ᠤᠯᠠᠮᠵᠢᠯᠠᠯᠳᠤ ᠴᠠᠭᠠᠨ ᠢᠳᠡᠭᠡ — ᠵᠦᠬᠡᠭᠡᠢ
ᠨᠡᠶᠢᠲᠡᠯᠡᠭᠰᠡᠨ ᠴᠠᠭ᠄
2020/3/27
   ᠵᠦᠬᠡᠭᠡᠢ ᠪᠤᠯ ᠰᠦᠨ  ᠤ ᠲᠤᠰᠤᠯᠢᠭ ᠢᠳᠡᠭᠡᠨ ᠪᠤᠯᠤᠨ᠎ᠠ᠃ ᠵᠤᠨ  ᠤ ᠴᠠᠭ  ᠲᠤ ᠰᠠᠭᠠᠭᠰᠠᠨ ᠰᠦ  ᠪᠠᠨ ᠸᠠᠭᠠᠷ ᠰᠠᠪᠠᠨ  ᠳᠤ ᠬᠢᠵᠦ ᠰᠡᠷᠢᠬᠦᠨ ᠭᠠᠵᠠᠷ ᠬᠦᠳᠡᠯᠭᠡᠯ ᠦᠬᠡᠢ ᠲᠠᠯᠪᠢᠪᠠᠯ ᠪᠠᠷᠤᠭ48 ᠴᠠᠭ  ᠤᠨ ᠲᠤᠳᠤᠷ᠎ᠠ ᠰᠦ ᠡᠭᠡᠳᠡᠨ᠎ᠡ᠂ ᠡᠭᠡᠳᠡᠭᠰᠡᠨ ᠰᠦᠨ  ᠤ ᠲᠡᠭᠡᠷ᠎ᠡ ᠲᠠᠯ᠎ᠠ  ᠳᠤ ᠦᠳᠭᠡᠨ ᠲᠤᠰᠤᠯᠢᠭ ᠨᠢ ᠢᠯᠭᠠᠷᠠᠨ ᠭᠠᠷᠬᠤ ᠦᠶᠡᠰ ᠲᠡᠭᠦᠨ  ᠢ ᠰᠦᠨ  ᠠᠴᠠ ᠨᠢ ᠳᠡᠭᠡᠭᠦᠷ ᠬᠠᠮᠤᠵᠤ ᠠᠪᠤᠭᠰᠠᠨ  ᠢ ᠵᠦᠬᠡᠬᠡᠢ ᠬᠡᠨ᠎ᠡ᠃ ᠵᠦᠬᠡᠭᠡᠢ ᠪᠤᠯ ᠰᠢᠷ᠎ᠠ ᠴᠠᠭᠠᠨ ᠲᠤᠰᠤᠨ  ᠤ ᠡᠬᠢ ᠮᠠᠲ᠋ᠧᠷᠢᠶᠠᠯ ᠪᠤᠯᠬᠤ ᠪᠦᠭᠡᠳ ᠴᠠᠢ ᠨᠡᠶᠢᠯᠡᠬᠦᠯᠵᠦ᠂ ᠪᠤᠤᠪᠤ ᠪᠤᠭᠤᠷᠰᠤᠭ ᠲᠦᠷᠢᠵᠦ  ᠢᠳᠡᠬᠦ ᠮᠡᠳᠦ  ᠪᠠᠷ  ᠲᠡᠷᠡ ᠬᠡᠪ  ᠢᠶᠠᠷ ᠨᠢ ᠬᠡᠷᠡᠭᠯᠡᠵᠦ ᠴᠤ ᠪᠤᠯᠤᠨ᠎ᠠ᠃  ᠵᠦᠭᠡᠭᠡᠢ ᠲᠠᠢ ᠪᠤᠳᠠᠭ᠎ᠠ ᠵᠢᠭᠤᠷᠠᠵᠤ ᠢᠳᠡᠬᠦ ᠪᠤᠯ ᠮᠤᠩᠭᠤᠯᠴᠤᠳ  ᠤᠨ ᠢᠳᠡᠭᠡᠨ  ᠤ ᠳᠡᠭᠡᠳᠦ  ᠶᠢᠨ ᠨᠢᠭᠡ  ᠪᠤᠯᠤᠨ᠎ᠠ᠂ ᠬᠢᠬᠦ  ᠠᠷᠭ᠎ᠠ ᠨᠢ᠄ ᠲᠤᠮᠳᠠᠭᠤᠷ ᠠᠶᠠᠭ᠎ᠠ ᠬᠢᠷᠢᠳᠠᠢ ᠬᠠᠭᠤᠷᠤᠭᠰᠠᠨ ᠪᠤᠳᠠᠭ᠎ᠠ  ︵ᠬᠠᠭᠤᠷᠠᠢ ᠪᠤᠳᠠᠭ᠎ᠠ︶  ᠶᠢ ᠪᠤᠴᠠᠯᠤᠭᠰᠠᠨ ᠤᠰᠤᠨ  ᠳᠤ ᠵᠠᠶᠢᠯᠠᠵᠤ ᠳᠡᠪᠳᠦᠭᠡᠭᠰᠡᠨ  ᠤ ᠲᠠᠷᠠᠭ᠎ᠠ ᠤᠰᠤ  ᠶᠢ ᠨᠢ ᠰᠢᠪᠬᠠᠷᠠᠨ ᠠᠰᠬᠠᠵᠤ  ᠂ ᠲᠡᠭᠡᠷ᠎ᠡ ᠨᠢ ᠬᠤᠷᠤᠭᠤ ᠵᠤᠵᠠᠭᠠᠨ ᠬᠦᠰᠢᠭᠰᠡᠨ ᠵᠦᠭᠡᠭᠡᠢ  ᠪᠠᠨ ᠰᠢᠨᠠᠭ᠎ᠠ ᠰᠢᠬᠠᠮ ᠬᠢᠵᠦ  ᠵᠢᠭᠤᠷᠠᠪᠠᠯ ᠪᠤᠯᠴᠢᠬᠠᠨ᠎ᠠ᠂ ᠠᠮᠳᠠᠳᠠᠢ ᠢᠳᠡᠬᠦ ᠭᠡᠪᠡᠯ ᠪᠤᠷᠠᠮ᠂ ᠱᠠᠳᠠᠩ ᠬᠢᠵᠦ ᠬᠤᠳᠬᠤᠨ᠎ᠠ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号