ᠤᠯᠠᠮᠵᠢᠯᠠᠯᠳᠤ ᠴᠠᠭᠠᠨ ᠢᠳᠡᠭᠡ
ᠨᠡᠶᠢᠲᠡᠯᠡᠭᠰᠡᠨ ᠴᠠᠭ᠄
2020/3/27
  ᠠᠵᠢᠯᠴᠢ ᠪᠤᠷᠤᠭᠵᠢᠭᠤᠨ ᠮᠤᠩᠭᠤᠯ ᠶᠠᠰᠤᠳᠠᠨ ᠤ ᠨᠢᠭᠡ ᠰᠠᠯᠠᠭ᠎ᠠ ᠪᠤᠯᠬᠤ ᠲᠠᠶᠢᠹᠤᠰᠧ ᠮᠤᠩᠭᠤᠯᠴᠤᠳ ᠤᠷᠳᠤ ᠬᠤᠭᠤᠴᠠᠭᠠᠨ  ᠤ ᠠᠮᠢᠳᠤᠷᠠᠯ ᠦᠢᠯᠡᠳᠪᠦᠷᠢᠯᠡᠯ ᠤᠨ ᠶᠠᠪᠤᠴᠠ ᠳᠠᠭᠠᠨ ᠲᠡᠳᠡᠨ  ᠤ ᠤᠷᠤᠰᠢᠨ ᠰᠠᠭᠤᠭᠰᠠᠨ ᠭᠠᠵᠠᠷ ᠵᠦᠢ  ᠶᠢᠨ ᠪᠠᠶᠢᠷᠢᠰᠢᠯ᠂ ᠡᠷᠬᠢᠯᠡᠵᠦ ᠡᠵᠡᠩᠨᠡᠭᠰᠡᠨ ᠠᠵᠤ ᠠᠬᠤᠢ  ᠶᠢᠨ ᠲᠦᠷᠦᠯ ᠵᠦᠢᠯ  ᠂ ᠡᠰᠡᠨᠢᠵᠦ ᠦᠭᠡᠳᠡᠯᠡᠬᠦ ᠠᠵᠤ ᠠᠮᠢᠳᠤᠷᠠᠯ  ᠤᠨ ᠨᠦᠬᠦᠴᠡᠯ᠂  ᠭᠡᠪᠰᠢᠵᠦ ᠲᠤᠭᠳᠠᠨᠢᠭᠰᠠᠨ ᠵᠠᠩ ᠲᠠᠳᠬᠠᠯ  ᠤᠨ ᠪᠠᠷᠢᠮᠵᠢᠶ᠎ᠠ ᠵᠡᠷᠭᠡ  ᠠᠴᠠ ᠪᠤᠯᠵᠤ ᠮᠤᠩᠭᠤᠯᠴᠤᠳ  ᠤᠨ ᠤᠯᠠᠮᠵᠢᠯᠠᠯᠳᠤ ᠴᠠᠭᠠᠨ ᠢᠳᠡᠭᠡᠨ  ᠤ ᠬᠡᠪ ᠨᠠᠮᠪᠠ  ᠶᠢ ᠪᠦᠷᠢᠨ ᠬᠠᠳᠠᠭᠠᠯᠠᠭᠰᠠᠨ ᠤ ᠬᠠᠮᠳᠤ᠂  ᠠᠮᠢᠳᠤᠷᠠᠯ  ᠤᠨ ᠵᠠᠮ  ᠳᠠᠭᠠᠨ ᠴᠢᠨᠠᠭᠰᠢᠳᠠ ᠳᠡᠬᠦᠯᠳᠡᠷᠵᠢᠨ ᠦᠷᠭᠡᠵᠢᠭᠰᠡᠨ ᠦᠪᠡᠷᠮᠢᠴᠡ ᠤᠨᠴᠠᠯᠢᠭ ᠪᠦᠬᠦᠢ ᠲᠠᠶᠢᠹᠤᠰᠧ ᠴᠠᠭᠠᠨ ᠢᠳᠡᠭᠡ  ᠶᠢ ᠡᠬᠦᠳᠦᠨ ᠦᠢᠯᠡᠳᠦᠭᠰᠡᠨ ᠪᠠᠶᠢᠨ᠎ᠠ᠃     ᠢᠷᠭᠡᠨ ᠤᠯᠤᠰ ᠤᠨ ᠠᠷᠪᠠᠭᠠᠳ ᠤᠨ ᠤ ᠦᠶ᠎ᠡ ᠳᠤ ᠲᠠᠶᠢᠹᠤᠰᠧ ᠨᠤᠳᠤᠭ ᠲᠤ ᠰᠦ ᠰᠠᠭᠠᠯᠢ ᠪᠤᠯᠪᠠᠰᠤᠷᠠᠭᠤᠯᠬᠤ ᠦᠢᠯᠡᠳᠪᠦᠷᠢ ᠪᠠᠶᠢᠭᠤᠯᠤᠭᠳᠠᠵᠤ᠂  ᠶᠡᠷᠦᠩᠬᠡᠢ ᠦᠢᠯᠡᠳᠪᠦᠷᠢ ᠨᠢ ᠤᠳᠤᠬᠢ  ᠬᠦᠨᠪᠤᠯᠠᠭ ᠰᠤᠮᠤᠨ  ᠤ ᠦᠴᠢ ᠤᠪᠤᠭ᠎ᠠ ᠭᠠᠴᠠᠭ᠎ᠠ ᠳᠤ ᠪᠠᠶᠢᠵᠠᠢ᠃  ᠲᠡᠷᠡ ᠦᠶᠡᠰ ᠪᠠᠷᠠᠭᠤᠨ ᠡᠸ᠋ᠷᠦ᠋ᠷᠤᠫᠠ ᠶᠢᠨ ᠰᠧᠲ᠋ᠤᠹᠠᠨ ᠪᠠ ᠤᠷᠤᠰ  ᠤᠨ ᠨᠢᠺᠤᠯᠠᠶᠢᠴᠤᠺ ᠭᠡᠭᠴᠢ ᠬᠤᠶᠠᠷ ᠬᠦᠮᠦᠨ ᠢ ᠮᠡᠷᠭᠡᠵᠢᠯᠳᠡᠨ ᠢᠶᠠᠷ ᠵᠠᠯᠠᠨ ᠠᠪᠴᠢᠷᠠᠵᠤ  ᠂  ᠰᠢᠷ᠎ᠠ ᠲᠤᠰᠤᠨ ᠤ ᠦᠢᠯᠡᠳᠪᠦᠷᠢ ᠳᠡᠭᠡᠨ ᠠᠵᠢᠯᠯᠠᠭᠤᠯᠵᠤ ᠪᠠᠶᠢᠪᠠ᠃ ᠦᠴᠢ ᠤᠪᠤᠭᠠᠨ ᠳᠤ 250 ᠭᠠᠷᠤᠢ ᠦᠨᠢᠶ᠎ᠡ  ᠲᠦᠪᠯᠡᠷᠡᠬᠦᠯᠦᠨ ᠮᠠᠯᠵᠢᠵᠤ᠂ ᠲᠤᠰᠬᠠᠢ ᠬᠦᠮᠦᠨ ᠢᠶᠠᠷ  ᠰᠠᠭᠠᠯᠭᠠᠳᠠᠭ ᠪᠦᠬᠡᠳ ᠡᠯ᠎ᠡ ᠬᠤᠳᠠ ᠤᠰᠤᠨ ᠳᠤ ᠤᠯᠠᠨ ᠰᠠᠯᠪᠤᠷᠢ ᠦᠢᠯᠡᠳᠪᠦᠷᠢ  ᠭᠠᠷᠭᠠᠭᠠᠳ᠂ ᠰᠦ ᠢᠯᠭᠠᠷᠠᠭᠤᠯᠬᠤ ᠮᠠᠰᠢᠨ ᠲᠦᠭᠡᠭᠡᠨ ᠦᠭᠴᠦ᠂  ᠰᠠᠯᠪᠤᠷᠢ ᠦᠢᠯᠡᠳᠪᠦᠷᠢ ᠨᠢ ᠵᠢᠩ ᠳᠡᠭᠡᠨ ᠠᠷᠪᠠᠨ ᠮᠦᠩᠬᠦ ᠶᠢᠨ ᠦᠨ᠎ᠡ ᠪᠠᠷ ᠰᠦ ᠶᠢ ᠬᠤᠷᠢᠶᠠᠨ ᠠᠪᠴᠤ᠂ ᠮᠠᠰᠢᠨ ᠢᠶᠠᠷ  ᠢᠯᠭᠠᠷᠠᠭᠤᠯᠵᠤ ᠵᠦᠬᠡᠬᠡᠢ ᠪᠤᠯᠭᠠᠭᠠᠳ᠂ ᠲᠤᠭᠤᠢ ᠲᠡᠷᠭᠡ ᠪᠠᠷ ᠶᠡᠷᠦᠩᠬᠡᠢ ᠦᠢᠯᠡᠳᠪᠦᠷᠢ ᠳᠤ ᠬᠦᠷᠭᠡᠳᠡᠭ᠃  ᠲᠡᠭᠡᠭᠡᠳ ᠰᠢᠷ᠎ᠠ ᠲᠤᠰᠤ ︵ᠴᠠᠭᠠᠨ ᠲᠤᠰᠤ︶ ᠬᠢᠬᠦ ᠶᠢᠨ ᠬᠠᠮᠳᠤ᠂  ᠮᠤᠤᠷᠫᠢᠰ ᠬᠡᠮᠡᠬᠦ ᠤᠮᠳᠠᠭᠠᠨ ᠦᠢᠯᠡᠳᠪᠦᠷᠢᠯᠡᠵᠦ᠂ ᠢᠯᠡᠬᠦᠴᠡ ᠰᠦ ᠪᠠᠷ  ᠨᠢ ᠬᠤᠷᠤᠳ ᠬᠢᠳᠡᠭ ᠪᠠᠶᠢᠪᠠ᠃  ᠡᠶᠢᠨ ᠬᠦ᠋᠂ ᠲᠠᠶᠢᠹᠤᠰᠧ ᠵᠡᠬᠦᠨ ᠬᠤᠰᠢᠭᠤ ᠨᠢ  ᠮᠤᠩᠭᠤᠯ ᠨᠤᠳᠤᠭ ᠲᠠᠭᠠᠨ ᠨᠤᠳᠤᠭ ᠤᠨ ᠦᠢᠯᠡᠳᠬᠦᠨ ᠢᠶᠠᠨ ᠦᠢᠯᠡᠳᠪᠦᠷᠢᠯᠡᠵᠦ᠂  ᠦᠢᠯᠡᠳᠪᠦᠷᠢ ᠬᠤᠳᠠᠯᠳᠤᠭ᠎ᠠ ᠡᠷᠬᠢᠯᠡᠬᠦ ᠪᠠ ᠮᠠᠯ ᠠᠵᠤ ᠠᠬᠤᠢ ᠶᠢᠨ ᠪᠦᠳᠦᠭᠡᠭᠳᠡᠬᠦᠨ ᠢᠶᠠᠨ ᠲᠠᠸᠠᠷᠴᠢᠯᠠᠬᠤ  ᠵᠠᠮ   ᠢᠶᠠᠷ ᠬᠠᠮᠤᠭ ᠡᠷᠳᠡ ᠵᠠᠮᠨᠠᠭᠰᠠᠨ ᠮᠠᠯᠵᠢᠬᠤ ᠤᠷᠤᠨ  ᠪᠤᠯᠵᠤ᠂ ᠢᠯᠠᠩᠭᠤᠶ᠎ᠠ ᠴᠠᠭᠠᠨ ᠢᠳᠡᠭᠡ ᠶᠢ ᠬᠠᠮᠤᠭ ᠡᠷᠳᠡ ᠲᠠᠸᠠᠷᠴᠢᠯᠠᠭᠰᠠᠨ ᠤᠷᠤᠨ  ᠪᠠᠶᠢᠭ᠎ᠠ ᠶᠤᠮ᠃  ᠲᠡᠶᠢᠮᠦ  ᠳᠡᠭᠡᠨ ᠴᠠᠬᠠᠷᠴᠤᠳ ᠤᠨ ᠲᠤᠮᠳᠠ ︽ᠲᠠᠶᠢᠹᠤᠰᠧ ᠬᠦᠮᠦᠨ ᠮᠠᠶᠢᠮᠠᠶᠢᠴᠢ︾ ᠭᠡᠳᠡᠭ ᠦᠬᠡ ᠪᠠᠶᠢᠳᠠᠭ ᠪᠢᠯᠡ᠃      ᠰᠦ ᠰᠠᠭᠠᠯᠢ ᠪᠤᠯᠪᠠᠰᠤᠷᠠᠭᠤᠯᠬᠤ ᠪᠤᠯ ᠮᠤᠩᠭᠤᠯᠴᠤᠳ  ᠤᠨ ᠭᠡᠷ ᠪᠦᠯᠢ  ᠶᠢᠨ ᠭᠠᠷ ᠦᠢᠯᠡᠳᠪᠦᠷᠢᠯᠡᠯ  ᠤᠨ ᠴᠢᠬᠤᠯᠨ ᠨᠢᠭᠡᠨ ᠪᠦᠷᠢᠯᠳᠦᠬᠦᠨ ᠪᠤᠯᠤᠨ᠎ᠠ᠃  ᠲᠠᠶᠢᠹᠤᠰᠧᠴᠤᠳ ᠴᠠᠭᠠᠨ ᠢᠳᠡᠭᠡ  ᠶᠢ ᠮᠠᠰᠢ ᠴᠡᠪᠡᠷ ᠨᠠᠷᠢᠯᠢᠭ ᠪᠤᠯᠪᠠᠰᠤᠷᠠᠭᠤᠯᠳᠠᠭ  ᠢᠶᠠᠷ ᠢᠶᠠᠨ  ᠠᠯᠳᠠᠷᠳᠠᠢ  ᠶᠤᠮ᠃ ᠴᠠᠭᠠᠨ ᠢᠳᠡᠭᠡ  ᠶᠢ ᠤᠮᠳᠠᠭᠠᠨ  ᠤ ᠲᠦᠷᠦᠯ ᠪᠠ ᠢᠳᠡᠭᠡᠨ  ᠤ  ᠲᠦᠷᠦᠯ ᠬᠡᠵᠦ ᠬᠤᠶᠠᠷ ᠠᠩᠬᠢᠯᠠᠨ᠎ᠠ᠃ ᠤᠮᠳᠠᠭᠠᠨ  ᠤ  ᠲᠦᠷᠦᠯ ᠳᠤ ᠤᠭᠤᠷᠠᠭ᠂ ᠲᠠᠷᠠᠭ᠂ ᠠᠶᠢᠷᠠᠭ᠂ ᠴᠡᠭᠡ᠂ ᠬᠤᠭᠤᠷᠮᠠᠭ᠂ ᠡᠰᠭᠡ᠂ ᠠᠷᠢᠬᠢ ᠵᠡᠷᠭᠡ ᠪᠠᠭᠳᠠᠵᠤ᠂ ᠢᠳᠡᠭᠡᠨ  ᠤ ᠵᠦᠢᠯ  ᠳᠤ ᠬᠤᠷᠤᠳ᠂ ᠪᠢᠰᠢᠯᠠᠭ᠂ ᠵᠦᠬᠡᠬᠡᠢ᠂ ᠰᠢᠷ᠎ᠠ ᠴᠠᠭᠠᠨ ᠲᠤᠰᠤ᠂ ᠴᠦᠴᠦᠬᠡᠢ᠂ ᠦᠷᠦᠮ᠎ᠡ᠂ ᠴᠠᠭ᠎ᠠ᠂ ᠠᠭᠠᠷᠴᠠ ᠠᠭᠠᠷᠤᠤᠯ᠂ ᠠᠭᠠᠷᠴᠠᠨ ᠬᠤᠷᠤᠳ᠂ ᠴᠤᠷ᠎ᠠ ︵ᠡᠭᠡᠵᠡᠬᠡᠢ︶ ᠵᠡᠷᠭᠡ ᠪᠠᠭᠳᠠᠨ᠎ᠠ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号