ᠤᠯᠠᠮᠵᠢᠯᠠᠯᠳᠤ ᠴᠠᠭᠠᠨ ᠢᠳᠡᠭᠡ —  ᠴᠡᠭᠡ
ᠨᠡᠶᠢᠲᠡᠯᠡᠭᠰᠡᠨ ᠴᠠᠭ᠄
2020/3/27
   ᠴᠡᠭᠡ ᠪᠤᠯ ᠬᠡᠬᠦᠦ  ᠶᠢᠨ ᠰᠦ  ᠶᠢ ᠢᠰᠭᠡᠵᠦ ᠬᠢᠭᠰᠡᠨ ᠤᠮᠳᠠᠭᠠᠨ᠃ ᠢᠰᠭᠡᠬᠦ ᠠᠷᠭ᠎ᠠ ᠨᠢ ᠦᠨᠳᠦᠰᠦᠨ  ᠳᠡᠭᠡᠨ ᠠᠶᠢᠷᠠᠭ ᠲᠠᠢ ᠠᠳᠠᠯᠢ᠂ ᠬᠡᠪᠡᠴᠦ ᠰᠡᠷᠢᠬᠦᠨ ᠭᠠᠵᠠᠷ ᠲᠠᠯᠪᠢᠵᠦ ᠢᠰᠭᠡᠨ᠎ᠡ᠃ ᠡᠬᠢᠯᠡᠵᠦ ᠢᠰᠭᠡᠬᠦ ᠳᠡᠭᠡᠨ ᠬᠦᠷᠦᠭᠡᠭᠰᠡᠨ ᠬᠡᠬᠦᠦ ᠶᠢᠨ ᠰᠦ ᠪᠠᠨ ᠪᠠᠭ᠎ᠠ ᠪᠠᠭ᠎ᠠ ᠪᠠᠷ ᠨᠡᠮᠡᠬᠦ ᠶᠢᠨ ᠲᠠᠭᠠᠤ ᠪᠦᠯᠢᠬᠦ ᠲᠤᠭ᠎ᠠ ᠪᠠᠨ ᠴᠤ  ᠨᠡᠮᠡᠭᠳᠡᠬᠦᠯᠦᠨ᠎ᠡ᠃ ᠶᠡᠷᠦ  ᠠᠴᠠ ᠬᠡᠷ  ᠤᠨ ᠵᠡᠬᠦᠨ ᠲᠠᠯ᠎ᠠ  ᠳᠤ ᠲᠠᠯᠪᠢᠳᠠᠭ ᠪᠠᠶᠢᠨ᠎ᠠ᠃ ᠬᠠᠯᠠᠭᠤᠨ ᠴᠠᠭ  ᠲᠤ ᠪᠠᠰᠠ ᠬᠦᠢᠳᠡᠨ ᠤᠰᠤᠨ ᠳᠤ ᠰᠠᠭᠤᠯᠭᠠᠬᠤ ᠪᠤᠶᠤ ᠰᠠᠪᠠᠨ ᠲᠡᠭᠡᠷ᠎ᠡ ᠨᠢ ᠬᠦᠢᠳᠡᠨ ᠤᠰᠤ ᠰᠦᠷᠴᠢᠬᠦ ᠬᠡᠷᠡᠭᠳᠡᠢ᠃  ᠪᠦᠯᠢᠯᠳᠡ ᠰᠠᠶᠢᠨ  ᠂ ᠬᠠᠯᠠᠭᠤᠨ ᠲᠤᠬᠢᠷᠠᠮᠵᠢᠳᠠᠢ ᠪᠤᠯ  ᠴᠡᠭᠡ ᠰᠠᠶᠢᠬᠠᠨ ᠢᠰᠦᠨ᠎ᠡ᠃ ᠴᠡᠭᠡ ᠪᠤᠯ ᠠᠩᠬᠢᠯᠤᠮ᠎ᠠ ᠰᠠᠶᠢᠬᠠᠨ ᠦᠨᠦᠷᠳᠡᠢ᠂ ᠰᠢᠬᠢᠷᠯᠢᠭ ᠮᠦᠷᠳᠡᠭᠡᠨ ᠬᠦᠴᠦᠯᠢᠭ ᠠᠮᠳᠠ ᠲᠠᠢ᠂ ᠨᠠᠶᠢᠷ ᠬᠤᠷᠢᠮ ᠬᠤᠷᠠᠯ ᠴᠤᠭᠯᠠᠭᠠᠨ ᠳᠤ ᠲᠤᠳᠠᠭᠳᠠᠵᠤ ᠪᠤᠯᠤᠰᠢ ᠦᠬᠡᠢ ᠲᠠᠪᠠᠳᠠᠢ ᠰᠡᠷᠢᠬᠦᠨ ᠤᠮᠳᠠᠭᠠᠨ ᠪᠦᠭᠡᠳ ᠮᠦᠭᠡᠷᠰᠦᠨ ᠬᠤᠭᠤᠯᠠᠢ   ᠶᠢᠨ ᠦᠷᠪᠢᠰᠦᠯ᠂ ᠬᠤᠳᠤᠭᠤᠳᠤ ᠭᠡᠳᠡᠰᠦᠨ  ᠤ ᠠᠷᠬᠠᠭ᠂  ᠴᠢᠰᠤ ᠲᠤᠳᠠᠭᠳᠠᠬᠤ ᠵᠡᠷᠭᠡ ᠡᠪᠡᠳᠴᠢᠨ ᠭᠡᠮ  ᠢ ᠠᠨᠠᠭᠠᠨ ᠵᠠᠰᠠᠬᠤ ᠬᠦᠴᠦᠨ ᠴᠢᠳᠠᠯ ᠲᠠᠢ  ᠪᠠᠶᠢᠵᠤ ᠤᠨᠴᠠᠭᠠᠶᠢᠯᠠᠨ  ᠠᠭᠤᠰᠬᠢᠨ ᠰᠦᠷᠢᠶ᠎ᠡ  ᠳᠤ ᠮᠡᠳᠡᠭᠳᠡᠮ᠎ᠡ ᠲᠤᠰᠠᠳᠠᠢ ᠪᠠᠶᠢᠳᠠᠭ᠃  ᠴᠡᠭᠡ  ᠶᠢ ᠰᠠᠶᠢᠳᠤᠷ ᠢᠰᠭᠡᠵᠦ ᠪᠠᠶᠢᠭᠠᠳ ᠮᠦᠨ ᠠᠷᠢᠬᠢ ᠨᠡᠷᠡᠵᠦ ᠪᠤᠯᠤᠨ᠎ᠠ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号