ᠤᠯᠠᠮᠵᠢᠯᠠᠯᠳᠤ ᠴᠠᠭᠠᠨ ᠢᠳᠡᠭᠡ — ᠬᠤᠷᠤᠳ
ᠨᠡᠶᠢᠲᠡᠯᠡᠭᠰᠡᠨ ᠴᠠᠭ᠄
2020/3/27
   ᠬᠤᠷᠤᠳ ᠪᠤᠯ ᠲᠠᠶᠢᠹᠤᠰᠧ ᠨᠤᠳᠤᠭ  ᠤᠨ ᠮᠠᠯᠴᠢᠨ ᠡᠷᠦᠬᠡ ᠪᠦᠬᠦᠨ  ᠤ  ᠨᠡᠶᠢᠳᠡᠮ ᠬᠢᠵᠦ ᠡᠳ᠋ᠯᠡᠳᠡᠭ ᠭᠤᠤᠯ ᠪᠤᠯᠬᠤ ᠴᠠᠭᠠᠨ ᠢᠳᠡᠭᠡ ᠮᠦᠨ᠃  ᠵᠦᠭᠡᠭᠡᠢ  ᠶᠢ ᠬᠠᠮᠤᠵᠤ ᠠᠪᠤᠭᠰᠠᠨ  ᠤ ᠲᠠᠷᠠᠭ᠎ᠠ ᠦᠯᠡᠳᠡᠭᠰᠡᠨ ᠰᠦᠨ  ᠤ ᠡᠭᠡᠳᠡᠮ ︵ᠡᠭᠡᠳᠡᠭᠰᠡᠨ ᠰᠦ︶  ᠢᠶᠠᠨ ᠲᠤᠭᠤᠭᠠᠨ  ᠳᠤ ᠬᠢᠵᠦ ᠵᠦᠬᠡᠯᠡᠨ ᠭᠠᠯ  ᠢᠶᠠᠷ ᠪᠤᠴᠠᠯᠭᠠᠪᠠᠯ ᠰᠢᠷ᠎ᠠ ᠤᠰᠤ ᠪᠤᠯᠤᠨ ᠡᠭᠡᠵᠡᠭᠡᠢ ᠨᠢ ᠢᠯᠭᠠᠷᠠᠨ᠎ᠠ᠃ ᠰᠢᠷ᠎ᠠ ᠤᠰᠤ  ᠶᠢ ᠨᠢ ᠰᠠᠶᠢᠳᠤᠷ ᠱᠦᠬᠦᠵᠦ ᠠᠪᠤᠭᠠᠳ ᠦᠯᠡᠳᠡᠭᠰᠡᠨ ᠡᠭᠡᠵᠡᠭᠡᠢ  ᠶᠢ ᠰᠠᠶᠢᠳᠤᠷ ᠨᠤᠬᠤᠨ ᠨᠡᠶᠢᠴᠡᠬᠦᠯᠵᠦ᠂ ᠤᠷᠠᠯᠢᠭ ᠰᠠᠶᠢᠬᠠᠨ ᠰᠡᠶᠢᠯᠦᠭᠰᠡᠨ ᠶᠠᠩᠵᠤ ᠪᠦᠷᠢ  ᠶᠢᠨ ᠬᠡᠪ  ᠲᠤ ᠲᠠᠷᠤᠰᠢᠭᠤᠯᠵᠤ  ᠠᠪᠬᠤ ᠪᠤᠶᠤ ᠬᠠᠪᠳᠠᠭᠠᠶᠢᠯᠠᠨ ᠲᠠᠷᠤᠵᠤ ᠡᠭᠡᠷᠡᠭᠡᠭᠡᠳ ᠭᠡᠷᠴᠢᠵᠦ ᠬᠠᠳᠠᠭᠠᠪᠠᠯ ᠰᠦᠨ ᠬᠤᠷᠤᠳ ᠪᠤᠯᠤᠨ᠎ᠠ᠃ ᠬᠡᠪᠯᠡᠭᠰᠡᠨ ᠢ ᠨᠢ ᠬᠡᠪ  ᠤᠨ ᠬᠤᠷᠤᠳ ᠬᠡᠵᠦ  ᠂ ᠭᠡᠷᠴᠢᠵᠦ ᠬᠠᠳᠠᠭᠠᠭᠰᠠᠨ  ᠢ ᠭᠡᠷᠴᠢᠮᠡᠯ ᠬᠡᠳᠡᠭ᠃ ᠬᠤᠷᠤᠳ  ᠢ ᠲᠤᠭᠤᠭᠠᠨ  ᠳᠤ ᠨᠤᠬᠤᠬᠤ ᠦᠶ᠎ᠡ  ᠳᠡᠭᠡᠨ ᠰᠢᠬᠢᠷ ᠪᠤᠶᠤ ᠪᠤᠷᠠᠮ ᠬᠤᠯᠢᠵᠤ ᠬᠢᠪᠡᠯ ᠢᠳᠡᠬᠦ  ᠳᠤ ᠠᠮᠳᠠᠳᠠᠢ ᠪᠦᠭᠡᠳ ᠠᠶᠢᠬᠤᠪᠳᠤᠷ ᠬᠠᠳᠠᠬᠤ ᠦᠭᠡᠢ ᠪᠠᠶᠢᠳᠠᠭ᠃ ᠬᠤᠷᠤᠳ  ᠢ ᠭᠤᠤᠯᠳᠠᠭᠤ ᠴᠠᠢ ᠳᠤ ᠲᠡᠪᠳᠦᠭᠡᠵᠦ ᠢᠳᠡᠬᠦ ᠪᠤᠶᠤ ᠰᠢᠭᠤᠳ ᠢᠳᠡᠭᠰᠡᠨ ᠴᠤ ᠪᠤᠯᠤᠨ᠎ᠠ  ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号