ᠤᠯᠠᠮᠵᠢᠯᠠᠯᠳᠤ ᠴᠠᠭᠠᠨ ᠢᠳᠡᠭᠡ — ᠠᠶᠢᠷᠠᠭ
ᠨᠡᠶᠢᠲᠡᠯᠡᠭᠰᠡᠨ ᠴᠠᠭ᠄
2020/3/27
   ᠠᠶᠢᠷᠠᠭ ᠪᠤᠯ ᠮᠤᠩᠭᠤᠯ ᠠᠷᠢᠬᠢ ᠨᠡᠷᠡᠬᠦ ᠬᠦᠷᠦᠩᠬᠡ ᠮᠦᠨ᠃ ᠠᠶᠢᠷᠠᠭ  ᠢ ᠦᠨᠢᠶᠡᠨ ᠰᠦ ᠪᠠ ᠬᠡᠬᠦᠦ  ᠶᠢᠨ ᠰᠦ  ᠪᠠᠷ ᠢᠰᠭᠡᠳᠡᠭ᠃ ᠠᠶᠢᠷᠠᠭ  ᠢ ᠢᠰᠭᠡᠬᠦ  ᠳᠤ ᠢᠰᠭᠡᠯ ᠪᠤᠶᠤ ᠠᠶᠢᠷᠠᠭ  ᠤᠨ ᠬᠦᠷᠦᠩᠭᠡ  ᠶᠢ ᠬᠡᠷᠡᠭᠯᠡᠨ᠎ᠡ᠃ ᠢᠰᠭᠡᠭᠰᠡᠨ ᠠᠶᠢᠷᠠᠭ  ᠲᠠᠭᠠᠨ ᠡᠳᠦᠷ ᠪᠦᠷᠢ ᠰᠦ ᠨᠡᠮᠡᠵᠦ ᠤᠯᠠᠨ ᠤᠳᠠᠭ᠎ᠠ ᠪᠦᠯᠢᠨ᠎ᠡ᠃ ᠠᠶᠢᠷᠠᠭ  ᠢ ᠲᠠᠭᠠᠷᠠᠭᠤᠯᠬᠤ  ᠠᠴᠠ ᠬᠢᠴᠢᠶᠡᠵᠦ ᠠᠶᠢᠷᠠᠭ  ᠤᠨ ᠭᠠᠩ  ᠢ ᠢᠰᠡᠭᠡᠢ  ᠪᠠᠷ ᠪᠦᠷᠢᠭᠰᠡᠨ ᠪᠠᠶᠢᠳᠠᠭ᠃ ᠠᠶᠢᠷᠠᠭ  ᠢ ᠪᠦᠯᠢᠬᠦ  ᠳᠤ ᠬᠦᠭᠡᠰᠦᠷᠡᠬᠦ ᠦᠬᠡᠢ ᠪᠠᠶᠢᠪᠠᠯ ᠲᠤᠯᠠᠭᠠᠨ  ᠤ ᠬᠡᠮᠵᠢᠶ᠎ᠡ ᠪᠠᠭᠠᠳᠠᠭᠰᠠᠨ ᠪᠤᠶᠤ ᠰᠦ  ᠶᠢᠨ ᠨᠡᠮᠡᠯᠳᠡ ᠶᠠᠭᠡᠳᠴᠦ᠂ ᠪᠦᠯᠢᠯᠳᠡ  ᠶᠢᠨ ᠲᠤᠭ᠎ᠠ ᠴᠦᠬᠡᠳᠡᠭᠰᠡᠨ  ᠤ ᠰᠢᠯᠳᠠᠭᠠᠨ᠃ ᠭᠡᠷᠪᠡ ᠬᠠᠭ᠋ᠠᠷᠠᠭᠠᠳ ᠦᠨᠦᠷ ᠭᠠᠷᠴᠤ ᠬᠦᠭᠡᠰᠦᠷᠡᠬᠦ ᠦᠭᠡᠢ ᠪᠠᠶᠢᠪᠠᠯ ᠲᠤᠯᠠᠭᠠᠨ  ᠤ ᠬᠡᠮᠵᠢᠶ᠎ᠡ ᠶᠡᠭᠡᠳᠴᠦ᠂ ᠰᠦᠨ  ᠤ ᠨᠡᠮᠡᠯᠳᠡ ᠪᠠᠭᠠᠳᠠᠭᠰᠠᠨ  ᠤ ᠰᠢᠨᠵᠢ ᠪᠤᠯᠤᠨ᠎ᠠ᠃ ᠪᠦᠯᠢᠭᠡᠳ ᠢᠷᠡᠬᠦ  ᠳᠤ ᠬᠦᠭᠡᠰᠦᠷᠡᠨ ᠱᠤᠤᠭᠢᠵᠦ ᠪᠠᠶᠢᠪᠠᠯ ᠠᠶᠢᠷᠠᠭ  ᠤᠨ ᠢᠰᠦᠯᠳᠡ ᠬᠦᠢᠴᠡᠨ᠎ᠡ  ᠃ ᠢᠰᠦᠯᠳᠡ ᠨᠢ ᠬᠦᠢᠴᠡᠪᠡᠯ ᠠᠷᠢᠬᠢ ᠨᠡᠷᠡᠵᠦ ᠪᠤᠯᠤᠨ᠎ᠠ᠃  ᠢᠰᠦᠯᠳᠡ ᠰᠠᠶᠢᠳᠠᠢ ᠠᠶᠢᠷᠠᠭ  ᠢᠶᠠᠷ ᠨᠡᠷᠡᠭᠰᠡᠨ ᠠᠷᠢᠬᠢ ᠢᠳᠡ ᠬᠦᠴᠦ ᠶᠡᠭᠡᠳᠠᠢ ᠪᠠᠶᠢᠳᠠᠭ᠃ ᠠᠶᠢᠷᠠᠭ ᠪᠤᠯ ᠬᠤᠤᠷ ᠲᠠᠶᠢᠯᠬᠤ ᠴᠢᠳᠠᠯ ᠲᠠᠢ ᠤᠮᠳᠠᠭᠠᠨ  ᠃ ᠠᠶᠢᠷᠠᠭ  ᠤᠨ ᠦᠩᠬᠦᠷ  ᠢ ᠪᠢᠳᠠᠬᠦᠦ ᠬᠠᠪᠤᠳᠠᠷ  ᠲᠤ ᠲᠦᠷᠬᠢᠪᠡᠯ ᠮᠦᠨ ᠬᠤᠤᠷ  ᠢ ᠲᠠᠶᠢᠯᠵᠤ ᠴᠢᠳᠠᠨ᠎ᠠ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号