ᠤᠯᠠᠮᠵᠢᠯᠠᠯᠳᠤ ᠤᠯᠠᠭᠠᠨ ᠢᠳᠡᠭᠡᠨ
ᠨᠡᠶᠢᠲᠡᠯᠡᠭᠰᠡᠨ ᠴᠠᠭ᠄
2020/3/27
   ᠮᠤᠩᠭᠤᠯᠴᠤᠳ ᠠᠮᠢᠳᠠᠨ ᠮᠠᠯ ᠤᠨ ᠮᠢᠬ᠎ᠠ ᠶᠢ ᠤᠯᠠᠭᠠᠨ ᠢᠳᠡᠭᠡ ᠭᠡᠳᠡᠭ᠃ ᠡᠨᠡ ᠨᠡᠷᠡᠶᠢᠳᠦᠯ ᠴᠢᠰᠤᠨ ᠤ ᠤᠯᠠᠭᠠᠨ ᠦᠩᠬᠡ ᠠᠴᠠ ᠢᠷᠡᠯ ᠲᠠᠢ  ᠪᠠᠶᠢᠬ᠎ᠠ᠃ ᠮᠤᠩᠭᠤᠯᠴᠤᠳ ᠡᠷᠳᠡ ᠤᠷᠢᠳᠤ ᠳᠠᠭᠠᠨ ᠭᠡᠭᠡᠷ᠎ᠡ ᠶᠢᠨ ᠵᠡᠷᠯᠢᠭ ᠠᠮᠢᠳᠠᠨ ᠢ ᠠᠩᠨᠠᠵᠤ ᠮᠢᠬᠠᠨ ᠤ ᠢᠷᠡᠯᠳᠡ ᠪᠠᠨ ᠪᠤᠯᠭᠠᠵᠤ ᠪᠠᠶᠢᠭᠰᠠᠨ ᠢᠶᠠᠨ ᠰᠡᠬᠦᠯᠡᠷ ᠨᠢ ᠮᠠᠯ ᠮᠠᠯᠵᠢᠯ ᠪᠤᠢ ᠪᠤᠯᠤᠭᠰᠠᠨ ᠠᠴᠠ ᠲᠠᠪᠤᠨ ᠬᠤᠰᠢᠭᠤ ᠮᠠᠯ ᠤᠨ ᠢᠶᠠᠨ ᠠᠰᠢᠭ ᠰᠢᠮ᠎ᠡ ᠪᠠᠷ ᠠᠮᠢᠳᠤᠷᠠᠯ ᠤᠨ ᠭᠤᠤᠯ ᠢᠷᠡᠯᠳᠡ ᠪᠠᠨ ᠪᠤᠯᠭᠠᠵᠤ ᠢᠷᠡᠭᠰᠡᠨ ᠪᠠᠶᠢᠨ᠎ᠠ᠃      ᠮᠤᠩᠭᠤᠯ ᠬᠦᠮᠦᠨ ᠶᠡᠷᠦᠳᠡᠭᠡᠨ ᠠᠮᠠᠨ ᠤ ᠪᠡᠯᠬᠡ ᠶᠢ ᠶᠡᠬᠡᠳᠡ ᠡᠷᠬᠢᠮᠯᠡᠵᠦ᠂ ᠮᠠᠯ ᠨᠢᠳᠤᠯᠬᠤ ᠳᠠᠭᠠᠨ ︽ᠠᠯᠠᠬᠤ ︾ ᠭᠡᠰᠡᠨ ᠦᠬᠡ ᠶᠢ  ᠴᠡᠭᠡᠷᠯᠡᠨ᠂  ︽ᠮᠠᠯ ᠵᠠᠷᠤᠬᠤ︾᠂ ︽ᠱᠦᠯᠦ ᠤᠤᠭᠤᠬᠤ︾᠂ ︽ᠢᠳᠡᠰᠢ ᠢᠳᠡᠬᠦ︾ ᠬᠡᠬᠦ ᠮᠡᠳᠦ ᠪᠠᠷ ᠬᠡᠯᠡᠳᠡᠭ᠃  ᠵᠤᠨ ᠨᠠᠮᠤᠷ ᠲᠠᠭᠠᠨ ᠮᠠᠯ ᠲᠠᠷᠭᠤ ᠲᠠᠢ ᠦᠶᠡᠰ ᠬᠤᠨᠢᠨ ᠤ ᠱᠦᠯᠦ ᠤᠤᠭᠤᠨ᠎ᠠ᠃ ᠡᠪᠦᠯ  ᠤᠨ ᠢᠳᠡᠰᠢᠨ ᠤ ᠮᠠᠯ ᠢ ᠪᠤᠯ ᠲᠡᠵᠢᠬᠡᠵᠦ ᠪᠤᠷᠳᠤᠵᠤ ᠪᠠᠶᠢᠭᠠᠳ ᠵᠠᠷᠤᠳᠠᠭ᠃  ᠲᠠᠶᠢᠹᠤᠰᠧ   ᠳᠤ ᠠᠳᠤᠭᠤᠨ ᠤ ᠮᠢᠬ᠎ᠠ  ᠶᠢ ᠪᠤᠯ ᠤᠷᠢᠳᠤ ᠠᠴᠠ ᠪᠠᠨ ᠢᠳᠡᠳᠡᠭ ᠦᠬᠡᠢ ᠵᠠᠩᠰᠢᠯ ᠲᠠᠢ  ᠃ ᠲᠡᠮᠡᠭᠡ᠂ ᠢᠮᠠᠭ᠎ᠠ ᠵᠠᠷᠤᠬᠤ ᠨᠢ ᠴᠤ ᠲᠤᠩ ᠴᠦᠬᠡᠨ᠃  ᠬᠤᠨᠢ ᠵᠠᠷᠤᠬᠤ ᠳᠤ ᠵᠠᠪᠠᠯ ᠦᠷᠦᠴᠡᠯᠡᠵᠦ ᠭᠤᠤᠯ ᠢ ᠨᠢ ᠲᠠᠰᠤᠯᠳᠠᠭ᠂  ᠬᠠᠷᠢᠨ ᠬᠤᠭᠤᠯᠠᠢ ᠶᠢ ᠨᠢ ᠤᠭᠳᠤᠯᠵᠤ ᠴᠢᠰᠤ ᠨᠦᠵᠢ ᠶᠢ ᠨᠢ ᠭᠤᠭᠤᠵᠢᠭᠤᠯᠬᠤ ᠦᠬᠡᠢ᠃  ᠦᠬᠡᠷ ᠢ ᠪᠤᠯ ᠰᠢᠯᠢᠯᠡᠵᠦ ᠵᠠᠷᠤᠨ᠎ᠠ᠃ ᠡᠷᠡᠭᠳᠡᠶᠢᠴᠤᠳ ᠮᠦᠴᠢᠯᠡᠵᠦ ᠰᠠᠯᠭᠠᠬᠤ ᠠᠵᠢᠯ ᠢ ᠬᠢᠵᠦ᠂ ᠡᠮᠡᠭᠳᠡᠶᠢᠴᠤᠳ ᠭᠡᠳᠡᠰᠦ ᠲᠤᠳᠤᠷ ᠠᠷᠢᠯᠭᠠᠬᠤ ᠠᠵᠢᠯ ᠢ ᠬᠦᠢᠴᠡᠳᠭᠡᠨ᠎ᠡ᠃           ᠲᠠᠶᠢᠹᠤᠰᠧ ᠳᠤ ᠭᠡᠳᠡᠰᠦ ᠲᠤᠳᠤᠷ ᠠᠷᠢᠯᠭᠠᠬᠤ ᠶᠢ ︽ᠭᠡᠳᠡᠰᠦ ᠠᠷᠴᠢᠬᠤ︾ ᠬᠡᠵᠦ ᠬᠡᠯᠡᠳᠡᠭ᠂  ᠲᠤᠬᠠᠶᠢᠯᠠᠪᠠᠯ ᠦᠬᠡᠷ ᠬᠤᠨᠢᠨ ᠤ ᠬᠡᠳᠡᠰᠦ ᠶᠢ ᠲᠠᠪᠤᠰᠤ᠂ ᠬᠤᠵᠢᠷ ᠪᠤᠶᠤ ᠼᠤᠤ ᠲᠠᠢ ᠤᠰᠤ ᠪᠠᠷ ᠲᠠᠬᠢᠨ ᠲᠠᠪᠳᠠᠨ ᠤᠬᠢᠶᠠᠵᠤ ᠵᠠᠶᠢᠯᠠᠭᠠᠳ᠂ ᠪᠠᠰᠠ ᠭᠡᠰᠡᠭᠯᠡᠭᠰᠡᠨ ᠠᠭᠤᠰᠬᠢ ᠬᠢᠵᠦ ᠲᠠᠭᠤᠵᠤ ᠴᠡᠪᠡᠷᠯᠡᠳᠡᠭ  ᠃  ᠴᠢᠰᠤᠨ ᠳᠠᠭᠠᠨ ᠲᠠᠪᠤᠰᠤ᠂ ᠰᠤᠩᠬᠢᠨ᠎ᠠ᠂ ᠰᠠᠷᠢᠮᠰᠠᠭ᠂ ᠰᠤᠷᠢᠰᠤ  ᠮᠡᠳᠦ ᠶᠢᠨ ᠠᠮᠳᠠᠯᠢᠭ ᠶᠠᠭᠤᠮ᠎ᠠ ᠬᠢᠵᠦ  ᠨᠠᠶᠢᠷᠠᠭᠤᠯᠤᠭᠠᠳ ᠭᠡᠳᠡᠰᠦᠨ ᠳᠤᠨᠢ  ᠴᠢᠳᠬᠤᠨ᠎ᠠ᠃ ᠬᠤᠳᠤᠭᠤᠳᠤ ᠶᠢ ᠲᠦᠬᠦᠷᠡᠩ ᠴᠢᠳᠬᠤᠳᠠᠭ ᠨᠢ ᠮᠠᠯ ᠰᠦᠷᠦᠭ ᠲᠠᠷᠭᠤᠨ ᠴᠠᠳᠬᠤᠯᠠᠩ ᠪᠠᠶᠢᠬᠤ ᠶᠢ ᠪᠡᠯᠭᠡᠳᠡᠨ ᠵᠦᠩᠨᠡᠭᠰᠡᠨ ᠰᠠᠨᠠᠭ᠎ᠠ ᠲᠠᠢ᠃ ᠬᠤᠳᠤᠭᠤᠳᠤ ᠶᠢᠨ ᠠᠮᠠᠰᠠᠷ ᠢ  ᠰᠦᠯᠪᠡᠭᠡᠷᠢ ᠪᠠᠷ ᠱᠤᠷᠤᠯᠠᠵᠤ᠂  ᠰᠡᠮᠡᠵᠡ ᠲᠠᠯᠪᠢᠵᠤ ᠨᠠᠷᠢᠨ ᠬᠡᠳᠡᠰᠦ ︵ᠦᠯᠦᠨ ᠬᠡᠳᠡᠰᠦ︶ ᠪᠠᠷ ᠨᠢ ᠪᠤᠭᠤᠳᠠᠭ᠃  ᠬᠤᠳᠤᠭᠤᠳᠤ  ᠶᠢᠨ ᠠᠮᠠᠰᠠᠷ ᠢ ᠪᠦᠬᠦᠳᠡ ᠶᠢ ᠱᠤᠯᠤᠵᠤ ᠢᠳᠡᠬᠦ ᠶᠢ ᠴᠡᠭᠡᠷᠯᠡᠨ᠂ ᠪᠠᠭ᠎ᠠ ᠭᠡᠰᠡᠭ ᠦᠯᠡᠳᠡᠭᠡᠵᠦ ᠱᠤᠷᠤ ᠶᠢ ᠨᠢ ᠭᠠᠯ  ᠳᠠᠭᠠᠨ ᠡᠷᠬᠦᠳᠡᠭ᠃ ᠭᠤᠰ ᠭᠡᠳᠡᠭ ᠨᠢ ᠮᠠᠯ ᠤᠨ ᠪᠦᠳᠦᠬᠦᠨ ᠬᠡᠳᠡᠰᠦ ᠶᠢ ᠬᠡᠯᠡᠨ᠎ᠡ᠃ ᠭᠤᠰ ᠢᠶᠠᠨ ᠰᠠᠶᠢᠨ ᠤᠬᠢᠶᠠᠵᠤ ᠴᠡᠪᠡᠷᠯᠡᠭᠰᠡᠨ ᠤ ᠲᠠᠷᠠᠭ᠎ᠠ ᠡᠯᠢᠬᠡᠨ ᠴᠤᠷᠤᠢ᠂ ᠴᠤᠬᠤᠷ ᠰᠠᠷᠬᠢᠨᠠᠭ ︵ᠬᠤᠸᠠᠷ ᠲᠠᠢ ᠬᠦᠵᠡᠭᠡ ᠬᠡᠵᠦ ᠪᠠᠰᠠ ᠬᠡᠯᠡᠳᠡᠭ︶᠂ ᠲᠤᠳᠤᠷ ᠬᠡᠳᠡᠰᠦ ︵ᠨᠠᠷᠢᠨ ᠭᠤᠰ ᠢ ᠬᠡᠯᠡᠵᠦ ᠪᠤᠢ︶ ᠵᠡᠷᠭᠡ ᠶᠢ ᠴᠢᠬᠢᠵᠦ᠂ ᠨᠠᠷᠢᠨ ᠲᠠᠯ᠎ᠠ ᠠᠴᠠ ᠪᠦᠳᠦᠬᠦᠨ ᠲᠠᠯ᠎ᠠ ᠤᠷᠤᠭᠤ ᠨᠢ ᠡᠷᠬᠢᠬᠦᠯᠦᠨ᠎ᠡ᠃ ᠬᠦᠵᠡᠭᠡ ᠶᠢ ᠪᠤᠯ ᠪᠤᠴᠠᠯᠤᠭᠰᠠᠨ ᠤᠰᠤ ᠪᠠᠷ ᠵᠤᠮᠠᠯᠵᠤ᠂ ᠬᠢᠳᠤᠭ᠎ᠠ  ᠪᠠᠷ ᠬᠤᠰᠤᠵᠤ ᠠᠷᠢᠯᠭᠠᠭᠠᠳ  ᠴᠢᠨᠠᠵᠤ  ᠢᠳᠡᠨ᠎ᠡ᠃ ᠪᠠᠰᠠ ᠴᠢᠳᠬᠤᠭᠰᠠᠨ ᠭᠡᠳᠡᠰᠦ ᠪᠠᠨ ᠬᠠᠳᠠᠬᠤ ᠠᠴᠠ ᠰᠡᠷᠭᠡᠶᠢᠯᠡᠨ᠂ ᠬᠦᠵᠡᠬᠡᠨ ᠳᠡᠭᠡᠨ  ᠬᠢᠵᠦ ᠬᠠᠳᠠᠭᠠᠯᠠᠵᠤ ᠪᠤᠯᠤᠨ᠎ᠠ᠂ ᠡᠬᠦᠨ ᠢ ︽ᠵᠠᠶᠢᠳᠠᠰᠤ︾  ᠭᠡᠳᠡᠭ᠃ ᠬᠦᠵᠡᠬᠡᠨ  ᠳᠤ ᠪᠠᠰᠠ ᠰᠢᠷ᠎ᠠ ᠲᠤᠰᠤ ᠪᠠᠨ ᠬᠢᠵᠦ ᠬᠠᠳᠠᠭᠠᠯᠠᠳᠠᠭ ᠪᠠᠶᠢᠨ᠎ᠠ  ᠃ ᠤᠯᠤᠭᠠᠢ ᠳᠤ ᠴᠢᠰᠤ ᠪᠤᠶᠤ ᠮᠢᠬ᠎ᠠ ᠴᠢᠳᠬᠤᠵᠤ᠂  ︽ᠪᠢᠵᠢ︾  ︵ᠤᠯᠤᠭᠠᠢ ᠶᠢᠨ ᠱᠦᠯᠦ︶᠂  ︽ᠲᠠᠪᠳᠠᠰᠢ  ︾ ᠮᠡᠳᠦ ᠶᠢᠨ ᠢᠳᠡᠭᠡᠨ ᠬᠢᠵᠦ ᠢᠳᠡᠬᠦ ᠠᠴᠠ ᠭᠠᠳᠠᠨ᠎ᠠ ᠰᠢᠷ᠎ᠠ ᠲᠤᠰᠤ ᠪᠠᠨ  ᠴᠢᠳᠬᠤᠭᠠᠳ ᠬᠠᠳᠠᠭᠠᠯᠠᠵᠤ ᠪᠠᠰᠠ ᠪᠤᠯᠳᠠᠭ᠃ ᠲᠤᠯᠤᠭᠠᠢ ᠰᠢᠬᠢᠷ᠎ᠠ ᠶᠢ ᠤᠯᠠᠩᠬᠢ  ᠳᠠᠭᠠᠨ ᠬᠠᠪᠤᠷ ᠤᠨ ᠴᠠᠭ ᠲᠤ ᠬᠤᠶᠢᠬᠠᠯᠠᠵᠤ ᠢᠳᠡᠳᠡᠭ᠃       ᠮᠢᠬ᠎ᠠ ᠢᠳᠡᠬᠦ ᠳᠤ ᠪᠠᠰᠠ ᠤᠯᠠᠨ ᠴᠡᠭᠡᠷ ᠶᠤᠰᠤᠨ ᠪᠠᠶᠢᠳᠠᠭ᠃  ᠵᠢᠱᠢᠶᠡᠯᠡᠪᠡᠯ᠂ ᠲᠠᠯᠤ ᠶᠢ ᠲᠠᠶᠠᠭᠠᠷ ᠢᠶᠠᠨ ᠢᠳᠡᠬᠦ ᠪᠦᠬᠡᠳ ᠢᠳᠡᠭᠰᠡᠨ ᠤ ᠲᠠᠷᠠᠭ᠎ᠠ  ᠴᠦᠮᠦᠯᠵᠦ  ᠲᠠᠯᠪᠢᠨ᠎ᠠ᠂  ᠨᠠᠭᠠᠴᠤ ᠶᠢᠨ ᠲᠡᠷᠭᠡᠳᠡ ᠲᠠᠯᠤ ᠪᠠᠷᠢᠳᠠᠭ ᠦᠬᠡᠢ  ᠃ ᠬᠠᠪᠢᠷᠭ᠎ᠠ ᠢᠳᠡᠬᠦ ᠳᠤ ᠬᠠᠪᠢᠷᠭᠠᠨ ᠤ ᠤᠭ ᠠᠴᠠ ᠬᠠᠪᠢᠷᠭᠠᠨ ᠤ ᠲᠤᠯᠤᠭᠠᠢ ᠤᠷᠤᠭᠤ ᠱᠠᠭᠠᠯᠵᠤ ᠢᠳᠡᠨ᠎ᠡ  ᠃  ᠡᠪᠴᠢᠬᠦᠦ ᠪᠠᠷ ᠭᠠᠯ ᠢᠶᠠᠨ ᠲᠠᠬᠢᠨ᠎ᠠ᠂ ᠪᠦᠬᠦᠯᠢ ᠬᠤᠨᠢᠨ ᠤ ᠡᠷᠬᠢᠯᠳᠡ ᠳᠤ ᠡᠪᠴᠢᠬᠦᠦ ᠶᠠᠪᠤᠬᠤ ᠦᠬᠡᠢ᠂ ᠬᠠᠷᠢ ᠳᠤ ᠮᠤᠷᠳᠠᠭᠰᠠᠨ ᠬᠡᠦᠬᠡᠨ ᠬᠠᠷᠢᠵᠤ ᠢᠷᠡᠬᠦ ᠳᠤ ᠡᠪᠴᠢᠬᠦᠦ ᠴᠢᠨᠠᠵᠤ ᠢᠳᠡᠬᠦᠯᠳᠡᠭ᠃ ᠨᠢᠳᠦ ᠶᠢ ᠵᠠᠪᠠᠯ ᠬᠤᠤᠰ ᠢᠶᠠᠷ ᠢᠳᠡᠳᠡᠭ᠂ ᠦᠷᠦᠭᠡᠰᠦᠨ ᠨᠢᠳᠦ ᠢᠳᠡᠬᠦ  ᠦᠬᠡᠢ᠃  ᠵᠢᠷᠦᠬᠡ ᠶᠢ ᠤᠭᠳᠤᠯᠬᠤ ᠳᠤ  ᠬᠦᠨᠳᠡᠯᠡᠨ  ᠢᠶᠠᠷ ᠤᠭᠳᠤᠯᠬᠤ ᠦᠬᠡᠢ᠂  ᠡᠷᠭᠡᠪᠰᠢ ᠭᠤᠯᠳᠤ ᠪᠠᠷ ᠤᠭᠳᠤᠯᠤᠨ᠎ᠠ  ᠃  ᠪᠦᠬᠡᠷ᠎ᠡ ᠶᠢ ᠨᠢᠴᠦᠬᠦᠨ ᠭᠠᠷᠭᠠᠳᠠᠭ ᠦᠬᠡᠢ ᠂ ᠵᠠᠪᠠᠯ ᠦᠬᠡᠬᠦ ᠲᠠᠭᠠᠭᠤᠯᠤᠨ᠎ᠠ᠃ ᠡᠬᠦᠨ ᠠᠴᠠ ᠭᠠᠳᠠᠨ᠎ᠠ᠂  ᠬᠦᠷᠭᠡᠨ ᠬᠦᠮᠦᠨ ᠤ ᠴᠢᠳᠠᠯ ᠢ ᠦᠵᠡᠬᠦ ᠬᠡᠵᠦ ᠬᠦᠵᠦᠬᠦᠦ ᠮᠤᠰᠬᠢᠭᠤᠯᠬᠤ᠂ ᠰᠡᠭᠡᠷ ᠤᠨ ᠮᠢᠬ᠎ᠠ ᠵᠦᠬᠡᠯᠡᠨ ᠬᠡᠵᠦ ᠨᠠᠰᠤᠳᠠᠢ ᠬᠦᠮᠦᠨ ᠳᠤ ᠢᠳᠡᠬᠦᠯᠬᠦ᠂  ᠤᠷᠠᠨ ᠲᠠᠩᠨᠠᠢ ᠢᠳᠡᠪᠡᠯ ᠤᠷᠠᠨ ᠪᠤᠯᠤᠨ᠎ᠠ ᠬᠡᠵᠦ ᠬᠡᠦᠬᠡᠨ ᠬᠦᠮᠦᠨ ᠳᠤ ᠢᠳᠡᠬᠦᠯᠬᠦ  ᠂ ᠬᠤᠨᠢᠨ ᠤ ᠬᠦᠵᠦᠬᠦᠦ  ᠂ ᠪᠤᠭᠳᠤᠭᠤᠰᠤ᠂ ᠱᠠᠭᠠᠨᠳᠤ ᠵᠡᠷᠭᠡ   ᠶᠢ ᠵᠤᠴᠢᠨ ᠳᠤ ᠭᠠᠷᠭᠠᠳᠠᠭ ᠦᠬᠡᠢ ᠬᠡᠬᠦ ᠮᠡᠳᠦ ᠶᠢᠨ  ᠶᠤᠰᠤ ᠵᠠᠩᠰᠢᠯ ᠪᠠᠶᠢᠳᠠᠭ᠃  ︽ᠰᠢᠯᠢ ᠢᠳᠡᠪᠡᠯ ᠰᠢᠯᠢ ᠶᠢᠨ ᠬᠤᠯᠠᠭᠠᠶᠢᠴᠢ ᠪᠤᠯᠤᠨ᠎ᠠ᠂ ᠰᠠᠮᠰᠠ ᠢᠳᠡᠪᠡᠯ ᠰᠠᠯᠠᠩ ᠪᠤᠯᠤᠨ᠎ᠠ᠂  ᠬᠡᠦᠬᠡᠨ ᠬᠡᠯᠡ  ᠢᠳᠡᠪᠡᠯ ᠬᠡᠯᠡᠬᠡᠢ ᠪᠤᠯᠤᠨ᠎ᠠ᠂ ᠨᠤᠭᠤᠰᠤ ᠢᠳᠡᠪᠡᠯ  ᠨᠢᠰᠤᠩᠬᠠᠢ ᠪᠤᠯᠤᠨ᠎ᠠ᠂ ᠲᠠᠷᠢᠬᠢ ᠢᠳᠡᠪᠡᠯ ᠲᠡᠨᠡᠭ ᠪᠤᠯᠤᠨ᠎ᠠ︾  ᠬᠡᠮᠡᠨ ᠡᠳᠡᠭᠡᠷ ᠵᠦᠢᠯ ᠢ ᠬᠡᠦᠬᠡᠳ ᠲᠤ ᠢᠳᠡᠬᠦᠯᠳᠡᠭ ᠦᠬᠡᠢ᠃  ᠬᠡᠦᠬᠡᠨ ᠬᠦᠮᠦᠨ ᠭᠤᠳᠤᠩ ᠢᠳᠡᠪᠡᠯ ᠮᠤᠷᠳᠠᠬᠤ ᠦᠶᠡᠰ ᠮᠤᠷᠢ ᠨᠢ ᠲᠤᠶᠢᠯᠠᠨ᠎ᠠ  ᠭᠡᠳᠡᠭ᠃ ᠬᠡᠯᠡᠨ ᠤ ᠦᠵᠦᠬᠦᠷ᠂  ᠨᠤᠶᠢᠷ ᠪᠤᠯᠴᠢᠷᠬᠠᠢ  ᠵᠡᠷᠭᠡ ᠶᠢ ᠢᠳᠡᠳᠡᠭ ᠦᠬᠡᠢ  ᠃      ᠡᠪᠦᠯ ᠤᠨ ᠢᠳᠡᠰᠢ ᠢᠳᠡᠭᠰᠡᠨ ᠤ ᠲᠠᠷᠠᠭ᠎ᠠ᠂ ᠦᠬᠡᠷ ᠤᠨ ᠮᠢᠬ᠎ᠠ ᠪᠠᠨ ᠪᠤᠷᠴᠠᠯᠠᠨ ᠵᠦᠰᠦᠵᠦ᠂ ᠰᠡᠬᠦᠳᠡᠷ ᠲᠠᠢ ᠪᠦᠬᠡᠳ ᠰᠠᠯᠬᠢ ᠨᠡᠪᠳᠡᠷᠡᠬᠦ ᠭᠠᠵᠠᠷ ᠳᠤ ᠡᠯᠬᠦᠨ ᠬᠠᠳᠠᠭᠠᠳᠠᠭ᠃  ᠢᠩᠬᠢᠵᠦ ᠬᠠᠳᠠᠭᠠᠭᠰᠠᠨ ᠮᠢᠬᠠᠨ ᠤ ᠦᠩᠬᠡ ᠨᠢ ᠴᠠᠶᠢᠪᠤᠷ᠂ ᠵᠦᠬᠡᠯᠡᠨ ᠰᠡᠪᠰᠡᠭᠡᠷ ᠪᠠᠶᠢᠵᠤ ᠢᠳᠡᠬᠦ ᠳᠤ ᠠᠮᠳᠠᠳᠠᠢ᠂  ᠤᠳᠠᠭᠠᠨ ᠬᠠᠳᠠᠭᠠᠯᠠᠬᠤ ᠶᠢ ᠲᠠᠭᠠᠭᠠᠨ᠎ᠠ᠃ ᠪᠤᠷᠴᠠ ᠶᠢ ᠨᠠᠮᠤᠷ ᠲᠠᠭᠠᠨ ᠪᠠᠰᠠ ᠬᠠᠳᠠᠭᠠᠵᠤ ᠪᠤᠯᠤᠨ᠎ᠠ᠃ ᠨᠠᠮᠤᠷ ᠤᠨ ᠪᠤᠷᠴᠠ ᠶᠢ ᠢᠳᠡᠬᠦ ᠳᠤ  ᠬᠤᠷᠰᠢᠭᠰᠠᠨ ᠰᠠᠶᠢᠬᠠᠨ ᠠᠮᠳᠠ ᠲᠠᠢ᠃ ᠨᠠᠮᠤᠷ ᠤᠨ ᠮᠢᠬ᠎ᠠ ᠶᠢ ᠰᠢᠷ᠎ᠠ ᠤᠰᠤ ᠪᠤᠶᠤ ᠴᠠᠭ᠎ᠠ ᠳᠤ ᠲᠡᠪᠳᠦᠬᠡᠵᠦ ᠬᠠᠳᠠᠭᠠᠪᠠᠯ ᠨᠡᠩ ᠰᠠᠶᠢᠨ᠂ ᠠᠮᠳᠠ ᠨᠢ ᠴᠢᠩᠭ᠎ᠠ᠂ ᠢᠯᠠᠭ᠎ᠠ ᠪᠠᠳᠠᠭᠠᠨ᠎ᠠ ᠰᠠᠭᠤᠬᠤ ᠦᠬᠡᠢ᠂ ᠠᠮᠠᠷᠬᠠᠨ ᠬᠠᠳᠠᠨ᠎ᠠ᠃  ᠪᠠᠰᠠ ᠭᠤᠯᠢᠷ ᠲᠦᠷᠬᠢᠬᠦ᠂ ᠲᠠᠪᠤᠰᠤ ᠦᠷᠦᠬᠦ ᠵᠡᠷᠭᠡ ᠠᠷᠭ᠎ᠠ ᠪᠠᠷ ᠬᠠᠳᠠᠭᠠᠳᠠᠭ᠃     ᠮᠢᠬ᠎ᠠ ᠢᠳᠡᠪᠡᠯ ᠱᠦᠯᠦ ᠶᠢ ᠨᠢ ᠤᠤᠭᠤᠬᠤ ᠶᠤᠰᠤᠳᠠᠢ᠂ ᠦᠬᠡᠢ ᠪᠤᠯ ᠬᠠᠮᠠᠭᠤᠳᠤ ︵ᠴᠢᠨ᠋ᠸ᠎ᠠ︶ ᠳᠤ ᠲᠤᠭᠠᠴᠠᠭᠳᠠᠨ᠎ᠠ ᠭᠡᠳᠡᠭ᠃  ᠲᠠᠶᠢᠹᠤᠰᠧᠴᠤᠳ ᠮᠢᠬ᠎ᠠ ᠴᠢᠨᠠᠭᠰᠠᠨ ᠱᠦᠯᠦ ᠠᠴᠠ ᠭᠠᠳᠠᠨ᠎ᠠ᠂   ᠬᠠᠷ᠎ᠠ ᠱᠦᠯᠦ᠂ ᠪᠢᠳᠡᠬᠦᠦ ᠱᠦᠯᠦ᠂  ᠶᠠᠰᠤᠨ ᠤ ᠱᠦᠯᠦ᠂ ᠤᠯᠤᠭᠠᠢ ᠶᠢᠨ ᠱᠦᠯᠦ ᠵᠡᠷᠭᠡ ᠶᠢ ᠬᠢᠵᠦ ᠢᠳᠡᠳᠡᠭ᠃ ᠬᠠᠷ᠎ᠠ ᠱᠦᠯᠦ ᠭᠡᠳᠡᠭ ᠨᠢ ᠵᠢᠵᠢᠭᠯᠡᠨ ᠭᠡᠷᠴᠢᠭᠰᠡᠨ ᠬᠤᠨᠢᠨ ᠤ ᠮᠢᠬ᠎ᠠ ᠪᠠᠨ ᠲᠠᠪᠤᠰᠤ ᠰᠤᠩᠬᠢᠨ᠎ᠠ ᠲᠠᠢ ᠬᠤᠯᠢᠵᠤ᠂  ᠪᠤᠴᠠᠯᠭᠠᠵᠤ  ᠪᠤᠯᠭᠤᠭᠰᠠᠨ ᠱᠦᠯᠦ ᠶᠢ ᠬᠡᠯᠡᠨ᠎ᠡ᠃  ᠪᠢᠳᠡᠬᠦᠦ ᠱᠦᠯᠦ  ᠪᠤᠯ ᠬᠡᠢ ᠲᠠᠷᠤᠵᠤ ᠪᠡᠶ᠎ᠡ ᠲᠠᠮᠢᠷᠵᠢᠭᠤᠯᠳᠠᠭ᠂ ᠱᠦᠯᠦ ᠶᠢᠨ ᠲᠤᠳᠤᠷᠠᠬᠢ ᠤᠬᠢ ᠱᠦᠯᠦ ᠶᠤᠮ᠃  ᠬᠢᠬᠦ ᠠᠷᠭ᠎ᠠ ᠨᠢ ᠭᠤᠤᠯ ᠮᠢᠬ᠎ᠠ ᠶᠢ ᠵᠢᠵᠢᠭᠯᠡᠨ ᠭᠡᠷᠴᠢᠭᠡᠳ᠂  ᠲᠠᠪᠤᠰᠤ ᠰᠤᠩᠬᠢᠨ᠎ᠠ ᠲᠠᠢ ᠬᠠᠮᠳᠤ ᠠᠶᠠᠭᠠᠨ ᠳᠤ ᠬᠢᠵᠦ᠂ ᠠᠮᠠᠰᠠᠷ ᠢ ᠨᠢ ᠭᠤᠯᠢᠷ ᠢᠶᠠᠷ ᠪᠦᠳᠡᠭᠡᠨ ᠪᠦᠷᠢᠵᠦ ᠵᠢᠩᠨᠡᠵᠦ ᠭᠠᠷᠭᠠᠨ᠎ᠠ  ᠂ ᠢᠩᠬᠢᠵᠦ  ᠪᠤᠯᠭᠤᠬᠤ ᠶᠢ ᠲᠠᠶᠢᠹᠤᠰᠧ ᠳᠤ ᠪᠠᠰᠠ  ︽ᠳ᠋ᠦᠩᠨᠡᠬᠦ︾ ᠭᠡᠳᠡᠭ᠃  ᠤᠯᠤᠭᠠᠢ ᠳᠤ ᠮᠢᠬ᠎ᠠ ᠭᠡᠷᠴᠢᠵᠦ ᠬᠢᠭᠡᠳ ᠴᠢᠨᠠᠵᠤ ᠪᠤᠯᠭᠤᠭᠰᠠᠨ ᠱᠦᠯᠦ ᠶᠢ ᠤᠯᠤᠭᠠᠢ ᠶᠢᠨ ᠱᠦᠯᠦ  