ᠤᠯᠠᠮᠵᠢᠯᠠᠯᠳᠤ ᠴᠠᠭᠠᠨ ᠢᠳᠡᠭᠡ — ᠮᠤᠩᠭᠤᠯ ᠠᠷᠢᠬᠢ
ᠨᠡᠶᠢᠲᠡᠯᠡᠭᠰᠡᠨ ᠴᠠᠭ᠄
2020/3/27
  ᠪᠠᠰᠠ ᠰᠠᠭᠠᠯᠢ  ᠶᠢᠨ ᠠᠷᠢᠬᠢ ᠭᠡᠨ᠎ᠡ᠃ ᠲᠡᠭᠦᠨ  ᠢ ᠢᠰᠦᠯᠳᠡ ᠬᠦᠢᠴᠡᠭᠰᠡᠨ ᠦᠨᠢᠶᠡᠨ ᠰᠦᠨ  ᠤ ᠠᠶᠢᠷᠠᠭ ᠪᠠ ᠭᠡᠬᠦᠦ  ᠶᠢᠨ ᠰᠦᠨ  ᠤ ᠠᠶᠢᠷᠠᠭ ︵ᠴᠡᠭᠡ︶  ᠢᠶᠠᠷ ᠨᠡᠷᠡᠵᠦ ᠠᠪᠳᠠᠭ᠃ ᠠᠶᠢᠷᠠᠭ  ᠤᠨ ᠢᠰᠦᠯᠳᠡ ᠪᠤᠯ ᠰᠠᠶᠢᠨ ᠠᠷᠢᠬᠢ  ᠨᠡᠷᠡᠵᠦ ᠴᠢᠳᠠᠬᠤ ᠡᠰᠡᠬᠦ  ᠶᠢᠨ ᠵᠠᠩᠬᠢᠯᠠᠭ᠎ᠠ ᠪᠤᠯᠤᠨ᠎ᠠ᠃ ᠬᠡᠬᠦᠦ  ᠶᠢᠨ ᠰᠦ  ᠪᠠᠷ ᠨᠡᠷᠡᠭᠰᠡᠨ ᠠᠷᠢᠬᠢ  ᠶᠢ ᠭᠡᠬᠦᠨ  ᠤ ᠠᠷᠢᠬᠢ ᠭᠡᠵᠦ᠂ ᠦᠨᠢᠶᠡᠨ ᠰᠦ  ᠪᠠ ᠭᠡᠬᠦᠦ  ᠶᠢᠨ ᠰᠦ  ᠶᠢ ᠬᠤᠯᠢᠵᠦ ᠨᠡᠷᠡᠭᠰᠡᠨ ᠠᠷᠢᠬᠢ  ᠶᠢ  ᠪᠡᠰᠡᠷᠡᠭ ᠠᠷᠢᠬᠢ ᠭᠡᠳᠡᠭ  ᠂ ᠨᠡᠷᠡᠬᠦ ᠠᠷᠭ᠎ᠠ ᠨᠢ ᠠᠳᠠᠯᠢ᠃ ᠠᠷᠢᠬᠢ ᠨᠡᠷᠡᠭᠦ  ᠳᠤ ᠬᠤᠩᠬᠤ᠂ ᠪᠦᠷᠬᠦᠭᠡᠷ᠂ ᠪᠦᠷᠬᠦᠭᠡᠷ  ᠤᠨ ᠤᠷᠢᠶᠠᠯᠳᠠ᠂ ᠵᠢᠯᠡᠪᠴᠢ᠂ ᠸᠠᠭᠠᠷ ᠵᠡᠷᠭᠡ ᠪᠠᠭᠠᠵᠢ ᠰᠠᠪᠠ  ᠶᠢ ᠬᠡᠷᠡᠭᠯᠡᠨ᠎ᠡ᠃ ᠬᠤᠩᠬᠤ  ᠳᠠᠭᠠᠨ ᠠᠶᠢᠷᠠᠭ  ᠢᠶᠠᠨ ᠬᠢᠭᠡᠳ ᠲᠡᠭᠡᠷ᠎ᠡ ᠨᠢ ᠪᠦᠷᠬᠦᠭᠡᠷ  ᠢᠶᠠᠨ ᠰᠠᠭᠤᠯᠭᠠᠵᠤ᠂ ᠪᠦᠷᠬᠦᠭᠡᠷ  ᠤᠨ ᠴᠢᠬᠢᠨ  ᠠᠴᠠ ᠬᠤᠶᠠᠷ ᠲᠠᠯ᠎ᠠ  ᠳᠠᠭᠠᠨ ᠪᠢᠳᠡᠬᠦᠦ ᠤᠭᠤᠰᠤᠷ ᠪᠦᠬᠦᠢ ᠸᠠᠭᠠᠷ  ᠢ ᠪᠦᠷᠬᠦᠭᠡᠷ  ᠤᠨ ᠭᠤᠤᠯ  ᠳᠤ ᠲᠡᠬᠦᠵᠢᠯᠡᠨ᠎ᠡ᠃ ᠪᠦᠷᠬᠦᠭᠡᠷ ᠳᠡᠭᠡᠷ᠎ᠡ  ᠪᠠᠨ ᠵᠢᠯᠡᠪᠴᠢ  ᠪᠠᠨ ᠰᠠᠭᠤᠯᠭᠠᠭᠠᠳ ᠲᠤᠳᠤᠷ᠎ᠠ ᠨᠢ ᠴᠡᠯ ᠬᠦᠢᠳᠡᠨ ᠤᠰᠤ ᠬᠢᠨ᠎ᠡ᠃ ᠪᠦᠷᠬᠦᠭᠡᠷ  ᠤᠨ ᠢᠷᠤᠭᠠᠷ  ᠤᠨ ᠬᠤᠩᠬᠤ  ᠳᠤ ᠰᠠᠭᠤᠭᠰᠠᠨ ᠭᠡᠰᠡᠭ ᠪᠠ ᠳᠡᠭᠡᠷᠡᠬᠢ ᠵᠢᠯᠡᠪᠴᠢ ᠰᠠᠭᠤᠯᠭᠠᠭᠰᠠᠨ ᠭᠡᠰᠡᠭ  ᠢ ᠪᠦᠷᠬᠦᠭᠡᠷ   ᠤᠨ ᠤᠷᠢᠶᠠᠯᠳᠠ ︵ᠪᠦᠰ  ᠢᠶᠠᠷ ᠭᠠᠳᠠᠷᠯᠠᠭᠰᠠᠨ ᠤᠭᠤᠰᠤᠷ ᠲᠠᠢ ᠨᠠᠷᠢᠨ ᠤᠷᠳᠤ ᠢᠰᠡᠭᠡᠢ︶  ᠪᠠᠷ ᠰᠠᠶᠢᠳᠤᠷ ᠪᠢᠳᠡᠬᠦᠯᠡᠨ ᠤᠷᠢᠶᠠᠵᠤ᠂ ᠲᠡᠭᠦᠪᠡᠷ ᠠᠭᠤᠷ ᠭᠠᠷᠬᠤ  ᠶᠢ ᠰᠡᠷᠭᠡᠶᠢᠯᠡᠨ᠎ᠡ᠃ ᠲᠡᠭᠡᠭᠡᠳ ᠠᠶᠢᠷᠠᠭ  ᠢᠶᠠᠨ ᠪᠤᠴᠠᠯᠭᠠᠪᠠᠯ ᠠᠶᠢᠷᠠᠭ  ᠤᠨ ᠠᠭᠤᠷ ᠵᠢᠯᠡᠪᠴᠢ  ᠶᠢᠨ ᠬᠦᠢᠳᠡᠨ ᠢᠷᠤᠭᠠᠷ  ᠲᠤ ᠬᠦᠷᠴᠦ ᠮᠦᠬᠦᠯᠢᠭᠵᠢᠭᠡᠳ ᠵᠢᠯᠡᠪᠴᠢ  ᠶᠢᠨ ᠬᠦᠢᠰᠦ  ᠶᠢ ᠳᠠᠭᠠᠵᠤ ᠸᠠᠭᠠᠷ  ᠲᠤ ᠭᠤᠭᠤᠵᠢᠬᠤ ᠪᠤᠯᠤᠨ᠎ᠠ  ᠂ ᠡᠨ᠋ᠨ ᠪᠤᠯ ᠲᠠᠷᠤᠢ ᠠᠷᠢᠬᠢ ᠮᠦᠨ᠃ ᠵᠢᠯᠡᠪᠴᠢ  ᠶᠢᠨ ᠤᠰᠤ ᠪᠦᠯᠢᠶᠡᠰᠪᠡᠯ ᠲᠠᠬᠢᠵᠤ ᠬᠦᠢᠳᠡᠨ ᠤᠰᠤ ᠰᠤᠯᠢᠨ᠎ᠠ  ᠂ ᠢᠩᠬᠢᠵᠦ ᠬᠤᠶᠠᠷ᠂ ᠭᠤᠷᠪᠠ ᠤᠳᠠᠭ᠎ᠠ  ᠰᠤᠯᠢᠭᠰᠠᠨ  ᠤ ᠲᠠᠷᠠᠭ᠎ᠠ ᠪᠦᠷᠬᠦᠭᠡᠷ  