ᠤᠯᠠᠮᠵᠢᠯᠠᠯᠳᠤ ᠤᠷ᠎ᠠ ᠮᠡᠷᠭᠡᠵᠢᠯ —  ᠡᠮᠡᠭᠡᠯ  ᠬᠢᠬᠦ
ᠨᠡᠶᠢᠲᠡᠯᠡᠭᠰᠡᠨ ᠴᠠᠭ᠄
2020/6/8
  ᠮᠤᠷᠢᠳᠠᠨ ᠦᠨᠳᠦᠰᠦᠳᠡᠨ ᠭᠡᠵᠦ ᠠᠯᠳᠠᠷᠰᠢᠭᠰᠠᠨ ᠮᠤᠩᠭᠤᠯᠴᠤᠳ ᠲᠤ ᠮᠤᠷᠢᠨ ᠳᠠᠭᠠᠨ ᠲᠤᠬᠤᠬᠤ ᠡᠮᠡᠭᠡᠯ  ᠲᠤᠳᠠᠭᠳᠠᠵᠤ ᠪᠤᠯᠤᠰᠢ ᠦᠬᠡᠢ᠃ ᠡᠮᠡᠭᠡᠯ ᠨᠢ ᠮᠤᠷᠢ ᠤᠨᠤᠵᠦ ᠪᠠᠶᠢᠭ᠎ᠠ ᠬᠦᠮᠦᠨ ᠤ ᠬᠠᠮᠤᠭ ᠤᠨ ᠲᠤᠬᠢᠷᠠᠮᠵᠢ ᠲᠠᠢ ᠰᠠᠭᠤᠳᠡᠯ ᠪᠦᠭᠡᠳ ᠮᠤᠷᠢᠨ ᠤ ᠨᠢᠷᠤᠭᠤᠨ ᠳᠤ ᠬᠦᠨᠳᠦ ᠶᠢᠨ ᠲᠡᠷᠤᠯᠲᠡ ᠶᠢ ᠵᠢᠭᠳᠡ ᠬᠤᠪᠢᠶᠠᠷᠢᠯᠠᠬᠤ  ᠦᠢᠯᠡᠳᠦᠯ  ᠲᠠᠢ ᠬᠡᠷᠡᠭᠯᠡᠯ ᠶᠤᠮ᠃ ᠮᠤᠩᠭᠤᠯ ᠡᠮᠡᠭᠡᠯ ᠪᠤᠯ ᠤᠷᠤᠨ ᠨᠤᠳᠤᠭ ᠤᠨ ᠡᠳ᠋ ᠪᠠᠶᠠᠯᠢᠭ ᠪᠡ ᠡᠳ᠋ ᠡᠷᠳᠡᠨᠢᠰ ᠢᠶᠠᠷ ᠡᠭᠡ ᠮᠠᠲ᠋ᠧᠷᠢᠶᠠᠯ  ᠪᠤᠯᠭᠠᠨ ᠵᠠᠰᠠᠵᠦ ᠴᠢᠮᠡᠭᠯᠡᠵᠦ᠂  ᠦᠨᠳᠦᠷ ᠤᠷ᠎ᠠ ᠮᠡᠷᠭᠡᠵᠢᠯ  ᠢᠶᠠᠷ ᠪᠦᠳᠦᠭᠡᠭᠳᠡᠭᠰᠡᠡ ᠭᠠᠷ ᠤᠷᠠᠯᠠᠯ ᠤᠨ ᠭᠠᠶᠢᠬᠠᠮᠰᠢᠭᠳᠤ ᠪᠦᠳᠦᠭᠡᠯ ᠤᠨ ᠨᠢᠭᠡ ᠪᠤᠯᠬᠤ ᠶᠤᠮ᠃ ᠮᠤᠷᠢ ᠬᠤᠯᠠᠳᠠᠵᠦ᠂ ᠮᠠᠰᠢᠨ ᠤᠯᠠᠳᠠᠬᠰᠠᠠ ᠦᠨᠦᠳᠦᠷ ᠴᠤ ᠡᠮᠡᠭᠡᠯ ᠨᠢ ᠬᠤᠳᠠ ᠭᠦᠳᠡᠭᠡ ᠶᠢᠨ ᠮᠤᠩᠭᠤᠯ ᠠᠶᠢᠯ ᠤᠨ ᠪᠡᠯᠭᠡ ᠳᠡᠮᠪᠡᠷᠢᠯ ᠲᠠᠢ ᠦᠨᠡᠳᠦ ᠴᠢᠮᠡᠭᠯᠡᠯ ᠤᠨ ᠨᠢᠭᠡ ᠪᠤᠯᠵᠦ ᠡᠷᠭᠢᠮᠯᠡᠭᠳᠡᠵᠦ ᠪᠤᠢ᠃     ᠡᠮᠡᠭᠡᠯ ᠢ ᠤᠯᠠᠩᠬᠢ ᠳᠠᠭᠠᠨ  ᠬᠤᠰᠤ ᠮᠤᠳᠤ ᠪᠠᠷ ᠬᠢᠳᠡᠭ᠃  ᠭᠡᠪᠡᠴᠦ ᠤᠳᠤ ᠬᠠᠨᠭ᠍ᠭᠠᠢ ᠮᠤᠳᠤᠨ ᠡᠮᠡᠭᠡᠯ ᠨᠢ ᠨᠡᠩ ᠭᠤᠶᠤ ᠳᠠᠪᠢᠰ ᠪᠡ ᠭᠦᠯᠢᠮ ᠵᠡᠷᠭᠡ ᠳᠤᠨᠤᠬᠯᠠᠯ ᠲᠠᠢ ᠪᠤᠯᠤᠬᠰᠠᠠ ᠪᠤᠶᠤ ᠡᠮᠡᠭᠡᠯ ᠤᠨ ᠮᠤᠳᠤ ᠨᠢ ᠦᠪᠴᠢ ᠠᠯᠳᠠ ᠪᠠᠷ ᠭᠠᠳᠠᠷᠯᠠᠬᠳᠠᠭᠰᠠᠠ ᠴᠤ ᠪᠠᠶᠢᠳᠠᠭ᠃ ᠨᠢᠭᠡᠨ ᠪᠦᠷᠢᠨ ᠳᠤᠨᠤᠭᠯᠠᠯ ᠲᠠᠢ ᠡᠮᠡᠭᠡᠯ ᠨᠢ ᠡᠮᠡᠭᠡᠯ ᠤᠨ ᠮᠤᠳᠤ ᠠᠴᠠ ᠭᠠᠳᠠᠨ᠎ᠠ ᠳᠤᠬᠤᠮ ᠭᠦᠯᠢᠮ᠂ ᠭᠠᠨᠵᠤᠭ᠎ᠠ᠂ ᠳᠦᠷᠦᠭᠡ᠂ ᠤᠯᠤᠩ᠂ ᠵᠢᠷᠢᠮ ᠵᠡᠷᠭᠡ ᠤᠯᠠᠨ ᠭᠡᠰᠡᠭ ᠢᠶᠠᠷ ᠪᠦᠷᠢᠯᠳᠦᠵᠦ᠂ ᠳᠤᠰ ᠳᠤᠰ ᠤᠨ ᠦᠢᠯᠡᠳᠦᠯ ᠲᠠᠢ ᠪᠠᠶᠢᠳᠠᠭ᠃     ᠡᠮᠡᠭᠡᠯ ᠤᠨ ᠭᠢᠷ᠎ᠡ ᠶᠢ ᠪᠤᠯ ᠠᠯᠳᠠ᠂ ᠮᠦᠩᠭᠦ᠂ ᠵᠠᠰ᠂ ᠭᠠᠤᠯᠢ᠂ ᠴᠠᠶᠢᠷ᠂ ᠳᠠᠮᠤᠷ ᠪᠤᠶᠤ ᠶᠠᠰᠤ ᠪᠠᠷ ᠭᠢᠳᠡᠭ ᠪᠦᠭᠡᠳ ᠬᠤᠷᠤᠭᠤ ᠦᠷᠭᠡᠨ ᠭᠢᠷ᠎ᠡ ᠳᠡᠭᠡᠷ᠎ᠡ ᠪᠠᠨ ᠯᠤᠤ ᠭᠠᠷᠤᠳᠢ ᠪᠤᠶᠤ ᠤᠭᠠᠯᠵᠠ ᠭᠡ ᠶᠢᠨ ᠵᠢᠷᠤᠭ ᠰᠡᠶᠢᠯᠦᠭᠰᠡᠡ ᠪᠠᠶᠢᠳᠠᠭ᠃   ᠮᠦᠩᠬᠦᠨ ᠬᠢᠷ᠎ᠠ᠂  ᠮᠦᠩᠬᠦᠨ ᠲᠠᠷᠤᠭᠤᠯᠭ᠎ᠠ᠂  ᠮᠦᠩᠬᠦᠨ ᠪᠠᠭᠪᠤᠷ ᠲᠠᠢ ᠡᠮᠡᠬᠡᠯ ᠢ ᠮᠦᠩᠬᠦᠨ ᠡᠮᠡᠭᠡᠯ ᠬᠡᠨ᠎ᠡ᠃  ᠶᠠᠰᠤᠨ ᠬᠢᠷ᠎ᠠ᠂ ᠶᠠᠰᠤᠨ ᠲᠠᠷᠤᠭᠤᠯᠭ᠎ᠠ ᠲᠠᠢ ᠡᠮᠡᠬᠡᠯ ᠴᠤ ᠪᠠᠶᠢᠬᠤ ᠪᠦᠬᠡᠳ ᠬᠢᠷ᠎ᠠ᠂ ᠲᠠᠷᠤᠭᠤᠯᠭ᠎ᠠ ᠂  ᠪᠠᠭᠪᠤᠷ ᠢ ᠪᠤᠯᠬᠠᠮᠠᠯ ᠮᠦᠩᠬᠦ ᠪᠤᠶᠤ ᠵᠡᠰ  ᠂ ᠭᠠᠤᠯᠢ ᠪᠠᠷ ᠬᠢᠳᠡᠭ ᠴᠤ ᠪᠤᠢ᠃  ᠵᠠᠷᠢᠮ ᠡᠮᠡᠬᠡᠯ ᠤᠨ ᠪᠦᠬᠦᠷᠭᠡ  ᠶᠢᠨ ᠠᠷᠤ ᠡᠮᠦᠨ᠎ᠡ ᠨᠢᠭᠤᠷ ᠲᠤ ᠵᠢᠭᠠᠰᠤᠨ ᠬᠠᠶᠢᠷ ᠨᠠᠭᠠᠭᠰᠠᠨ ᠢ ᠬᠠᠶᠢᠷᠰᠤᠨ ᠡᠮᠡᠬᠡᠯ ᠬᠡᠨ᠎ᠡ᠃  ᠪᠦᠭᠦᠷᠭᠡ ᠶᠢᠨ ᠮᠤᠳᠤ ᠶᠢ ᠪᠤᠳᠤᠭ ᠰᠢᠷ ᠰᠠᠭᠤᠯᠭᠠᠬᠤ ᠪᠤᠶᠤ ᠴᠢᠭᠢᠭᠳᠡᠵᠦ ᠬᠠᠭᠠᠷᠠᠬᠤ ᠠᠴᠠ ᠰᠡᠷᠭᠡᠶᠢᠯᠡᠨ ᠠᠷᠠᠰᠤ ᠰᠢᠷᠢ᠂ ᠵᠢᠭᠠᠰᠤᠨ ᠬᠠᠶᠢᠷ᠂ ᠴᠠᠪᠠᠤᠳᠤ ᠬᠠᠶᠢᠷ ᠢᠶᠠᠷ ᠭᠠᠳᠠᠷᠯᠠᠳᠠᠭ᠃  ᠠᠷ ᠭᠡ  ᠭᠠᠷᠭᠠᠬᠰᠠᠠ ᠪᠤᠯᠢᠭᠠᠷᠢ ᠪᠤᠶᠤ ᠭᠦᠯᠢᠭᠡᠷ ᠰᠡᠪᠭᠢᠨ ᠠᠷᠠᠰᠤ ᠪᠠᠷ  ᠡᠮᠡᠭᠡᠯ ᠤᠨ ᠮᠤᠳᠤ᠂ ᠰᠠᠭᠤᠳᠠᠯ ᠢᠶᠠᠨ ᠨᠠᠭᠠᠵᠦ ᠪᠦᠷᠢᠶᠡᠰᠦᠯᠡᠭᠰᠡᠡ ᠢ ᠳᠡᠪᠢᠰ ᠭᠡᠨ᠎ᠡ᠃ ᠡᠮᠡᠭᠡᠯ ᠤᠨ ᠳᠡᠪᠢᠰ ᠢ ᠳᠠᠷᠤᠵᠦ᠂ ᠰᠠᠭᠤᠳᠠᠯ ᠤᠨ ᠬᠤᠶᠠᠷ ᠬᠠᠵᠠᠭᠤ ᠳᠠᠯ᠎ᠠ ᠳᠤ ᠳᠤᠰᠪᠦᠷᠢ ᠬᠤᠶᠠᠷ ᠲᠠᠷᠤᠭᠤᠯᠭ᠎ᠠ ᠳᠠᠷᠤᠬᠤ ᠳᠠᠭᠠᠨ ᠡᠮᠡᠭᠡᠯ ᠤᠨ ᠭᠢᠷ᠎ᠡ ᠲᠠᠢ ᠪᠠᠨ ᠢᠵᠢᠳᠦᠭᠦᠯᠵᠦ᠂ ᠠᠯᠳᠠ ᠮᠦᠩᠭᠦ ᠪᠤᠶᠤ ᠵᠠᠰ ᠭᠠᠤᠯᠢᠨ ᠲᠠᠷᠤᠭᠤᠯᠭ᠎ᠠ  ᠳᠠᠷᠤᠳᠠᠭ᠃  ᠡᠮᠡᠭᠡᠯ ᠤᠨ ᠰᠠᠭᠤᠳᠠᠯ ᠢ ᠵᠦᠭᠡᠯᠡᠯᠡᠭᠦ  ᠵᠤᠷᠢᠯᠭ᠎ᠠ ᠪᠠᠷ ᠡᠮᠡᠭᠡᠯ ᠤᠨ ᠳᠡᠪᠢᠰ ᠤᠨ ᠳᠦᠷᠪᠡᠨ ᠳᠠᠷᠤᠯᠭ᠎ᠠ ᠶᠢᠨ ᠳᠤᠤᠷ᠎ᠠ ᠪᠠᠰᠠ ᠳᠦᠷᠪᠡᠯᠵᠢᠨ ᠵᠢᠭᠢᠷᠢᠭ ᠳᠠᠪᠢᠰᠭᠡᠷ ᠳᠠᠷᠤᠭᠰᠠᠠ ᠢ ᠳᠡᠪᠰᠡᠭ  ᠬᠡᠨ᠎ᠡ᠃ ᠡᠮᠡᠭᠡᠯ ᠤᠨ ᠮᠤᠳᠤᠨ ᠤ ᠮᠤᠷᠢᠨ ᠨᠢᠷᠤᠭᠤ ᠶᠢ ᠬᠠᠪᠴᠢᠵᠦ ᠰᠠᠭᠤᠬᠰᠠᠠ ᠬᠤᠶᠠᠷ ᠳᠠᠯ᠎ᠠ ᠶᠢᠨ ᠬᠠᠪᠳᠠᠰᠤ ᠶᠢ ᠡᠮᠡᠬᠡᠯ ᠤᠨ ᠬᠠᠪᠳᠠᠰᠤ  ᠬᠡᠵᠦ᠂  ᠬᠤᠶᠠᠷ ᠪᠦᠭᠦᠷᠭᠡ ᠪᠡ ᠰᠠᠭᠤᠳᠠᠯ ᠢ ᠴᠦᠮ ᠳᠡᠭᠦᠨ ᠳᠡᠭᠡᠷ᠎ᠡ ᠳᠤᠯᠭᠠᠭᠤᠷᠢᠯᠠᠳᠠᠭ ᠪᠦᠭᠡᠳ ᠬᠠᠪᠳᠠᠰᠤᠨ ᠠᠴᠠ ᠳᠦᠷᠦᠭᠡ ᠪᠠᠨ ᠳᠡᠭᠦᠵᠢᠯᠡᠵᠦ᠂ ᠤᠯᠤᠩ ᠵᠢᠷᠢᠮ᠂ ᠭᠠᠨᠵᠤᠭ᠎ᠠ ᠶᠢ ᠳᠠᠳᠠᠳᠠᠭ᠃  ᠬᠤᠶᠠᠷ ᠪᠦᠭᠦᠷᠭᠡ᠂ ᠬᠤᠶᠠᠷ ᠬᠠᠪᠳᠠᠰᠤ᠂ ᠰᠠᠭᠤᠳᠠᠯ ᠤᠨ ᠭᠤᠤᠯ ᠢ ᠬᠤᠯᠪᠤᠬᠰᠠᠠ ᠡᠮᠡᠭᠡᠯ ᠤᠨ ᠮᠤᠳᠤᠨ ᠤ ᠳᠤᠤᠷ᠎ᠠ ᠳᠠᠯ᠎ᠠ ᠶᠢᠨ ᠬᠤᠩᠬᠤᠷ ᠭᠡᠰᠡᠭ ᠢ ᠬᠤᠩᠬᠤ  ᠬᠡᠨ᠎ᠡ᠃ ᠳᠡᠷᠡ ᠨᠢ ᠡᠮᠤᠨ᠎ᠡ  ᠪᠦᠭᠦᠷᠭᠡ ᠶᠢᠨ ᠳᠤᠤᠷ᠎ᠠ ᠳᠠᠯ᠎ᠠ ᠠᠴᠠ ᠰᠠᠭᠤᠳᠠᠯ ᠤᠨ ᠭᠤᠤᠯ ᠳᠡᠮᠵᠢᠨ ᠬᠤᠶᠢᠳᠤ ᠪᠦᠭᠦᠷᠭᠡ ᠶᠢᠨ ᠳᠤᠤᠭᠤᠷ ᠨᠤᠮᠤᠨ ᠭᠡᠯᠪᠡᠷᠢᠳᠡᠢ ᠨᠡᠪᠳᠡ ᠬᠤᠩᠬᠤᠷ ᠪᠠᠶᠢᠵᠦ᠂ ᠮᠤᠷᠢᠨ ᠤ ᠭᠤᠤᠯ ᠨᠢᠷᠤᠭᠤᠨ ᠠᠴᠠ ᠭᠦᠨᠳᠡᠢ ᠭᠡᠢ ᠪᠠᠶᠢᠳᠠᠭ᠃ ᠡᠮᠡᠭᠡᠯ ᠤᠨ ᠵᠡᠭᠦᠨ ᠪᠠᠷᠠᠭᠤᠨ ᠬᠠᠪᠳᠠᠰᠤᠨ ᠤ ᠡᠮᠤᠨ᠎ᠡ ᠬᠤᠶᠢᠨᠡᠭᠢ ᠬᠤᠶᠠᠷ ᠦᠵᠦᠭᠦᠷ ᠤᠨ ᠭᠡᠰᠡᠭ ᠠᠴᠠ ᠨᠦᠭᠡ  ᠴᠤᠭᠤᠯᠤᠨ᠂  ᠰᠢᠷᠭᠡᠭ ᠰᠢᠷᠭᠡᠭ ᠰᠤᠷ ᠳᠠᠳᠠᠬᠰᠠᠠ ᠢ ᠭᠠᠨᠵᠤᠭ᠎ᠠ ᠬᠡᠨ᠎ᠡ᠃ ᠳᠡᠷᠡ ᠨᠢ  ᠭᠡᠮ ᠵᠤᠭᠢᠴᠡᠯ ᠤᠨ ᠳᠡᠯ᠎ᠡ ᠪᠠᠷ ᠡᠮᠡᠭᠡᠯ ᠢ ᠦᠵᠡᠮᠦᠷᠢᠳᠡᠢ ᠪᠤᠯᠭᠠᠬᠰᠠᠠ ᠳᠡᠳᠦᠢ ᠦᠭᠡᠢ ᠬᠤᠶᠢᠳᠤ ᠭᠠᠨᠵᠤᠭ᠎ᠠ ᠨᠢ ᠡᠮᠨᠢᠭ ᠰᠤᠷᠭᠠᠬᠤ ᠳᠤ ᠭᠠᠷ ᠤᠨ ᠪᠠᠷᠢᠳᠡᠯ ᠪᠤᠯᠬᠤ ᠠᠴᠠ ᠭᠠᠳᠠᠨ᠎ᠠ ᠡᠮᠡᠭᠡᠯ ᠤᠨ ᠠᠷᠤ ᠳᠡᠭᠡᠷ᠎ᠡ ᠪᠠᠭ᠎ᠠ ᠰᠠᠭ᠎ᠠ ᠠᠴᠢᠶ᠎ᠠ ᠳᠠᠷᠤᠭᠤᠯᠤᠨ ᠭᠠᠨᠵᠤᠭᠠᠯᠠᠬᠤ ᠳᠤ ᠤᠶᠠᠭ᠎ᠠ ᠳᠠᠳᠠᠯᠭ᠎ᠠ ᠶᠢᠨ ᠦᠢᠯᠡᠳᠦᠯ  ᠭᠠᠷᠭᠠᠨ᠎ᠠ᠃  ᠡᠮᠡᠬᠡᠯ ᠳᠤ ᠤᠯᠠᠩᠬᠢ  ᠳᠠᠭᠠᠨ ᠠᠷᠪᠠᠨ ᠵᠢᠷᠭᠤᠭ᠎ᠠ ᠪᠤᠶᠤ ᠬᠤᠷᠢᠨ ᠲᠦᠷᠪᠡᠨ ᠭᠠᠨᠵᠤᠭ᠎ᠠ ᠲᠠᠢ᠃  ᠪᠠᠭᠪᠤᠷ ᠢ ᠪᠤᠯ ᠠᠯᠳᠠ ᠮᠦᠩᠭᠦ ᠭᠠᠤᠯᠢᠨ ᠤ ᠤᠷᠠᠨ ᠳᠠᠷᠬᠠᠨ ᠳᠤᠰᠬᠠᠢ ᠦᠢᠯᠡᠳᠴᠤ᠂  ᠳᠡᠭᠡᠷ᠎ᠡ ᠨᠢ ᠪᠠᠰᠠ ᠤᠯᠠᠨ ᠰᠠᠶᠢᠬᠠᠨ ᠴᠠᠪᠴᠢᠮᠠᠯ ᠭᠡ ᠤᠭᠠᠯᠵᠠ  ᠤᠷᠠᠯᠠᠬᠰᠠᠠ ᠪᠠᠶᠢᠳᠠᠬ᠃ ᠳᠤᠬᠤᠮ ᠪᠤᠯ ᠡᠮᠡᠭᠡᠯ ᠤᠨ ᠳᠤᠤᠷ᠎ᠠ ᠵᠢᠭᠢᠷᠢᠭ ᠪᠤᠯᠭᠠᠵᠦ ᠮᠤᠷᠢᠨ ᠨᠢᠷᠤᠭᠤ ᠶᠢ  ᠬᠠᠮᠠᠭᠠᠯᠠᠵᠤ ᠵᠦᠬᠡᠯᠡᠯᠡᠬᠦ ᠶᠢᠨ ᠬᠠᠮᠳᠤ᠂  ᠭᠦᠯᠢᠮ   ᠢ ᠮᠤᠷᠢᠨ ᠤ ᠭᠦᠯᠦᠰᠤᠨ ᠳᠤ ᠳᠡᠪᠳᠤᠭᠦ ᠠᠴᠠ ᠰᠡᠷᠭᠡᠶᠢᠯᠡᠳᠡᠭ ᠢᠰᠡᠭᠡᠢ ᠪᠤᠯᠤᠨ᠎ᠠ᠃   ᠬᠦᠯᠢᠮ ᠪᠤᠯ ᠡᠮᠡᠭᠡᠯ ᠭᠢᠭᠡᠳ ᠳᠤᠬᠤᠮ ᠤᠨ ᠵᠡᠪᠰᠡᠷ ᠲᠤ ᠪᠠᠶᠢᠵᠤ᠂ ᠢᠰᠡᠭᠡᠢ ᠳᠤᠬᠤᠮ ᠪᠡ ᠬᠤᠶᠢᠨ᠎ᠡ ᠡᠮᠤᠨᠡᠭᠢ ᠤᠯᠤᠩ ᠵᠢᠷᠢᠮ ᠢ  ᠲᠠᠯᠳᠠᠯᠠᠨ᠂ ᠳᠦᠷᠦᠭᠡ ᠪᠡ ᠳᠦᠷᠦᠭᠡᠨ ᠰᠤᠷ ᠲᠤ ᠳᠡᠪᠢᠰᠭᠡᠷ ᠪᠤᠯᠤᠨ ᠵᠤᠭᠢᠴᠡᠵᠦ  ᠡᠮᠡᠬᠡᠯ ᠢ ᠤᠯᠠᠮ ᠦᠵᠡᠮᠤᠷᠢᠳᠡᠢ  ᠪᠤᠯᠭᠠᠭᠰᠠᠨ ᠪᠦᠬᠡᠳ ᠮᠤᠷᠢᠨ ᠤ ᠭᠦᠯᠦᠰᠦ ᠪᠡ ᠦᠰᠦ ᠭᠢᠯᠭᠠᠰᠤ  ᠭᠦᠮᠦᠨ ᠤ ᠪᠡᠶ᠎ᠡ ᠳᠤ ᠭᠦᠷᠦᠯᠴᠡᠭᠦ ᠶᠢ  ᠰᠡᠷᠭᠡᠶᠢᠯᠡᠳᠡᠭ᠃ ᠭᠦᠯᠢᠮ ᠢ ᠬᠤᠶᠠᠷ ᠭᠡᠰᠡᠭ ᠠᠷᠠᠰᠤ ᠰᠢᠷᠢ  ᠂ ᠪᠤᠯᠢᠭᠠᠷᠢ ᠪᠤᠶᠤ ᠭᠡᠪᠢᠰ ᠮᠡᠳᠦ ᠶᠢᠨ ᠨᠡᠭᠡᠮᠡᠯ ᠡᠳ᠋ ᠶᠢ ᠨᠠᠷᠢᠨ ᠰᠤᠷ ᠢᠶᠠᠷ ᠭᠡᠯᠭᠢᠵᠦ᠂ ᠦᠳᠡᠭᠡᠷᠢ  ᠵᠠᠯᠭᠠᠭᠠᠷᠢ ᠶᠢ ᠨᠢ ᠡᠮᠡᠭᠡᠯ ᠤᠨ ᠬᠤᠩᠬᠤ ᠶᠢᠨ ᠳᠤᠤᠷ᠎ᠠ ᠭᠦᠨᠳᠡᠢ ᠳᠤ ᠲᠠᠭᠠᠷᠠᠭᠤᠯᠵᠤ ᠬᠢᠨ᠎ᠡ᠃ ᠵᠤᠨ ᠤ ᠴᠠᠭ ᠲᠤ ᠨᠤᠭᠤᠭᠠᠨ ᠬᠦᠪᠡᠭᠡ ᠲᠠᠷᠤᠭᠰᠠᠨ ᠪᠤᠯᠢᠭᠠᠷᠢ ᠬᠦᠯᠢᠮ  ᠂ ᠡᠪᠦᠯ ᠤᠨ ᠴᠠᠭ ᠲᠤ ᠬᠡᠪᠢᠰᠦᠨ ᠬᠦᠯᠢᠮ ᠭᠡᠷᠡᠭᠯᠡᠳᠡᠭ᠃  ᠲᠠᠶᠢᠹᠤᠰᠧ ᠨᠤᠳᠤᠭ ᠲᠤ ᠬᠡᠪᠢᠰᠦᠨ ᠬᠦᠯᠢᠮ ᠢ ᠲᠤᠬᠤᠮ ᠬᠡᠵᠦ᠂  ᠲᠤᠬᠤᠮ ᠢ ᠰᠢᠷᠢᠳᠡᠭ ᠬᠡᠵᠦ ᠨᠡᠷᠡᠯᠡᠳᠡᠭ᠃ ᠰᠢᠷᠢᠳᠡᠭ ᠤᠨ ᠠᠷᠤ ᠦᠪᠦᠷ ᠬᠦᠪᠡᠭᠡ ᠶᠢ ᠤᠯᠠᠭᠠᠨ ᠪᠦᠰ ᠢᠶᠠᠷ ᠡᠮᠵᠢᠨ᠎ᠡ᠃ ᠳᠦᠷᠦᠭᠡ ᠶᠢ  ᠪᠤᠯ ᠠᠩᠬ᠎ᠠ ᠡᠬᠢᠯᠡᠭᠡᠳ ᠡᠪᠡᠰᠤᠨ ᠳᠡᠭᠡᠰᠤ᠂ ᠳᠠᠷᠠᠭ᠎ᠠ ᠨᠢ ᠮᠤᠳᠤ ᠪᠤᠶᠤ ᠶᠠᠰᠤ᠂ ᠬᠤᠵᠢᠮ ᠨᠢ ᠳᠠᠮᠦᠷᠯᠢᠭ   ᠢᠶᠠᠷ ᠬᠢᠬᠦ ᠪᠤᠯᠵᠠᠢ᠃ ᠲᠠᠶᠢᠹᠤᠰᠧ ᠳᠤ ᠯᠤᠤ ᠶᠢᠨ ᠲᠤᠯᠤᠭᠠᠢ ᠲᠠᠢ ᠭᠠᠩ ᠲᠦᠷᠦᠬᠡ ᠪᠤᠶᠤ ᠭᠠᠤᠯᠢᠨ ᠲᠦᠷᠦᠬᠡ ᠤᠯᠠᠨ ᠭᠡᠷᠡᠭᠯᠡᠳᠡᠭ᠃   ᠳᠦᠷᠦᠭᠡ ᠶᠢ ᠡᠮᠡᠭᠡᠯ ᠤᠨ ᠬᠠᠪᠳᠠᠰᠤ ᠲᠠᠢ ᠬᠤᠯᠪᠤᠭᠰᠠᠠ 2 — 3 ᠬᠤᠷᠤᠭᠤ ᠦᠷᠭᠡᠨ ᠴᠤᠯᠭᠤᠢ ᠰᠤᠷ ᠪᠠᠶᠢᠳᠠᠭ᠃ ᠡᠬᠦᠨ ᠢ ᠲᠦᠷᠦᠭᠡᠨ ᠰᠤᠷ ᠭᠡᠨ᠎ᠡ᠃ ᠳᠦᠷᠦᠭᠡᠨ ᠰᠤᠷ ᠤᠨ ᠤᠷᠳᠤ  ᠶᠢ ᠡᠮᠡᠭᠡᠯ ᠳᠤᠬᠤᠵᠦ ᠡᠳ᠋ᠯᠡᠭᠦ ᠭᠦᠮᠦᠨ ᠤ ᠪᠠᠨ ᠪᠠᠶ᠎ᠠ ᠪᠢᠯᠳᠡᠷ ᠤᠨ ᠪᠠᠶᠢᠳᠠᠯ ᠳᠤ ᠵᠤᠭᠢᠴᠠᠭᠤᠯᠤᠨ᠎ᠠ᠃  ᠭᠦᠯᠢᠮ ᠤᠨ ᠳᠡᠭᠡᠳᠦ ᠳᠠᠯ᠎ᠠ ᠳᠤ ᠳᠠᠪᠰᠡᠭ ᠤᠨ ᠳᠤᠤᠷ᠎ᠠ ᠠᠴᠠ ᠤᠨᠵᠢᠭᠤᠯᠤᠬᠰᠠᠠ ᠵᠢᠵᠢᠭ ᠭᠦᠯᠢᠮ ᠤᠨ ᠭᠡᠯᠪᠡᠷᠢᠳᠡᠢ ᠤᠨᠵᠢᠭᠤᠷᠭ᠎ᠠ ᠪᠠᠶᠢᠳᠠᠭ ᠢ ᠪᠠᠰᠠ ᠳᠦᠷᠦᠭᠡᠪᠴᠢ ᠭᠡᠨ᠎ᠡ᠃  ᠳᠡᠭᠦᠨ  ᠢ ᠮᠦᠨ ᠭᠦᠯᠢᠮ ᠲᠠᠢ  ᠠᠳᠠᠯᠢ  ᠮᠠᠲ᠋ᠧᠷᠢᠶᠠᠯ  ᠭᠡᠷᠡᠭᠯᠡᠵᠦ᠂ ᠠᠳᠠᠯᠢ ᠶᠠᠩᠵᠦ ᠭᠡᠯᠪᠡᠷᠢ ᠠᠳᠠᠯᠢ ᠦᠩᠭᠡ ᠪᠤᠳᠤᠭ ᠲᠠᠢ ᠭᠢᠳᠡᠭ᠃ ᠤᠯᠦᠩ ᠪᠤᠯ ᠡᠮᠡᠭᠡᠯ ᠢ ᠮᠤᠷᠢᠨ ᠨᠢᠷᠤᠭᠤᠨ ᠳᠤ ᠤᠷᠤᠬᠰᠢ ᠬᠤᠶᠢᠰᠢ ᠰᠢᠯᠵᠢᠭᠦ ᠦᠭᠡᠢ ᠪᠠᠷ ᠳᠤᠬᠳᠠᠭᠠᠬᠤ ᠦᠢᠯᠡᠳᠦᠯ ᠲᠠᠢ ᠳᠠᠯ ᠭᠢᠯᠭᠠᠰᠤ ᠪᠤᠶᠤ ᠡᠳ᠋ᠰᠢᠭᠦᠯᠦᠭᠰᠡᠡ ᠠᠷᠠᠰᠤ ᠰᠢᠷᠢ ᠪᠠᠷ ᠦᠢᠯᠡᠳᠦᠭᠰᠡᠡ ᠪᠦᠰᠡᠯᠡᠭᠦᠷ ᠪᠤᠯᠤᠨ᠎ᠠ᠃  ᠤᠯᠤᠩ ᠤᠨ ᠳᠡᠭᠡᠳᠦ ᠦᠵᠦᠭᠦᠷ ᠢ ᠡᠮᠡᠭᠡᠯ ᠤᠨ ᠪᠤᠷᠤᠭᠤ ᠳᠠᠯ᠎ᠠ ᠶᠢᠨ ᠬᠠᠪᠳᠠᠰᠤᠨ ᠳᠤ ᠭᠠᠷᠭᠠᠬᠰᠠᠠ ᠬᠠᠪᠳᠠᠭᠠᠢ ᠨᠦᠭᠡ ᠠᠴᠠ ᠳᠡᠳᠡᠬᠰᠡᠡ ᠰᠤᠷ ᠭᠤᠬᠴᠤᠭ᠎ᠠ  ᠲᠠᠢ ᠵᠠᠯᠭᠠᠵᠦ᠂ ᠨᠠᠭᠠᠳᠤ ᠦᠵᠦᠭᠦᠷ ᠲᠤᠨᠢ ᠳᠡᠮᠤᠷ ᠪᠤᠶᠤ ᠭᠠᠤᠯᠢᠨ ᠭᠤᠷᠭᠢ ᠳᠠᠭᠠᠷᠠᠭᠤᠯᠤᠭᠠᠳ ᠡᠮᠡᠭᠡᠯ ᠤᠨ ᠵᠢᠷᠢᠮ ᠲᠠᠢ ᠵᠤᠯᠭᠠᠭᠤᠯᠤᠨ ᠭᠤᠷᠬᠢᠯᠠᠨ᠎ᠠ᠃ ᠤᠯᠤᠩ ᠨᠢ ᠮᠤᠷᠢᠨ ᠤ ᠭᠡᠳᠡᠰᠤᠨ ᠳᠤᠤᠭᠤᠷ ᠳᠠᠳᠠᠬᠤ ᠪᠦᠰᠡᠯᠡᠭᠦᠷ ᠪᠤᠯᠬᠤᠷ ᠠᠯᠳᠠ ᠢᠯᠡᠭᠦᠦ ᠤᠷᠳᠤ ᠭᠢᠵᠦ ᠤᠷᠳᠤᠰᠬᠠᠵᠦ ᠪᠤᠭᠤᠨᠢᠰᠬᠠᠵᠦ ᠪᠤᠯᠬᠤ ᠪᠠᠷ ᠵᠤᠭᠢᠶᠠᠳᠠᠭ᠃ ᠵᠢᠷᠢᠮ ᠪᠤᠯ  ᠤᠯᠤᠩ ᠢ  ᠴᠢᠩᠭᠠᠯᠠᠨ ᠳᠠᠳᠠᠵᠦ ᠤᠯᠤᠩ ᠤᠨ ᠭᠤᠷᠭᠢ ᠶᠢ ᠠᠮᠠᠳᠠᠨ ᠭᠤᠷᠭᠢᠯᠠᠬᠤ ᠦᠢᠯᠡᠳᠦᠯ ᠲᠠᠢ᠂ ᠨᠡᠷᠢᠨ ᠴᠤᠯᠭᠤᠢ ᠰᠤᠷ ᠢᠶᠠᠷ ᠬᠠᠪᠳᠠᠭᠠᠢ ᠭᠦᠷᠦᠭᠰᠡᠡ ᠬᠤᠶᠠᠷ ᠳᠤᠬᠤᠢ  ᠰᠢᠬᠠᠮ ᠰᠤᠷ ᠳᠤᠨᠤᠬ ᠪᠤᠯᠤᠨ᠎ᠠ᠃  ᠡᠮᠡᠭᠡᠯ ᠤᠨ ᠡᠮᠤᠨ᠎ᠡ ᠬᠤᠶᠢᠳᠤ ᠬᠤᠶᠠᠷ ᠤᠯᠤᠩ ᠤᠨ ᠳᠤᠮᠤ ᠭᠤᠷᠭᠢ ᠠᠴᠠ ᠭᠠᠳᠠᠨ᠎ᠠ᠂ ᠴᠢᠳᠦᠷ ᠳᠤᠱᠠ ᠳᠡᠭᠦᠵᠢᠯᠡᠭᠦ ᠭᠤᠭᠴᠤᠭ᠎ᠠ ᠶᠢᠨ ᠦᠵᠦᠭᠦᠷ ᠲᠤ ᠴᠤ ᠵᠢᠵᠢᠭ ᠭᠤᠷᠭᠢ ᠳᠠᠭᠠᠷᠠᠭᠤᠯᠤᠭᠰᠠᠠ ᠪᠠᠶᠢᠳᠠᠭ᠃  ᠡᠳᠡᠭᠡᠷ ᠭᠤᠷᠭᠢ ᠶᠢ ᠳᠠᠮᠤᠷ᠂ ᠭᠠᠤᠯᠢ ᠵᠡᠷᠭᠡ ᠬᠠᠳᠠᠭᠤ ᠳᠠᠮᠦᠷᠯᠢᠭ ᠢᠶᠠᠷ ᠭᠢᠳᠡᠭ᠃  ᠲᠠᠶᠢᠹᠤᠰᠧ ᠳᠤ ᠵᠢᠷᠭᠤᠭ᠎ᠠ ᠪᠤᠶᠤ ᠨᠠᠢᠮᠠ ᠪᠠᠷ ᠤᠶᠤᠵᠤ ᠬᠦᠷᠦᠭᠰᠡᠨ ᠤᠯᠤᠩ ᠵᠢᠷᠢᠮ ᠬᠢᠵᠦ᠂ ᠤᠯᠤᠩ ᠤᠨ ᠦᠵᠦᠬᠦᠷ ᠲᠤ ᠤᠯᠠᠭᠠᠨ ᠵᠠᠯᠠᠭ᠎ᠠ ᠵᠠᠩᠬᠢᠳᠤᠨ᠎ᠠ᠃    ᠲᠠᠶᠢᠹᠤᠰᠧ ᠬᠤᠰᠢᠭᠤ ᠨᠢ ᠡᠮᠡᠭᠡᠯ ᠬᠢᠬᠦ ᠮᠡᠷᠭᠡᠵᠢᠯ ᠢ ᠬᠤᠰᠢᠭᠤᠨ ᠤ ᠲᠡᠰ ᠤᠨ ᠪᠤᠳᠠᠰ ᠤᠨ ᠪᠤᠰᠤ ᠰᠤᠶᠤᠯ ᠤᠨ ᠦᠪ   ᠲᠤ  ᠲᠡᠮᠳᠡᠭᠯᠡᠵᠦ᠂  ᠭᠡᠷᠡᠯᠳᠦ ᠬᠤᠰᠢᠭᠤᠨ ᠤ ᠲᠡᠰ ᠤᠨ ᠦᠪᠯᠡᠨ ᠤᠯᠠᠮᠵᠢᠯᠠᠭᠴᠢ ᠪᠤᠯᠤᠭᠰᠠᠨ ᠪᠠᠶᠢᠨ᠎ᠠ᠃ ᠤᠯᠠᠮᠵᠢᠯᠠᠭᠴᠢ ᠶᠢᠨ ᠲᠤᠪᠴᠢ ᠲᠠᠨᠢᠯᠴᠠᠭᠤᠯᠭ᠎ᠠ᠄   ᠭᠡᠷᠡᠯᠳᠦ᠂ ᠡᠷᠡᠭᠳᠡᠢ᠂   