤᠨᠴᠤᠭ ᠬᠦᠮᠦᠯᠳᠦᠷᠭᠡ ᠶᠢ ᠬᠤᠰᠠᠢ ᠠᠴᠠ ᠲᠡᠭᠡᠭᠰᠢ ᠨᠤᠶᠠᠳ᠂ ᠶᠡᠬᠡᠰ ᠯᠠᠮᠠ ᠨᠠᠷ ᠭᠡᠷᠡᠭᠯᠡᠬᠦ ᠠᠴᠠ ᠪᠢᠰᠢ᠂ ᠡᠩ  ᠤᠨ ᠠᠷᠠᠳ ᠭᠡᠷᠡᠭᠯᠡᠳᠡᠭ ᠦᠬᠡᠢ᠃ ᠬᠤᠳᠠᠷᠭ᠎ᠠ ᠶᠢ ᠪᠤᠯ ᠡᠷᠬᠢᠮ ᠲᠤᠤᠷᠠᠳᠤ ᠶᠢᠨ ᠢᠯᠭᠠᠭ᠎ᠠ ᠦᠬᠡᠢ ᠭᠡᠷᠡᠭᠯᠡᠨ᠎ᠡ᠃  ᠬᠤᠳᠠᠷᠭ᠎ᠠ ᠭᠡᠳᠡᠭ ᠨᠢ ᠮᠤᠷᠢᠨ ᠤ ᠰᠡᠬᠦᠯ ᠲᠤᠤᠭᠤᠷ ᠤᠷᠤᠭᠤᠯᠵᠤ᠂ ᠡᠮᠡᠬᠡᠯ ᠤᠨ ᠬᠤᠶᠢᠳᠤ ᠬᠠᠪᠳᠠᠰᠤ ᠠᠴᠠ ᠵᠡᠬᠦᠳᠡᠭ ᠰᠤᠷ ᠭᠡᠷᠡᠭᠰᠡᠯ᠃ ᠬᠠᠪᠳᠠᠭᠠᠢ ᠰᠤᠷ ᠢ ᠮᠦᠩᠬᠦᠨ ᠤᠳᠠᠰᠤ ᠪᠠᠷ ᠪᠦᠬᠡᠵᠢᠯᠡᠵᠦ᠂  ᠲᠤᠮᠳᠠ ᠨᠢ ᠲᠤᠮᠤᠬᠠᠨ ᠭᠡᠭᠴᠢ ᠮᠦᠩᠬᠦᠨ ᠲᠤᠪᠤᠷᠤᠤ ᠲᠠᠭᠠᠷᠠᠭᠤᠯᠤᠭᠰᠠᠨ ᠢ ᠮᠦᠩᠬᠦᠨ ᠬᠤᠳᠠᠷᠭ᠎ᠠ ᠭᠡᠨ᠎ᠡ᠃ ᠵᠡᠰ ᠢᠶᠠᠷ ᠦᠩᠬᠡᠯᠡᠭᠰᠡᠨ ᠴᠤ ᠪᠤᠢ᠃ ᠮᠤᠷᠢᠨ ᠤ ᠰᠡᠬᠦᠯ ᠲᠤᠤᠷ᠎ᠠ ᠤᠷᠤᠬᠤ ᠭᠡᠰᠡᠭ ᠢ ᠴᠠᠮᠪᠠ ᠪᠠᠷ ᠤᠷᠢᠶᠠᠵᠤ ᠭᠠᠳᠠᠷᠯᠠᠳᠠᠭ᠃     ᠲᠠᠶᠢᠹᠤᠰᠧ ᠮᠤᠩᠭᠤᠯᠴᠤᠳ ᠲᠡᠩᠰᠡᠨ ᠲᠠᠰᠢᠭᠤᠷ  ︵ᠲᠠᠶᠢᠹᠤᠰᠧ ᠳᠤ ᠪᠠᠰᠠ ᠬᠤᠤᠮᠠᠨ ᠲᠠᠰᠢᠭᠤᠷ ᠭᠡᠳᠡᠭ︶ ᠢ ᠠᠷᠪᠢᠨ ᠭᠡᠷᠡᠭᠯᠡᠳᠡᠭ᠃ ᠨᠠᠷᠢᠨ ᠲᠡᠩᠰᠡᠨ ᠤ ᠲᠤᠤᠷᠠᠳᠤ ᠦᠵᠦᠬᠦᠷ ᠢ ᠨᠠᠷᠢᠨ ᠰᠤᠷ ᠢᠶᠠᠷ ᠤᠷᠢᠶᠠᠵᠤ᠂ ᠪᠠᠷᠢᠭᠤᠯ  ᠳᠤᠨᠢ ᠰᠤᠷ ᠰᠡᠭᠡᠯᠳᠦᠷᠭᠡ ᠬᠢᠨ᠎ᠡ᠃ ᠴᠤᠯᠤ ᠰᠤᠷ ᠢᠶᠠᠷ ᠬᠢᠭᠰᠡᠨ ᠪᠠᠷᠢᠭᠤᠯ ᠨᠢ ᠪᠦᠳᠦᠭᠦᠪᠳᠦᠷ᠂ ᠦᠵᠦᠬᠦᠷ ᠲᠡᠰᠢ  ᠪᠠᠨ ᠨᠠᠷᠢᠨ ᠬᠦᠷᠦᠮᠡᠯ ᠲᠠᠰᠢᠭᠤᠷ ᠢ ᠮᠤᠭᠠᠢ ᠲᠠᠰᠢᠭᠤᠷ ᠭᠡᠳᠡᠭ᠃ ᠪᠠᠷᠢᠭᠤᠯ ᠳᠤᠨᠢ ᠬᠤᠶᠠᠷ ᠰᠤᠷ ᠢ ᠰᠦᠯᠵᠢᠨ ᠪᠦᠬᠡᠵᠢᠯᠡᠵᠦ ᠰᠡᠭᠡᠯᠳᠦᠷᠭᠡ ᠭᠠᠷᠭᠠᠭᠠᠳ᠂ ᠲᠤᠤᠷᠠᠳᠤ ᠦᠵᠦᠬᠦᠷ ᠢ ᠨᠢ ᠮᠦᠨ ᠰᠤᠷ ᠢᠶᠠᠷ ᠪᠦᠬᠡᠵᠢᠯᠡᠭᠰᠡᠨ ᠪᠠᠶᠢᠳᠠᠭ᠃ ᠪᠠᠰᠠ ᠡᠩ ᠤᠨ ᠪᠤᠭᠤᠨᠢ ᠲᠠᠰᠢᠭᠤᠷ ᠪᠤᠢ᠃ ᠡᠨᠡ  ᠪᠤᠯ ᠲᠦᠭᠡ ᠢᠯᠡᠬᠦᠦ ᠰᠤᠮᠤ ᠮᠤᠳᠤ ᠪᠤᠶᠤ ᠰᠤᠬᠠᠢ ᠮᠤᠳᠤᠨ  ᠳᠤ ᠬᠦᠷᠦᠮᠡᠯ ᠰᠤᠷ ᠢ ᠰᠦᠯᠵᠢᠶ᠎ᠡ ᠵᠠᠩᠬᠢᠳᠴᠤ ᠪᠠᠬᠢᠯᠡᠭᠰᠡᠨ᠂ ᠪᠠᠷᠢᠭᠤᠯ ᠳᠠᠭᠠᠨ ᠰᠡᠭᠡᠯᠳᠦᠷᠭᠡ ᠲᠠᠢ ᠲᠠᠰᠢᠭᠤᠷ ᠪᠤᠯᠤᠨ᠎ᠠ᠃ ᠶᠡᠷᠦ ᠶᠢᠨ ᠦᠶ᠎ᠡ ᠳᠤ ᠡᠶᠢᠮᠦ ᠲᠠᠰᠢᠭᠤᠷ ᠭᠡᠷᠡᠭᠯᠡᠬᠦ ᠪᠦᠬᠡᠳ ᠠᠳᠤᠭᠤᠴᠢᠨ ᠬᠦᠮᠦᠨ ᠢᠯᠡᠬᠦᠦ ᠬᠡᠷᠡᠭᠯᠡᠨ᠎ᠡ    ᠠᠳᠤᠭᠤᠴᠢᠨ ᠬᠦᠮᠦᠨ ᠪᠠᠰᠠ ᠤᠷᠭ᠎ᠠ ᠪᠠᠨ ᠭᠤᠶᠤᠬᠤ ᠲᠤᠷᠠᠳᠠᠢ ᠪᠠᠶᠢᠳᠠᠭ᠃  ᠭᠤᠷᠪᠠᠨ ᠠᠯᠳᠠ ᠤᠷᠴᠢᠮ ᠰᠤᠭᠳᠠ ᠪᠤᠷᠭᠠᠰᠤ ᠪᠤᠶᠤ ᠨᠠᠷᠢᠨ ᠬᠤᠰᠤ ᠮᠤᠳᠤ ᠶᠢ ᠵᠠᠰᠠᠵᠤ᠂ ᠰᠢᠯᠤᠭᠤᠨ ᠰᠠᠶᠢᠬᠠᠨ ᠤᠷᠭ᠎ᠠ ᠬᠢᠬᠦ ᠶᠢ ᠡᠷᠬᠢᠮᠯᠡᠨ᠎ᠡ᠃ ᠤᠷᠭᠠᠨ ᠤ  ᠡᠰᠢ ᠳᠤ ᠬᠤᠨᠤᠭᠤᠷ ᠭᠠᠷᠭᠠᠨ᠂ ᠪᠤᠷᠭᠠᠰᠤ ᠪᠤᠶᠤ ᠰᠤᠬᠠᠢ ᠴᠡᠭᠡᠵᠢ ᠵᠠᠯᠭᠠᠵᠤ᠂ ᠰᠤᠷ ᠢᠶᠠᠷ ᠤᠷᠢᠶᠠᠨ ᠬᠤᠶᠢᠪᠢ ᠪᠠᠨ ᠤᠶᠠᠳᠠᠭ᠃ ᠬᠤᠶᠢᠪᠢ ᠶᠢ ᠵᠦᠬᠡᠯᠡᠨ ᠨᠠᠷᠢᠨ ᠰᠤᠷ ᠢᠶᠠᠷ ᠮᠤᠰᠬᠢᠵᠤ ᠬᠢᠬᠦ ᠪᠦᠬᠡᠳ ᠬᠦᠩᠰᠢᠶᠠᠩ ᠬᠤᠶᠢᠪᠢ ᠬᠡᠮᠡᠬᠦ ᠰᠢᠷᠪᠤᠰᠤᠨ ᠬᠤᠶᠢᠪᠢ ᠶᠢ ᠶᠡᠭᠡ ᠯᠡ ᠨᠠᠨᠳᠢᠩᠨᠠᠨ᠎ᠠ᠃ ᠤᠷᠭ᠎ᠠ ᠶᠢ ᠡᠰᠢ ᠴᠡᠭᠡᠵᠢ ᠬᠤᠶᠢᠪᠢ ᠰᠠᠶᠢᠬᠠᠨ ᠲᠡᠩᠴᠡᠪᠡᠯ ᠤᠷᠭ᠎ᠠ ᠴᠠᠴᠠᠨ ᠪᠤᠯᠳᠠᠭ᠃ ᠰᠠᠶᠢᠨ ᠤᠷᠭ᠎ᠠ ᠪᠠᠷᠢᠭᠰᠠᠨ ᠠᠳᠤᠭᠤᠴᠢᠨ ᠤ ᠰᠡᠳᠬᠢᠯ ᠴᠤ ᠲᠡᠨᠢᠬᠦᠨ ᠪᠤᠯᠳᠠᠭ ᠬᠡᠳᠡᠭ᠃     ᠮᠤᠷᠢᠨ ᠤ ᠬᠦᠯᠦᠰᠦᠨ ᠤ ᠬᠤᠰᠤᠭᠤᠷ ᠴᠤ ᠤᠯᠠᠨ ᠵᠦᠢᠯ ᠪᠠᠶᠢᠳᠠᠭ᠃  ᠲᠡᠬᠦᠨ ᠢ ᠨᠠᠷᠢᠨ ᠨᠢᠮᠬᠡᠨ ᠬᠢᠷᠦᠬᠡᠨ ᠢᠷ ᠲᠠᠢ ᠲᠡᠮᠦᠷ ᠢᠶᠠᠷ ᠬᠢᠬᠦ᠂ ᠵᠤᠵᠠᠭᠠᠨ ᠬᠤᠯᠤᠰᠤ᠂ ᠲᠡᠮᠡᠬᠡᠨ ᠤ ᠰᠢᠯᠪᠢ ᠴᠢᠮᠦᠬᠡ ᠰᠦᠪᠡᠭᠡ ᠬᠠᠪᠢᠰᠤ ᠪᠠᠷ ᠬᠢᠬᠦ ᠴᠤ ᠪᠤᠢ᠃ ᠬᠤᠰᠤᠭᠤᠷ ᠤᠨ ᠤᠷᠳᠤ ᠨᠢ ᠨᠢᠬᠡ ᠲᠤᠬᠤᠢ ᠭᠤᠷᠪᠠᠨ ᠢᠮᠠᠬᠤ᠂ ᠦᠷᠭᠡᠨ ᠨᠢ ᠢᠮᠠᠬᠤ ᠬᠢᠷᠢᠳᠡᠢ᠂ ᠵᠢᠷᠤᠭ ᠰᠡᠶᠢᠯᠦᠮᠡᠯ ᠨᠢ ᠤᠯᠠᠨ ᠶᠠᠩᠵᠤ ᠶᠢᠨ ᠪᠠᠶᠢᠳᠠᠭ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号