ᠮᠤᠩᠭᠤᠯᠴᠤᠳ ᠠᠯᠢ ᠡᠷᠳᠡᠨ ᠠᠴᠠ ᠮᠤᠷᠢ ᠪᠠᠨ ᠤᠨᠤᠵᠤ᠂ ᠲᠠᠯ᠎ᠠ ᠨᠤᠳᠤᠭ ᠳᠡᠭᠡᠷ᠎ᠡ ᠪᠠᠨ ᠠᠮᠢᠳᠤᠷᠠᠵᠤ᠂ | ᠮᠤᠩᠭᠤᠯ ᠭᠡᠷ ᠲᠤ ᠰᠠᠭᠤᠵᠤ᠂ ᠮᠤᠳᠤᠨ ᠲᠡᠷᠭᠡ ᠭᠡᠷᠡᠭᠯᠡᠨ᠂ ᠮᠤᠳᠤᠨ ᠠᠶᠠᠭᠠᠨ ᠳᠤ ᠬᠤᠭᠤᠯᠠ ᠪᠤᠳᠠᠭ᠎ᠠ ᠢᠳᠡᠵᠤ | ᠂ ᠮᠤᠳᠤᠨ ᠭᠡᠷᠡᠭᠰᠡᠯ ᠢ ᠵᠠᠷᠤᠵᠤ ᠢᠷᠡᠭᠰᠡᠨ ᠶᠤᠮ᠃ ᠲᠡᠭᠡᠬᠦ ᠪᠠᠷ ᠢᠶᠠᠨ ᠮᠤᠳᠤᠨ ᠲᠠᠷᠬᠠᠨ ᠤ ᠤᠷ᠎ᠠ ᠮᠡᠷᠭᠡᠵᠢᠯ ᠨᠢ | ᠮᠤᠩᠭᠤᠯᠴᠤᠳ ᠤᠨ ᠲᠤᠮᠳᠠ ᠨᠡᠶᠢᠳᠡᠮ ᠲᠦᠭᠡᠮᠡᠯᠵᠢᠵᠤ ᠪᠠᠶᠢᠯ᠎ᠠ ᠭᠡᠵᠤ ᠭᠡᠯᠡᠭᠦ ᠳᠤ ᠠᠬᠠᠳᠠᠬᠤ ᠪᠠᠷ ᠦᠭᠡᠢ ᠶᠤᠮ᠃ | | ᠦᠨᠳᠦᠰᠦ ᠰᠡᠶᠢᠯᠬᠦ ᠳᠤ ᠶᠠᠭᠤᠨ ᠤ ᠤᠷᠢᠳ ᠮᠤᠳᠤᠨ ᠮᠠᠲ᠋ᠧᠷᠢᠶᠠᠯ ᠢᠶᠠᠨ ᠨᠢᠮᠪᠠᠢ ᠰᠤᠩᠭᠤᠵᠤ ᠂ ᠮᠤᠳᠤᠨ | ᠮᠠᠲ᠋ᠧᠷᠢᠶᠠᠯ ᠤᠨ ᠢᠶᠠᠨ ᠭᠡᠪ ᠲᠦᠷᠰᠦ ᠶᠢ ᠦᠵᠡᠵᠤ ᠶᠠᠮᠠᠷ ᠶᠠᠭᠤᠮ᠎ᠠ ᠭᠢᠭᠦ ᠪᠠᠨ ᠳᠤᠭᠳᠠᠭᠠᠳᠠᠭ᠃ ᠲᠡᠭᠡᠭᠡᠳ | ᠰᠦᠭᠡ᠂ ᠭᠢᠷᠦᠭᠡ ᠵᠡᠷᠭᠡ ᠮᠤᠳᠤᠨ ᠳᠠᠷᠬᠠᠨ ᠤ ᠪᠠᠭᠠᠵᠢ ᠭᠡᠷᠡᠭᠰᠡᠯ ᠢ ᠭᠡᠷᠡᠭᠯᠡᠵᠤ ᠭᠢᠭᠦ ᠭᠡᠵᠤ ᠪᠠᠶᠢᠭ᠎ᠠ ᠶᠠᠭᠤᠮ᠎ᠠ | ᠶᠢᠨ ᠢᠶᠠᠨ ᠪᠤᠷᠤ ᠲᠦᠯᠦᠪ ᠢ ᠪᠦᠳᠦᠭᠡᠵᠤ ᠭᠠᠷᠭᠠᠨ᠎ᠠ᠃ ᠳᠠᠷᠠᠭ᠎ᠠ ᠨᠢ ᠶᠠᠮᠠᠷ ᠭᠡ ᠤᠭᠠᠯᠵᠠ ᠰᠡᠶᠢᠯᠭᠦ ᠭᠡᠳᠡᠭ ᠢᠶᠠᠨ | ᠲᠤᠭᠳᠠᠵᠤ᠂ ᠭᠡ ᠤᠭᠠᠯᠵᠠ ᠪᠠᠨ ᠮᠤᠳᠤᠨ ᠳᠡᠭᠡᠷ᠎ᠡ ᠵᠢᠷᠤᠨ᠎ᠠ᠃ ᠵᠢᠷᠤᠭ ᠵᠢᠷᠤᠬᠤ ᠳᠠᠭᠠᠨ ᠴᠢᠳᠠᠮᠭᠠᠢ ᠪᠤᠯ | ᠬᠠᠷᠠᠨᠳᠠ ᠪᠤᠶᠤ ᠲᠤᠰᠤᠨ ᠪᠢᠷ ᠢᠶᠠᠷ ᠰᠢᠭᠤᠳ ᠵᠢᠷᠤᠵᠤ ᠪᠤᠯᠤᠨ᠎ᠠ᠃ | ᠦᠨᠳᠦᠰᠦ ᠰᠡᠶᠢᠯᠬᠦ ᠳᠤ ᠪᠠᠰᠠ ᠭᠢᠭᠦ ᠭᠡᠵᠤ ᠪᠠᠶᠢᠭ᠎ᠠ ᠶᠠᠭᠤᠮᠠᠨ ᠳᠠᠭᠠᠨ ᠲᠤᠬᠢᠷᠠᠭᠰᠠᠨ ᠵᠢᠷᠤᠭ ᠢ | ᠰᠤᠩᠭᠤᠨ᠎ᠠ᠃ ᠵᠢᠱᠢᠶᠡᠯᠡᠪᠡᠯ᠂ ᠡᠮᠡᠭᠡᠯ ᠤᠨ ᠪᠦᠭᠦᠷᠭᠡ ᠳᠡᠭᠡᠷ᠎ᠡ ᠪᠤᠯ ᠵᠠᠪᠠᠯ ᠡᠮᠡᠭᠡᠯ ᠤᠨ ᠪᠦᠭᠦᠷᠭᠡ ᠳᠤ | ᠲᠤᠬᠢᠷᠠᠭᠰᠠᠨ ᠵᠢᠷᠤᠭ ᠵᠢᠷᠤᠵᠤ᠂ ᠠᠪᠳᠠᠷ᠎ᠠ ᠬᠤᠷᠭᠤ ᠳᠡᠭᠡᠷ᠎ᠡ ᠪᠤᠯ ᠡᠷᠭᠡᠪᠰᠢ ᠠᠪᠳᠠᠷ᠎ᠠ ᠬᠤᠷᠭᠤ ᠳᠤ | ᠲᠤᠬᠢᠷᠠᠭᠰᠠᠨ ᠵᠢᠷᠤᠭ ᠵᠢᠷᠤᠨ᠎ᠠ᠃ ᠵᠢᠷᠤᠭ ᠢᠶᠠᠨ ᠵᠢᠷᠤᠵᠤ ᠪᠠᠷᠠᠭᠰᠠᠨ ᠤ ᠳᠠᠷᠠᠭ᠎ᠠ ᠂ ᠬᠤᠷᠴᠠ ᠭᠢᠳᠤᠭ᠎ᠠ ᠪᠠᠷ | ᠮᠤᠳᠤ ᠪᠠᠨ ᠰᠡᠶᠢᠯᠵᠤ᠂ ᠭᠡᠷᠡᠭᠴᠡᠭᠡ ᠲᠠᠢ ᠶᠢ ᠨᠢ ᠦᠯᠡᠳᠡᠭᠡᠨ᠂ ᠭᠡᠷᠡᠭᠴᠡᠭᠡ ᠦᠭᠡᠢ ᠵᠦᠢᠯ ᠢ ᠨᠢ ᠤᠬᠤᠵᠤ | ᠬᠠᠶᠠᠨ᠎ᠠ᠃ ᠲᠠᠷᠠᠭ᠎ᠠ ᠨᠢ ᠡᠯᠡᠰᠦ ᠨᠠᠭᠠᠯᠳᠤᠭᠤᠯᠤᠭᠰᠠᠨ ᠴᠠᠭᠠᠰᠤ ᠵᠡᠷᠭᠡ ᠶᠢ ᠭᠡᠷᠡᠭᠯᠡᠨ ᠰᠡᠶᠢᠯᠦᠮᠡᠯ ᠤᠨ ᠢᠶᠠᠨ ᠦ | ᠰᠡᠪ ᠢ ᠱᠦᠷᠭᠦᠭᠡᠨ ᠵᠦᠯᠭᠦᠵᠤ ᠤᠨᠠᠭᠠᠭᠠᠳ ᠭᠦᠯᠢᠭᠡᠷ ᠰᠠᠶᠢᠬᠠᠨ ᠪᠤᠯᠭᠠᠵᠤ ᠦᠩᠬᠡᠯᠡᠨᠡ᠃ ᠰᠡᠶᠢᠯᠦᠮᠡᠯ ᠢᠶᠠᠨ | ᠦᠩᠭᠡᠯᠡᠵᠤ ᠪᠠᠷᠠᠭᠰᠠᠨ ᠤ ᠳᠠᠷᠠᠭ᠎ᠠ᠂ ᠠᠷᠤ ᠲᠠᠯ᠎ᠠ ᠠᠴᠠ ᠨᠢ ᠦᠭᠡᠷ᠎ᠡ ᠨᠢᠭᠡᠨ ᠦᠩᠭᠡ ᠶᠢᠨ ᠮᠤᠳᠤᠨ ᠬᠠᠪᠳᠠᠰᠤ | ᠨᠠᠭᠠᠵᠤ ᠪᠠᠬᠢᠯᠡᠬᠦ ᠶᠢ ᠰᠠᠭᠤᠷᠢ ᠲᠠᠯᠪᠢᠨ᠎ᠠ ᠭᠡᠳᠡᠭ᠃ ᠡᠮᠡᠭᠡᠯ᠂ ᠠᠪᠳᠠᠷ᠎ᠠ᠂ ᠬᠤᠷᠭᠤ᠂ ᠰᠢᠷᠡᠭᠡ ᠵᠡᠷᠭᠡ | ᠰᠡᠶᠢᠯᠦᠭᠦᠷ ᠲᠠᠢ ᠡᠳ᠋ ᠭᠡᠷᠡᠭᠰᠡᠯ ᠳᠡᠭᠡᠷ᠎ᠡ ᠪᠠᠨ ᠰᠢᠷ ᠪᠤᠳᠤᠭ ᠲᠦᠷᠭᠢᠵᠤ ᠦᠩᠭᠡᠯᠡᠭᠦ ᠶᠢ ᠰᠢᠷᠳᠡᠭᠦ ᠭᠡᠳᠡᠭ᠃ | ᠰᠢᠷᠡᠭᠡ ᠰᠢᠷᠳᠡᠭᠦ ᠪᠠᠷ ᠵᠢᠱᠢᠶᠡᠯᠡᠪᠡᠯ᠂ ᠰᠢᠷᠡᠭᠡᠨ ᠨᠢᠭᠤᠷ᠂ ᠰᠢᠷᠡᠭᠡᠨ ᠭᠦᠯ ᠵᠡᠷᠭᠡ ᠶᠢ ᠠᠳᠠᠯᠢ ᠪᠤᠰᠤ ᠦᠩᠭᠡ | ᠪᠤᠳᠤᠭ ᠢᠶᠠᠷ ᠰᠢᠷᠳᠡᠵᠤ᠂ ᠰᠠᠶᠢᠳᠤᠷ ᠬᠠᠳᠠᠭᠠᠭᠰᠠᠨ ᠤ ᠳᠠᠷᠠᠭ᠎ᠠ ᠪᠠᠭ᠋ᠠᠨ ᠴᠢᠭᠢᠭ ᠲᠠᠢ ᠪᠦᠳᠦᠭᠦᠯᠢᠭ ᠪᠦᠰ ᠢᠶᠠᠷ | ᠪᠤᠳᠤᠭ ᠤᠨ ᠳᠡᠭᠡᠭᠦᠷ ᠨᠢ ᠵᠦᠯᠭᠦᠵᠤ ᠲᠡᠭᠰᠢᠯᠡᠭᠡᠳ᠂ ᠤᠷᠭᠤᠮᠠᠯ ᠤᠨ ᠲᠤᠰᠤ ᠪᠠᠷ ᠦᠩᠭᠡᠯᠡᠨ᠎ᠡ᠃ | 2003 ᠤᠨ ᠳᠤ ᠲᠠᠶᠢᠹᠤᠰᠧ ᠬᠤᠰᠢᠭᠤ ᠨᠢ ᠲᠤᠮᠳᠠᠳᠤ ᠪᠠᠭ᠎ᠠ ᠰᠤᠷᠤᠭᠴᠢᠳ ᠤᠨ ᠮᠠᠯᠵᠢᠬᠤ ᠤᠷᠤᠨ ᠤ | ᠦᠢᠯᠡᠳᠪᠦᠷᠢᠯᠡᠯ ᠠᠮᠢᠳᠤᠷᠠᠯ ᠤᠨ ᠭᠡᠷᠡᠭᠰᠡᠯ ᠢ ᠰᠡᠶᠢᠯᠵᠦ ᠱᠤᠭᠤᠬᠤ ᠪᠠᠷ ᠭᠤᠤᠯ ᠪᠤᠯᠭᠠᠭᠰᠠᠨ ︽ᠵᠢᠷᠭᠠᠯᠠᠩᠳᠤ ᠲᠠᠯ᠎ᠠ | ︾ ᠦᠨᠳᠦᠰᠦᠨ ᠰᠡᠶᠢᠯᠦᠮᠡᠯ ᠤᠨ ᠠᠵᠢᠯᠯᠠᠬᠤ ᠦᠷᠦᠭᠡ ᠪᠠᠶᠢᠭᠤᠯᠤᠭᠠᠳ᠂ 2006 ᠤᠨ ᠳᠤ ᠲᠤᠮᠳᠠᠳᠤ ᠤᠯᠤᠰ | ᠤᠨ ᠠᠳᠤᠭᠤᠨ ᠰᠤᠶᠤᠯ ᠤᠨ ᠮᠦᠽᠸᠢ ᠲᠠᠢ ᠬᠠᠮᠳᠤᠷᠠᠨ 200 ᠭᠠᠷᠤᠢ ᠦᠢᠯᠡᠳᠬᠦᠨ ᠢ ᠪᠦᠳᠦᠭᠡᠵᠦ᠂ ᠡᠬᠦᠨ ᠤ | ᠲᠤᠳᠤᠷ᠎ᠠ ᠠᠴᠠ ︽ᠡᠮᠡᠭᠡᠯ︾᠂ ︽ᠲᠦᠷᠦᠭᠡ︾᠂ ︽ᠬᠠᠰᠠᠭ ᠲᠡᠷᠭᠡ︾ ᠵᠡᠷᠭᠡ ᠶᠢᠰᠦᠨ ᠪᠦᠳᠦᠭᠡᠯ ᠨᠢ ᠲᠤᠰ | ᠮᠦᠽᠸᠢ ᠳᠤ ᠬᠠᠳᠠᠭᠠᠯᠠᠭᠳᠠᠭᠰᠠᠨ ᠪᠠᠶᠢᠨ᠎ᠠ᠃ 2009 ᠤᠨ ᠳᠤ ︽ᠮᠤᠩᠭᠤᠯ ᠤᠨ ᠦᠨᠳᠦᠷᠯᠢᠭ ᠤᠨ ᠬᠦᠰᠡᠯ︾ | ᠬᠡᠮᠡᠬᠦ ᠤᠷᠠᠨ ᠪᠦᠳᠦᠭᠡᠯ ᠨᠢ ᠪᠦᠬᠦ ᠤᠷᠤᠨ ᠤ ᠬᠤᠶᠠᠳᠤᠭᠠᠷ ᠤᠳᠠᠭᠠᠨ ᠤ ᠵᠢᠭᠤᠯᠴᠢᠯᠠᠯ ᠤᠨ ᠪᠠᠷᠠᠭ᠎ᠠ ᠲᠠᠸᠠᠷ ᠤᠨ | ᠵᠢᠷᠤᠵᠤ ᠲᠦᠯᠦᠪᠯᠡᠬᠦ ᠱᠠᠩᠨᠠᠯᠳᠤ ᠤᠷᠤᠯᠳᠤᠭᠠᠨ ᠳᠤ ᠤᠷᠤᠯᠴᠠᠭᠠᠳ ᠰᠢᠯᠢᠳᠡᠭ ᠪᠦᠳᠦᠭᠡᠯ ᠤᠨ ᠱᠠᠩᠨᠠᠯ ᠢ | ᠲᠤᠰᠴᠠᠢ᠃ | ᠲᠠᠶᠢᠹᠤᠰᠧ ᠬᠤᠰᠢᠭᠤ ᠦᠨᠳᠦᠰᠦ ᠰᠡᠶᠢᠯᠬᠦ ᠮᠡᠷᠭᠡᠵᠢᠯ ᠢ ᠬᠤᠰᠢᠭᠤᠨ ᠤ ᠲᠡᠰ ᠤᠨ ᠪᠤᠳᠠᠰ ᠤᠨ ᠪᠤᠰᠤ | ᠰᠤᠶᠤᠯ ᠤᠨ ᠦᠪ ᠲᠤ ᠤᠷᠤᠭᠤᠯᠵᠤ᠂ ᠡᠷᠳᠡᠨᠢᠰᠠᠩ ᠲᠦᠯᠦᠭᠡᠯᠡᠭᠴᠢ ᠴᠢᠨᠠᠷᠳᠠᠢ ᠦᠪᠯᠡᠨ ᠤᠯᠠᠮᠵᠢᠯᠠᠭᠴᠢ | ᠪᠤᠯᠵᠠᠢ᠃ | ᠤᠯᠠᠮᠵᠢᠯᠠᠭᠴᠢ ᠶᠢᠨ ᠲᠤᠪᠴᠢ ᠲᠠᠨᠢᠯᠴᠠᠭᠤᠯᠭ᠎ᠠ᠄ ᠡᠷᠳᠡᠨᠢᠰᠠᠩ᠂ ᠡᠷᠡᠭᠳᠡᠢ᠂ ᠮᠤᠩᠭᠤᠯ ᠦᠨᠳᠦᠰᠦᠳᠡᠨ᠂ | 1978 ᠤᠨ ᠳᠤ ᠲᠦᠷᠦᠪᠡ᠃ ᠲᠠᠶᠢᠹᠤᠰᠧ ᠬᠤᠰᠢᠭᠤᠨ ᠤ ᠬᠦᠨᠪᠤᠯᠠᠭ ᠰᠤᠮᠤᠨ ᠤ ᠬᠦᠮᠦᠨ᠃ ᠬᠠᠷ᠎ᠠ ᠪᠠᠭ᠎ᠠ | ᠠᠴᠠ ᠪᠠᠨ ᠵᠢᠷᠤᠭ ᠤᠷᠠᠯᠠᠯ ᠳᠤ ᠪᠠᠭ᠋ᠠᠳᠠᠢ᠂ ᠰᠡᠶᠢᠯᠵᠦ ᠱᠤᠭᠤᠬᠤ ᠳᠠᠭᠠᠨ ᠠᠪᠢᠶᠠᠰ ᠲᠠᠢ ᠪᠠᠶᠢᠵᠤ᠂ ᠰᠤᠷᠭᠠᠭᠤᠯᠢ | ᠰᠤᠶᠤᠯ ᠤᠨ ᠮᠦᠷ ᠬᠦᠭᠡᠭᠡᠵᠦ ᠪᠠᠶᠢᠬᠤ ᠳᠠᠭᠠᠨ ᠤᠷᠠᠨ ᠵᠢᠷᠤᠭ ᠤᠨ ᠪᠦᠳᠦᠭᠡᠯ ᠨᠢ ᠤᠯᠠᠨ ᠤᠳᠠᠭ᠎ᠠ ᠱᠠᠩᠨᠠᠯ | ᠬᠦᠭᠢᠬᠦᠯᠦᠯ ᠬᠦᠷᠳᠡᠵᠦ ᠦᠩᠭᠡᠷᠡᠵᠡᠢ᠃ ᠰᠡᠬᠦᠯᠡᠷ ᠨᠢ ᠮᠠᠯ ᠠᠬᠤᠢ ᠪᠠᠨ ᠡᠷᠬᠢᠯᠡᠵᠦ ᠶᠠᠪᠤᠬᠤ ᠵᠠᠭᠤᠷ᠎ᠠ᠂ ᠮᠡᠳᠡᠯᠬᠡ | ᠪᠠᠨ ᠪᠠᠳᠤᠳᠬᠠᠨ ᠮᠡᠷᠭᠡᠵᠢᠯ ᠢᠶᠠᠨ ᠲᠡᠭᠡᠭᠰᠢᠯᠡᠬᠦᠯᠵᠦ᠂ ᠰᠡᠶᠢᠯᠵᠦ ᠱᠤᠭᠤᠬᠤ ᠦᠢᠯᠡᠰ ᠲᠡᠭᠡᠨ ᠰᠠᠭᠤᠷᠢ | ᠲᠠᠯᠪᠢᠭᠰᠠᠨ ᠪᠠᠶᠢᠨ᠎ᠠ᠃ ᠲᠡᠬᠦᠨ ᠤ ᠦᠨᠳᠦᠰᠦᠨ ᠰᠡᠶᠢᠯᠦᠮᠡᠯ ᠤᠨ ᠪᠦᠳᠦᠭᠡᠯ ᠨᠢ ᠪᠦᠷ ᠮᠤᠩᠭᠤᠯ ᠨᠤᠳᠤᠭ᠂ | ᠮᠤᠩᠭᠤᠯ ᠠᠮᠢᠳᠤᠷᠠᠯ ᠤᠨ ᠲᠤᠮᠳᠠ ᠠᠴᠠ ᠢᠷᠡᠭᠰᠡᠨ ᠪᠤᠯᠬᠤᠷ ᠦᠨᠳᠦᠰᠦᠳᠡᠨ ᠤ ᠦᠨᠦᠷ ᠠᠮᠳᠠ᠂ ᠭᠡᠪ ᠨᠠᠮᠪᠠ ᠲᠠᠢ | ᠪᠠᠶᠢᠵᠤ᠂ ᠤᠯᠠᠨ ᠤ ᠠᠩᠬᠠᠷᠤᠯ ᠳᠤ ᠬᠦᠷᠦᠭᠰᠡᠨ ᠶᠤᠮ᠃ |