ᠤᠯᠠᠮᠵᠢᠯᠠᠯᠳᠤ ᠴᠠᠭᠠᠨ ᠢᠳᠡᠭᠡ —  ᠰᠢᠷ᠎ᠠ ᠴᠠᠭᠠᠨ ᠲᠤᠰᠤ
ᠨᠡᠶᠢᠲᠡᠯᠡᠭᠰᠡᠨ ᠴᠠᠭ᠄
2020/3/27
    ᠵᠦᠭᠡᠭᠡᠢ  ᠪᠠᠨ ᠸᠠᠭᠠᠷ ᠰᠠᠪᠠᠨ  ᠳᠤ ᠬᠢᠵᠦ ᠬᠤᠳᠬᠤᠪᠠᠯ ᠲᠤᠰᠤ ᠨᠢ ᠪᠦᠭᠡᠮᠨᠡᠷᠡᠵᠦ ᠢᠯᠭᠠᠷᠠᠨ ᠭᠠᠷᠤᠨ᠎ᠠ᠂ ᠡᠬᠦᠨ  ᠢ ᠴᠠᠭᠠᠨ ᠲᠤᠰᠤ ᠭᠡᠳᠡᠭ᠃ ᠢᠯᠭᠠᠷᠠᠨ ᠭᠠᠷᠤᠭᠰᠠᠨ ᠰᠦᠮᠦᠰᠦ  ᠶᠢ ᠮᠦᠨ ᠰᠢᠩᠭᠡ ᠬᠡᠵᠦ᠂ ᠡᠭᠦᠨ  ᠢ ᠰᠠᠭᠠᠯᠢ  ᠶᠢᠨ ᠠᠷᠢᠬᠢ  ᠶᠢᠨ ᠬᠦᠷᠦᠩᠭᠡ ᠪᠤᠯᠭᠠᠵᠤ ᠪᠤᠯᠤᠨ᠎ᠠ᠃ ᠴᠠᠭᠠᠨ ᠲᠤᠰᠤ  ᠶᠢ  ᠲᠡᠷᠨ ᠭᠡᠪ ᠢᠶᠠᠷ ᠨᠢ ᠢᠳᠡᠵᠦ ᠭᠡᠷᠡᠭᠯᠡᠬᠦ ᠪᠠ ᠬᠠᠳᠠᠭᠠᠯᠠᠵᠤ ᠪᠤᠯᠤᠨ᠎ᠠ᠃ ᠬᠠᠳᠠᠭᠠᠯᠠᠬᠤ   ᠳᠠᠭᠠᠨ ᠰᠦᠮᠦᠰᠦ  ᠶᠢ ᠨᠢ ᠰᠠᠶᠢᠳᠤᠷ ᠰᠢᠪᠬᠠᠷᠠᠭᠠᠭᠠᠳ ᠪᠠᠭ᠎ᠠ ᠬᠡᠮᠵᠢᠶᠡᠨ  ᠤ ᠨᠠᠷᠢᠯᠢᠭ ᠲᠠᠪᠤᠰᠤ ᠬᠤᠯᠢᠵᠤ  ᠂ ᠰᠠᠶᠢᠳᠤᠷ ᠨᠤᠬᠤᠵᠤ ᠨᠡᠶᠢᠴᠡᠭᠦᠯᠦᠨ ᠰᠡᠷᠢᠬᠦᠨ ᠭᠠᠵᠠᠷ ᠲᠠᠯᠪᠢᠵᠤ ᠬᠠᠳᠠᠭᠠᠯᠠᠨ᠎ᠠ᠃ ᠴᠠᠭᠠᠨ ᠲᠤᠰᠤ  ᠪᠠᠨ ᠪᠤᠴᠠᠯᠭᠠᠨ ᠬᠠᠶᠢᠯᠠᠭᠤᠯᠵᠤ ᠰᠢᠷ᠎ᠠ ᠲᠤᠰᠤ ᠪᠤᠯᠪᠠᠰᠤᠷᠠᠭᠤᠯᠤᠨ ᠠᠪᠤᠨ᠎ᠠ᠃ ᠰᠢᠷ᠎ᠠ ᠲᠤᠰᠤ ᠪᠤᠯ ᠬᠦᠮᠦᠨ  ᠤ ᠪᠡᠶ᠎ᠡ  ᠳᠤ ᠲᠡᠵᠢᠭᠡᠯ  ᠰᠠᠶᠢᠳᠠᠢ ᠪᠦᠬᠡᠳ ᠢᠳᠡ ᠢᠯᠴᠢ  