ᠢᠶᠠᠨ ᠵᠠᠳᠠᠯᠵᠤ ᠸᠠᠭᠠᠷ ᠲᠠᠢ ᠠᠷᠢᠬᠢ  ᠪᠠᠨ ᠲᠠᠷᠤᠶᠢᠬᠠᠨ ᠪᠢᠳᠡᠭᠦᠯᠡᠨ ᠪᠦᠳᠡᠭᠡᠵᠦ ᠠᠪᠤᠨ᠎ᠠ᠃ ᠬᠠᠯᠠᠭᠤᠨ ᠠᠷᠢᠬᠢᠨ  ᠤ ᠪᠦᠳᠡᠭᠡᠯᠭᠡ  ᠶᠢ ᠰᠡᠬᠦᠵᠦ ᠰᠢᠳᠠᠭᠠᠵᠤ ᠦᠵᠡᠬᠦ  ᠳᠤ ᠫᠦᠷᠳ᠋᠊ ᠬᠢᠳᠡᠯ᠎ᠡ ᠰᠢᠳᠠᠵᠤ ᠪᠠᠶᠢᠪᠠᠯ ᠤᠬᠢ ᠰᠠᠶᠢᠨ ᠠᠷᠢᠬᠢ ᠭᠠᠷᠤᠭᠰᠠᠨ  ᠤ ᠲᠡᠮᠳᠡᠭ  ᠮᠦᠨ᠃ ᠬᠤᠶᠠᠷ ᠳᠤᠭᠤᠭᠠᠨ  ᠤ ᠠᠷᠢᠬᠢ ︵ᠬᠤᠶᠠᠷ ᠤᠳᠠᠭ᠎ᠠ ᠤᠰᠤ ᠰᠤᠯᠢᠭᠰᠠᠨ︶  ᠤᠯᠠᠩᠬᠢ  ᠳᠠᠭᠠᠨ ᠡᠶᠢᠮᠦ ᠪᠠᠶᠢᠳᠠᠭ ᠶᠤᠮ᠃ ᠤᠯᠠᠨ ᠤᠳᠠᠭ᠎ᠠ ᠤᠰᠤ ᠰᠤᠯᠢᠪᠠᠯ ᠠᠷᠢᠬᠢ ᠰᠣᠯᠠᠷᠠᠨ᠎ᠠ ᠃ ᠠᠷᠢᠬᠢ  ᠶᠢ ᠪᠤᠳᠤᠩ  ᠳᠤ ᠠᠭᠤᠳᠠᠯᠠᠵᠤ᠂ ᠠᠮᠠᠰᠠᠷ   ᠢ ᠨᠢ ᠨᠢᠬᠳᠠ ᠪᠢᠳᠡᠭᠦᠮᠵᠢᠯᠡᠨ᠂ ᠬᠤᠨᠢᠨ ᠬᠤᠷᠤᠭᠠᠨ  ᠤ ᠬᠦᠷᠵᠡᠩ ᠲᠤᠤᠷ᠎ᠠ ᠪᠤᠯᠠᠭᠠᠳ ᠵᠢᠯ ᠦᠨᠵᠢᠪᠡᠯ ᠬᠤᠰᠢᠭᠠᠮᠠᠯ ᠰᠠᠶᠢᠨ ᠠᠷᠢᠬᠢ ᠪᠤᠯᠤᠨ᠎ᠠ᠃ ᠡᠬᠦᠨ  ᠢ ᠵᠢᠯ  ᠤᠨ ᠲᠤᠭ᠎ᠠ  ᠪᠠᠷ ᠨᠢ ᠰᠢᠳᠦᠯᠡᠩ ᠠᠷᠢᠬᠢ᠂ ᠬᠢᠵᠠᠯᠠᠩ ᠠᠷᠢᠬᠢ᠂  ᠰᠤᠶᠤᠭᠠᠯᠠᠩ ᠠᠷᠢᠬᠢ ᠬᠡᠵᠦ ᠨᠡᠷᠡᠯᠡᠳᠡᠭ᠃ ᠠᠶᠢᠷᠠᠭ ᠳᠡᠭᠡᠷ᠎ᠡ  ᠪᠠᠨ ᠠᠷᠢᠬᠢ ᠨᠡᠮᠡᠵᠦ  ᠂ ᠲᠠᠬᠢᠵᠦ ᠲᠡᠭᠡᠷᠡᠬᠢ ᠠᠷᠭ᠎ᠠ  ᠪᠠᠷ ᠨᠡᠷᠡᠵᠦ ᠠᠪᠤᠭᠰᠠᠨ ᠠᠷᠢᠬᠢ  ᠶᠢ ᠬᠠᠷᠢᠭᠤᠯᠭ᠎ᠠ ᠭᠡᠨ᠎ᠡ᠃ ᠠᠷᠢᠬᠢ  ᠪᠠᠨ ᠬᠠᠷᠢᠭᠤᠯᠵᠤ ᠨᠡᠷᠡᠭᠰᠡᠨ  ᠢ ᠠᠷᠠᠵᠠ ᠬᠡᠵᠦ᠂ ᠠᠷᠠᠵᠠ  ᠪᠠᠨ ᠬᠠᠷᠢᠭᠤᠯᠵᠤ ᠨᠡᠷᠡᠭᠰᠡᠨ  ᠢ ᠰᠢᠷᠠᠵᠠ ᠬᠡᠵᠦ᠂ ᠰᠢᠷᠠᠵᠠ  ᠪᠠᠨ ᠬᠠᠷᠢᠭᠤᠯᠵᠤ ᠨᠡᠷᠡᠭᠰᠡᠨ  ᠢ ᠬᠤᠷᠠᠵᠠ ᠬᠡᠨ᠎ᠡ᠃ ᠮᠤᠩᠭᠤᠯ ᠠᠷᠢᠬᠢ ᠢᠯᠠᠩᠭᠤᠶ᠎ᠠ ᠬᠡᠭᠦᠨ ᠰᠦᠨ  ᠤ ᠠᠷᠢᠬᠢ ᠪᠤᠯ ᠰᠢᠩᠬᠡᠭᠡᠯᠳᠡ ᠰᠠᠶᠢᠵᠢᠷᠠᠭᠤᠯᠬᠤ᠂ ᠰᠠᠯᠬᠢ ᠴᠢᠬᠢᠭ  ᠠᠴᠠ ᠪᠤᠯᠤᠭᠰᠠᠨ  ᠬᠦᠯ ᠨᠢᠷᠤᠭᠤᠨ  ᠤ ᠡᠪᠡᠳᠴᠢᠨ  ᠢ ᠵᠠᠰᠠᠬᠤ ᠪᠠ ᠪᠡᠶ᠎ᠡ ᠲᠠᠮᠢᠷᠵᠢᠭᠤᠯᠵᠤ ᠡᠪᠡᠳᠴᠢᠨ  ᠢ ᠡᠰᠡᠷᠬᠦᠴᠡᠬᠦ ᠴᠢᠳᠠᠯ  ᠢ  ᠨᠡᠮᠡᠭᠳᠡᠬᠦᠯᠬᠦ ᠦᠢᠯᠡᠳᠦᠯ ᠲᠠᠢ᠃  ᠠᠷᠢᠬᠢ ᠨᠡᠷᠡᠬᠦ  ᠳᠤ ᠤᠷᠢᠶᠠᠯᠳᠠ ᠶᠢᠨ ᠪᠠᠬᠢ ᠦᠬᠡᠢ ᠪᠤᠶᠤ ᠪᠦᠷᠬᠦᠭᠡᠷ  ᠤᠨ ᠬᠠᠭᠰᠠᠭᠰᠠᠨ  ᠠᠴᠠ ᠪᠤᠯᠵᠤ ᠠᠭᠤᠷ ᠭᠠᠳᠠᠭᠰᠢᠯᠠᠪᠠᠯ ᠠᠷᠢᠬᠢ ᠬᠦᠴᠦ ᠮᠠᠭᠤᠳᠠᠢ ᠪᠤᠯᠤᠨ᠎ᠠ  ᠂ ᠡᠬᠦᠨ  ᠢ ᠰᠤᠪᠰᠤ ᠭᠡᠳᠡᠭ᠃ ᠮᠤᠩᠭᠤᠯ ᠠᠷᠢᠬᠢ ᠪᠤᠯ ᠠᠮᠳᠠ ᠳᠡᠬᠦᠯᠳᠡᠷ ᠢᠳᠡᠭᠡᠨ  ᠤ ᠳᠡᠭᠡᠵᠢ ᠪᠦᠬᠡᠳ ᠬᠤᠷᠢᠮ ᠨᠠᠶᠢᠷ ᠪᠠᠶᠠᠷ ᠴᠡᠩᠬᠡᠯ  ᠤᠨ ᠲᠡᠭᠡᠳᠦ ᠤᠮᠳᠠᠭᠠᠨ ᠪᠤᠯᠤᠨ᠎ᠠ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号