ᠭᠡᠨ᠎ᠡ᠂  ᠪᠠᠰᠠ ︽ᠪᠢᠵᠢ︾  ᠭᠡᠳᠡᠭ ᠃  ᠡᠨᠡ   ᠨᠢ ᠮᠢᠬ᠎ᠠ ᠶᠢ ᠮᠢᠬ᠎ᠠ ᠪᠠᠷ ᠪᠤᠭᠤᠭᠰᠠᠨ ᠪᠤᠯᠬᠤᠷ ᠢᠳᠡ ᠬᠦᠴᠦ ᠨᠢ ᠰᠠᠶᠢᠨ  ᠂ ᠪᠢᠳᠡᠬᠦᠦ ᠱᠦᠯᠦ ᠶᠢᠨ ᠦᠢᠯᠡᠳᠦᠯ ᠭᠠᠷᠭᠠᠳᠠᠭ᠃ ᠤᠯᠤᠭᠠᠢ ᠶᠢᠨ ᠱᠦᠯᠦ  ᠪᠤᠯ  ᠮᠦᠨ ᠴᠤ  ᠬᠡᠢ ᠲᠠᠷᠤᠵᠤ ᠲᠠᠮᠢᠷ ᠨᠦᠬᠦᠬᠦ ᠦᠢᠯᠡᠳᠦᠯ  ᠲᠠᠢ ᠰᠢᠮᠡᠳᠦ ᠢᠳᠡᠭᠡᠨ ᠪᠤᠯᠤᠨ᠎ᠠ᠃ ᠤᠯᠤᠭᠠᠢ ᠶᠢᠨ  ᠱᠦᠯᠦ ᠶᠢ  ᠬᠢᠬᠦ ᠳᠡᠭᠡᠨ  ᠮᠦᠨ ᠴᠤ  ᠭᠤᠤᠯ ᠮᠢᠬ᠎ᠠ ᠶᠢ ᠵᠢᠵᠢᠭᠯᠡᠨ ᠭᠡᠷᠴᠢᠭᠡᠳ᠂  ᠲᠠᠪᠤᠰᠤ ᠰᠤᠩᠬᠢᠨ᠎ᠠ ᠬᠢᠵᠦ ᠴᠢᠨᠠᠨ᠎ᠠ᠃  ᠡᠬᠦᠨ ᠠᠴᠠ ᠭᠠᠳᠠᠨ᠎ᠠ᠂ ᠲᠠᠶᠢᠹᠤᠰᠧᠴᠤᠳ ᠪᠠᠰᠠ ᠬᠠᠳᠠᠭᠰᠠᠨ ᠮᠢᠬ᠎ᠠ ᠪᠠᠨ ᠵᠢᠵᠢᠭᠯᠡᠨ ᠭᠡᠷᠴᠢᠬᠦ ᠪᠤᠶᠤ ᠭᠡᠷᠴᠢᠵᠦ ᠨᠦᠳᠦᠭᠡᠳ ᠵᠦᠬᠡᠬᠡᠢ ᠳᠤ ᠬᠢᠵᠦ ᠵᠢᠩᠨᠡᠨ ᠪᠤᠯᠭᠤᠵᠤ  ᠂ ᠬᠠᠳᠠᠭᠰᠠᠨ ᠮᠢᠬ᠎ᠠ ᠲᠠᠢ ᠵᠦᠬᠡᠬᠡᠢ ᠶᠢᠨ ᠱᠦᠯᠦ ᠢᠳᠡᠳᠡᠭ᠃ ᠶᠠᠰᠤᠨ ᠤ ᠱᠦᠯᠦ ᠪᠤᠯ ᠪᠠᠰᠠ ᠨᠢᠬᠡ ᠵᠦᠢᠯ ᠤᠨ  ᠰᠢᠮ᠎ᠡ ᠲᠡᠬᠦᠯᠳᠡᠷ ᠱᠦᠯᠦ  ᠪᠠᠶᠢᠵᠤ᠂ ᠬᠦᠮᠦᠨ ᠨᠢ ᠴᠢᠮᠦᠬᠡᠨ ᠶᠠᠰᠤᠨ ᠤ ᠱᠦᠯᠦ ᠤᠤᠭᠤᠬᠤ ᠪᠠᠷ ᠪᠠᠷᠠᠬᠤ ᠦᠬᠡᠢ᠂ ᠶᠠᠳᠠᠷ ᠲᠤᠷᠤᠢ ᠮᠠᠯ ᠳᠤ ᠤᠤᠭᠤᠯᠭᠠᠪᠠᠯ ᠲᠦᠷᠭᠡᠨ ᠲᠡᠩᠭᠡᠷᠡᠳᠡᠭ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号