ᠶᠢ ᠨᠡᠮᠡᠭᠳᠡᠬᠦᠯᠬᠦ ᠴᠢᠳᠠᠯ ᠲᠠᠢ ᠤᠬᠢ ᠰᠠᠶᠢᠨ ᠢᠳᠡᠭᠡᠨ ᠮᠦᠨ᠃  ᠰᠢᠷ᠎ᠠ ᠲᠤᠰᠤ ᠲᠠᠢ᠂ ᠪᠤᠳᠠᠭ᠎ᠠ ᠲᠠᠢ ᠴᠠᠢ ᠤᠤᠭᠤᠬᠤ ᠪᠤᠯ ᠮᠤᠩᠭᠤᠯᠴᠣᠳ  ᠤᠨ ᠪᠠᠰᠠ ᠨᠢᠭᠡ ᠤᠨᠴᠠᠯᠢᠭᠳᠤ ᠢᠳᠡᠭᠡᠨ᠃  ᠰᠢᠷ᠎ᠠ ᠲᠤᠰᠤ  ᠶᠢ ᠪᠠᠰᠠ  ᠴᠠᠢ ᠬᠤᠭᠤᠯᠠᠨ  ᠳᠠᠭᠠᠨ ᠰᠠᠮᠤᠷᠴᠤ ᠠᠮᠳᠠ ᠤᠷᠤᠭᠤᠯᠵᠤ ᠪᠤᠯᠤᠨ᠎ᠠ᠂  ᠶᠢᠤᠮᠠᠢ ᠶᠢᠨ ᠭᠤᠯᠢᠷ ᠲᠠᠢ ᠵᠢᠭᠤᠷᠠᠵᠤ ᠢᠳᠡᠵᠦ ᠪᠤᠯᠤᠨ᠎ᠠ᠂  ᠵᠤᠯᠨ ᠠᠰᠠᠭᠠᠵᠤ ᠪᠤᠯᠤᠨ᠎ᠠ᠂ ᠡᠮ  ᠤᠨ ᠬᠦᠯᠭᠡ  ᠳᠤ  ᠤᠷᠤᠵᠤ ᠡᠪᠡᠳᠴᠢᠨ ᠡᠮᠭᠡᠭ  ᠢ ᠪᠠᠰᠠ ᠵᠠᠰᠠᠳᠠᠭ᠂  ᠰᠢᠮ᠎ᠡ ᠲᠡᠵᠢᠭᠡᠯ ᠶᠡᠬᠡᠳᠠᠢ ᠪᠤᠯᠬᠤᠷ ᠤᠰᠤᠭᠤᠵᠤ ᠪᠡᠭᠡᠷᠡᠭᠰᠡᠨ ᠬᠦᠮᠦᠨ ᠮᠠᠯ  ᠳᠤ ᠰᠢᠷ᠎ᠠ ᠲᠤᠰᠤ ᠴᠢᠳᠬᠤᠵᠤ ᠦᠭᠪᠡᠯ ᠢᠯᠴᠢ ᠨᠡᠮᠡᠭᠳᠡᠵᠦ ᠲᠠᠷᠤᠢ ᠲᠡᠩᠭᠡᠷᠡᠳᠡᠭ ᠪᠠᠶᠢᠨ᠎ᠠ᠃ ᠰᠢᠷ᠎ᠠ ᠴᠠᠭᠠᠨ ᠲᠤᠰᠤ  ᠶᠢ ᠬᠤᠨᠢᠨ  ᠤ ᠤᠯᠤᠭᠠᠢ ᠬᠦᠵᠡᠭᠡ  ᠪᠤᠶᠤ ᠰᠢᠯ ᠱᠠᠭᠠᠵᠠᠩ᠂ ᠸᠠᠭᠠᠷ ᠪᠤᠳᠤᠩ ᠳᠤ ᠰᠠᠪᠠᠯᠠᠵᠤ  ᠲᠦᠷᠪᠡᠨ ᠤᠯᠠᠷᠢᠯ  ᠳᠤ ᠬᠠᠳᠠᠭᠠᠯᠠᠵᠤ ᠭᠡᠷᠡᠭᠯᠡᠵᠦ ᠪᠤᠯᠤᠨ᠎ᠠ  ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号