ᠮᠤᠩᠭᠤᠯ ᠦᠨᠳᠦᠰᠦᠳᠡᠨ᠂ 1968 ᠤᠨ ᠳᠤ ᠲᠦᠷᠦᠪᠡ᠃ ᠲᠠᠶᠢᠹᠤᠰᠧ ᠬᠤᠰᠢᠭᠤᠨ ᠤ ᠬᠦᠨᠪᠤᠯᠠᠭ ᠰᠤᠮᠤᠨ ᠤ ᠬᠦᠮᠦᠨ᠃   ᠪᠠᠯᠴᠢᠷ ᠪᠠᠭ᠎ᠠ ᠠᠴᠠ ᠪᠠᠨ  ᠠᠳᠤᠭᠤᠨ ᠳᠤ ᠪᠠᠭ᠋ᠠᠳᠠᠢ ᠪᠤᠯᠬᠤᠷ᠂ 15 ᠨᠠᠰᠤᠳᠠᠢ ᠪᠠᠶᠢᠬᠤ ᠳᠠᠭᠠᠨ ᠡᠪᠦᠭᠡ ᠠᠴᠠ ᠪᠠᠨ ᠡᠮᠡᠭᠡᠯ ᠬᠢᠬᠦ ᠠᠷᠭ᠎ᠠ ᠮᠡᠷᠭᠡᠵᠢᠯ ᠢ  ᠰᠤᠷᠴᠤ ᠡᠵᠡᠮᠰᠢᠭᠡᠳ᠂ ᠤᠳᠤ ᠪᠤᠯᠬᠤ ᠳᠤ  ᠨᠤᠳᠤᠭ ᠤᠷᠤᠨ ᠳᠠᠭᠠᠨ ᠨᠡᠷᠡᠳᠦ ᠡᠮᠡᠬᠡᠯ ᠵᠠᠰᠠᠭᠴᠢ ᠪᠠᠷ ᠮᠡᠳᠡᠷᠡᠭᠳᠡᠵᠡᠢ᠃  ᠭᠡᠷᠡᠯᠳᠦ ᠭᠤᠸᠠᠢ ᠮᠠᠲ᠋ᠧᠷᠢᠶᠠᠯ ᠰᠤᠩᠭᠤᠬᠤ ᠪᠠ ᠤᠷᠠᠯᠠᠵᠤ ᠰᠡᠶᠢᠯᠬᠦ ᠳᠡᠭᠡᠨ ᠶᠡᠭᠡ ᠬᠡᠮᠵᠢᠶᠡᠨ ᠤ ᠬᠦᠴᠦ ᠤᠷᠤᠭᠤᠯᠤᠨ᠂ ᠠᠪᠢᠶᠠᠰ ᠴᠢᠳᠠᠪᠤᠷᠢ ᠪᠠᠨ ᠪᠦᠷᠢᠨ ᠪᠠᠳᠠᠷᠠᠭᠤᠯᠵᠤ ᠨᠠᠷᠢᠨ ᠰᠡᠳᠬᠢᠵᠦ ᠨᠢᠮᠪᠠᠢ ᠤᠷᠤᠯᠳᠤᠳᠠᠭ ᠪᠤᠯᠬᠤᠷ ᠲᠡᠬᠦᠨ ᠤ ᠵᠠᠰᠠᠭᠰᠠᠨ ᠪᠤᠶᠤ ᠬᠢᠭᠰᠡᠨ ᠡᠯ᠎ᠡ ᠵᠦᠢᠯ ᠤᠨ ᠡᠮᠡᠭᠡᠯ ᠨᠢ ᠬᠢᠴᠡ ᠪᠠᠷ ᠨᠠᠷᠢᠯᠢᠭ ᠮᠦᠷᠳᠡᠭᠡᠨ ᠪᠠᠬᠢᠯᠢᠭ᠌  ᠪᠠᠶᠢᠵᠤ᠂   ᠨᠤᠳᠤᠭ ᠤᠰᠤᠨ ᠤ ᠪᠠᠨ ᠠᠳᠤᠭᠤᠴᠢᠳ ᠪᠠ ᠤᠶᠠᠭᠠᠴᠢᠳ ᠤᠨ ᠪᠠᠭ᠋ᠠᠷᠬᠠᠯ ᠢ ᠲᠠᠳᠠᠭᠰᠠᠨ  ᠲᠡᠳᠦᠢ ᠦᠬᠡᠢ᠂  ᠬᠤᠯᠠ  ᠤᠶᠢᠷ᠎ᠠ ᠶᠢᠨ  ᠵᠢᠭᠤᠯᠴᠢᠯᠠᠭᠴᠢᠳ᠂ ᠬᠤᠳᠠ  ᠬᠦᠳᠡᠭᠡ ᠶᠢᠨ ᠠᠶᠢᠯ ᠡᠷᠦᠬᠡ   ᠤᠳ ᠲᠡᠬᠦᠨ ᠤ ᠬᠢᠭᠰᠡᠨ ᠡᠮᠡᠬᠡᠯ ᠢ ᠪᠤᠯᠢᠶᠠᠯᠳᠤᠨ ᠠᠪᠴᠠᠭᠠᠵᠤ᠂  ᠡᠳ᠋ᠯᠡᠨ ᠭᠡᠷᠡᠭᠯᠡᠬᠦ ᠪᠤᠶᠤ  ᠦᠷᠦᠭᠡ ᠭᠡᠷ ᠲᠡᠭᠡᠨ ᠴᠢᠮᠡᠭ  ᠪᠤᠯᠭᠠᠵᠤ ᠪᠠᠶᠢᠭ᠎ᠠ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号