ᠤᠯᠠᠮᠵᠢᠯᠠᠯᠳᠤ ᠴᠠᠭᠠᠨ ᠢᠳᠡᠭᠡ — ᠪᠢᠰᠢᠯᠠᠭ
ᠨᠡᠶᠢᠲᠡᠯᠡᠭᠰᠡᠨ ᠴᠠᠭ᠄
2020/3/27
    ᠪᠢᠰᠢᠯᠠᠭ ᠲᠤ ᠪᠤᠯᠤᠭᠰᠠᠨ ᠰᠦᠨ ᠤ ᠪᠢᠰᠢᠯᠠᠭ᠂ ᠲᠦᠬᠦᠭᠡᠢ ᠰᠦᠨ ᠤ ᠪᠢᠰᠢᠯᠠᠭ ᠬᠡᠵᠦ ᠬᠤᠶᠠᠷ ᠵᠦᠢᠯ ᠪᠤᠢ᠃ ᠦᠷᠦᠮ᠎ᠡ ᠬᠦᠭᠡᠷᠦᠬᠦᠯᠵᠦ ᠠᠪᠤᠭᠰᠠᠨ ᠪᠤᠯᠤᠭᠰᠠᠨ ᠰᠦᠨ ᠤ ᠡᠭᠡᠳᠡᠮ ᠢᠶᠠᠷ ᠰᠢᠬᠠᠭᠰᠠᠨ ᠢ ᠪᠤᠯᠤᠭᠰᠠᠨ ᠰᠦᠨ ᠤ ᠪᠢᠰᠢᠯᠠᠭ ᠬᠡᠵᠦ᠂ ᠡᠭᠡᠳᠡᠭᠰᠡᠨ ᠰᠦ ᠬᠤᠯᠢᠵᠤ ᠰᠢᠬᠠᠭᠰᠠᠨ  ᠢ ᠲᠦᠬᠦᠭᠡᠢ ᠰᠦᠨ  ᠤ ᠪᠢᠰᠢᠯᠠᠭ ᠭᠡᠨ᠎ᠡ᠃ ᠪᠢᠰᠢᠯᠠᠭ  ᠢ ᠮᠦᠨ ᠬᠤᠷᠤᠳ ᠬᠢᠬᠦ ᠲᠠᠢ ᠠᠳᠠᠯᠢ ᠪᠤᠴᠠᠯᠭᠠᠵᠤ᠂ ᠡᠭᠡᠳᠡᠮ ᠦᠳᠭᠡᠷᠡᠬᠦ ᠦᠶᠡᠰ ᠴᠡᠪᠡᠷ ᠴᠠᠭᠠᠨ ᠪᠦᠰᠡᠨ ᠳᠡᠭᠡᠷ᠎ᠡ ᠱᠦᠬᠦᠵᠦ ᠭᠠᠷᠭᠠᠭᠠᠳ᠂ ᠰᠢᠷ᠎ᠠ ᠤᠰᠤ  ᠶᠢ ᠨᠢ ᠰᠠᠶᠢᠳᠤᠷ ᠰᠢᠪᠬᠠᠵᠤ ᠬᠠᠪᠳᠠᠭᠠᠶᠢᠯᠠᠨ ᠭᠡᠪᠰᠢᠬᠦᠯᠦᠭᠡᠳ᠂ ᠲᠤᠰᠬᠠᠢ ᠪᠡᠯᠡᠳᠭᠡᠭᠰᠡᠨ ᠬᠤᠶᠠᠷ ᠮᠤᠳᠤᠨ ᠬᠠᠪᠳᠠᠰᠤ  ᠶᠢᠨ ᠵᠠᠪᠰᠠᠷ ᠲᠠᠯᠪᠢᠵᠦ ᠲᠡᠭᠡᠷ᠎ᠡ  ᠠᠴᠠ ᠨᠢ ᠴᠢᠯᠠᠭᠤ ᠵᠡᠷᠭᠡ ᠬᠦᠨᠳᠦ ᠶᠠᠭᠤᠮ᠎ᠠ  ᠪᠠᠷ ᠲᠠᠷᠤᠵᠤ ᠤᠰᠤ  ᠶᠢ ᠪᠦᠷᠢᠨ ᠰᠢᠪᠬᠠᠷᠠᠭᠠᠵᠤ ᠠᠪᠤᠨ᠎ᠠ᠃ ᠪᠢᠰᠢᠯᠠᠭ  ᠤᠨ ᠦᠩᠭᠡ ᠨᠢ ᠰᠢᠷ᠎ᠠ᠂ ᠠᠮᠳᠠ ᠨᠢ ᠰᠢᠬᠢᠷᠯᠢᠭ᠂ ᠨᠤᠶᠢᠳᠠᠨ  ᠢᠶᠠᠷ ᠵᠦᠰᠦᠵᠦ ᠢᠳᠡᠬᠦ  ᠳᠤ ᠲᠤᠩ ᠰᠠᠶᠢᠬᠠᠨ ᠠᠮᠳᠠᠳᠠᠢ᠂ ᠵᠤᠨ  ᠤ ᠴᠠᠭ  ᠲᠤ ᠪᠠᠷᠢᠨ ᠢᠳᠡᠵᠦ ᠪᠤᠯᠬᠤ ᠪᠦᠭᠡᠳ ᠴᠠᠢ  ᠶᠢᠨ ᠬᠢᠴᠡ  ᠳᠤ ᠲᠤᠩ ᠲᠤᠬᠢᠷᠠᠮᠵᠢᠳᠠᠢ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号