ᠬᠤᠯᠪᠤᠭ᠎ᠠ —  ᠡᠷᠬᠢᠴᠡᠬᠦᠯᠦᠯ
ᠨᠡᠶᠢᠲᠡᠯᠡᠭᠰᠡᠨ ᠴᠠᠭ᠄
2020/3/27
               ᠡᠷᠬᠢᠴᠡᠬᠦᠯᠦᠯ                                    ᠷᠠᠰᠢᠨᠤᠷᠫᠢᠯ ᠵᠤᠬᠢᠶᠠᠵᠤ ᠬᠡᠯᠡᠪᠡ       ᠤᠳᠠᠰᠤᠳᠤ ᠬᠤᠭᠤᠷ ᠢᠶᠠᠨ ᠬᠦᠭᠯᠡᠭᠡᠳ       ᠤᠬᠠᠭᠤᠯᠵᠤ ᠶᠠᠪᠤᠭᠰᠠᠨ ᠬᠤᠭᠤᠷᠴᠢ ᠪᠢ       ᠤᠯᠠᠭᠠᠨᠬᠦᠦ ᠲᠡᠷᠢᠬᠦᠯᠡᠭᠴᠢ ᠲᠠᠢ ᠵᠤᠯᠭᠠᠭᠠᠳ       ᠤᠮᠤᠭᠰᠢᠵᠤ ᠶᠠᠪᠤᠭᠰᠠᠨ ᠲᠡᠦᠬᠡ ᠲᠠᠢ ᠪᠢ           ᠠᠷᠠᠳ ᠲᠦᠮᠡᠨ ᠤ ᠪᠠᠨ ᠲᠤᠮᠳᠠ           ᠤᠷᠠᠨ ᠰᠠᠶᠢᠬᠠᠨᠴᠢ ᠨᠡᠷ᠎ᠡ ᠲᠠᠢ ᠪᠢ           ᠠᠶᠢᠯ ᠰᠠᠭᠠᠬᠠᠯᠳᠠ ᠶᠢᠨ ᠢᠶᠠᠨ ᠲᠤᠳᠤᠷ᠎ᠠ           ᠠᠯᠳᠠᠷᠳᠤ ᠬᠤᠭᠤᠷᠴᠢ ᠴᠤᠯᠠ   ᠲᠠᠢ ᠪᠢ       ᠠᠶᠢᠯ ᠭᠡᠷ ᠤᠨ ᠠᠮᠢᠳᠤᠷᠠᠯ ᠢᠶᠠᠨ       ᠠᠷᠤ ᠳᠠᠭᠠᠨ ᠬᠠᠶᠠᠭᠰᠠᠭᠠᠷ ᠢᠷᠡᠭᠰᠡᠨ ᠪᠢ       ᠠᠯᠢᠪᠠ ᠤᠶᠤᠨ ᠲᠠᠮᠢᠷ ᠢᠶᠠᠨ       ᠠᠵᠢᠯ ᠳᠠᠭᠠᠨ ᠵᠤᠷᠢᠭᠤᠯᠤᠭᠰᠠᠭᠠᠷ ᠶᠠᠪᠤᠭᠰᠠᠨ ᠪᠢ           ᠠᠷᠠᠳ ᠤᠨ ᠪᠠᠭᠰᠢ ᠶᠢᠨ ᠠᠯᠪᠠ ᠶᠢ           ᠠᠷᠪᠠᠭᠠᠳ ᠵᠢᠯ ᠬᠢᠭᠰᠡᠨ ᠪᠢ           ᠠᠩᠭ᠎ᠠ ᠬᠦᠭᠡᠷᠦᠬᠦᠨ ᠪᠠᠭᠠᠴᠤᠳ ᠢ           ᠠᠯᠢ ᠴᠢᠳᠠᠯ ᠢᠶᠠᠷ ᠢᠶᠠᠨ ᠬᠦᠮᠦᠵᠢᠬᠦᠯᠦᠭᠰᠡᠨ ᠪᠢ       ᠤᠶᠠᠩᠭᠠᠳᠤ ᠰᠠᠶᠢᠬᠠᠨ ᠬᠤᠯᠪᠤᠭ᠎ᠠ ᠪᠠᠨ       ᠤᠷᠤᠰᠬᠠᠵᠤ ᠶᠠᠪᠤᠭᠰᠠᠨ ᠲᠡᠦᠬᠡ ᠲᠠᠢ ᠪᠢ       ᠤᠳᠬ᠎ᠠ ᠤᠷᠠᠯᠢᠭ ᠤᠨ ᠰᠠᠶᠢᠴᠤᠤᠯ ᠢᠶᠠᠷ       ᠤᠯᠠᠨ ᠬᠦᠬᠢᠬᠦᠯᠦᠭᠳᠡᠭᠰᠡᠨ ᠤᠳᠠᠭ᠎ᠠ ᠲᠠᠢ ᠪᠢ           ᠰᠢᠨᠵᠢᠯᠡᠬᠦ ᠤᠬᠠᠭᠠᠨ ᠮᠡᠷᠭᠡᠵᠢᠯ ᠢ           ᠰᠢᠷᠭᠠᠭᠤ  ᠰᠤᠷᠳᠠᠯᠴᠢᠯᠠᠳᠠᠭ ᠬᠤᠭᠤᠷᠴᠢ ᠪᠢ           ᠰᠢᠨ᠎ᠡ ᠰᠤᠷᠭᠤᠭ  ᠭᠡᠷᠡᠭ ᠪᠤᠳᠠᠰ ᠢ           ᠰᠢᠯᠦᠭᠯᠡᠵᠦ ᠲᠡᠮᠵᠢᠳᠡᠭ ᠤᠬᠠᠭᠤᠯᠤᠭᠴᠢ ᠪᠢ      ᠨᠤᠳᠤᠭ ᠤᠷᠤᠨ ᠤ ᠪᠠᠨ ᠬᠦᠭᠵᠢᠯ ᠢ      ᠮᠠᠭᠳᠠᠨ ᠲᠠᠭᠤᠯᠠᠳᠠᠭ ᠬᠤᠭᠤᠷᠴᠢ ᠪᠢ      ᠨᠠᠮ ᠵᠠᠰᠠᠭ ᠤᠨ ᠢᠶᠠᠨ ᠤᠷᠢᠶᠠᠯᠠᠭ᠎ᠠ ᠶᠢ      ᠴᠤᠤᠷᠢᠶᠠᠳᠤᠨ ᠲᠤᠤᠱᠯᠠᠭᠤᠯᠳᠠᠭ ᠲᠤᠭᠯᠠᠭᠴᠢ ᠪᠢ          ᠨᠡᠶᠢᠬᠡᠮ ᠵᠢᠷᠤᠮ ᠤᠨ ᠦᠢᠯᠡᠰ ᠲᠤ          ᠵᠢᠳᠬᠦᠵᠦ ᠶᠠᠪᠤᠭᠰᠠᠨ ᠬᠤᠭᠤᠷᠴᠢ ᠪᠢ          ᠨᠡᠶᠢᠳᠡ ᠤᠯᠠᠨ ᠤ ᠠᠵᠢᠯ ᠳᠤ          ᠴᠢᠷᠮᠠᠶᠢᠵᠤ ᠶᠠᠪᠤᠭᠰᠠᠨ ᠤᠷᠠᠯᠢᠭᠴᠢᠨ ᠪᠢ      ᠨᠠᠮ ᠤᠨ ᠰᠠᠶᠢᠨ ᠬᠡᠰᠢᠬᠦᠨ ᠤ      ᠨᠡᠷ᠎ᠡ ᠨᠢᠳᠡᠷ ᠢ ᠬᠠᠮᠠᠭᠠᠯᠠᠭᠰᠠᠨ ᠪᠢ      ᠨᠠᠰᠤᠳᠠᠢ ᠨᠢᠯᠬᠠᠰ ᠢᠶᠠᠨ ᠬᠠᠷᠠᠭᠠᠯᠵᠠᠭᠠᠳ      ᠨᠠᠶᠢᠷ ᠵᠢᠷᠤᠮ   ᠢ ᠡᠷᠬᠢᠮᠯᠡᠭᠰᠡᠨ ᠪᠢ          ᠬᠠᠳᠤᠯᠠᠩ ᠲᠦᠯ ᠤᠨ ᠶᠠᠭᠠᠷᠠᠤ ᠤᠯᠠᠷᠢᠯ ᠳᠤ          ᠬᠦᠯᠦᠰᠦ ᠤᠷᠤᠰᠬᠠᠵᠤ ᠠᠵᠢᠯᠯᠠᠳᠠᠭ ᠪᠢ          ᠬᠠᠮᠳᠤ ᠨᠡᠶᠢᠳᠡ ᠶᠢᠨ ᠠᠵᠢᠯ ᠬᠦᠳᠡᠯᠮᠦᠷᠢ ᠳᠤ          ᠬᠠᠨᠴᠤᠢ ᠰᠢᠭᠤᠵᠤ ᠤᠷᠤᠯᠴᠠᠳᠠᠭ ᠪᠢ     ᠡᠪᠦᠯ ᠤᠨ ᠲᠡᠰᠬᠢᠮ᠎ᠡ ᠬᠦᠢᠳᠡᠨ ᠳᠤ     ᠦᠨᠳᠦᠰᠦᠨ ᠱᠠᠳᠤᠨ ᠳᠤ ᠬᠦᠨᠵᠡᠭᠡᠶᠢᠷᠡᠳᠡᠭ ᠪᠢ     ᠵᠤᠨ ᠤ ᠠᠭᠠᠬᠢᠮ᠎ᠠ ᠬᠠᠯᠠᠭᠤᠨ ᠳᠤ     ᠵᠤᠰᠠᠯᠠᠩ ᠤᠨ ᠭᠠᠵᠠᠷ ᠲᠤ ᠲᠤᠭᠯᠠᠳᠠᠭ ᠪᠢ          ᠤᠷᠠᠨ ᠰᠠᠶᠢᠬᠠᠨ ᠤ ᠲᠤᠭᠯᠠᠯᠳᠠ ᠳᠤ          ᠦᠨᠡᠨ ᠰᠡᠳᠬᠢᠯ ᠠᠴᠠ ᠪᠠᠨ ᠤᠷᠤᠯᠴᠠᠳᠠᠭ ᠪᠢ          ᠤᠳᠬ᠎ᠠ ᠤᠷᠠᠯᠢᠭ ᠤᠨ ᠲᠦᠬᠡᠮᠡᠯᠵᠢᠯᠳᠡ ᠳᠤ          ᠡᠬᠦᠷᠢᠳᠡ ᠵᠢᠳᠬᠦᠵᠦ ᠭᠠᠷᠮᠠᠭᠠᠶᠢᠯᠠᠳᠠᠭ ᠪᠢ     ᠰᠠᠶᠢᠨ ᠰᠠᠶᠢᠬᠠᠨ ᠦᠢᠯᠡᠰ ᠢ     ᠰᠠᠨᠠᠭᠠᠴᠢᠯᠠᠵᠤ ᠰᠡᠳᠬᠢᠵᠦ ᠶᠠᠪᠤᠭᠰᠠᠨ ᠪᠢ     ᠰᠠᠮᠠᠭᠤᠨ ᠵᠢᠭᠳᠡᠢ  ᠵᠦᠢᠯᠡᠰ ᠢ     ᠰᠤᠷᠭᠠᠵᠤ ᠰᠢᠬᠦᠮᠵᠢᠯᠡᠵᠦ ᠢᠷᠡᠭᠰᠡᠨ ᠪᠢ          ᠰᠠᠷᠠᠭᠤᠯ ᠲᠠᠷᠳᠠᠩ ᠵᠠᠮ ᠢᠶᠠᠷ          ᠰᠠᠶᠢᠵᠢᠷᠠᠵᠤ ᠵᠠᠮᠨᠠᠬᠤ ᠶᠢ ᠬᠦᠰᠡᠳᠡᠭ ᠪᠢ          ᠰᠡᠳᠬᠢᠯ ᠰᠠᠨᠠᠭ᠎ᠠ ᠪᠠᠨ ᠨᠢᠬᠡᠳᠭᠡᠭᠡᠳ          ᠰᠡᠪ ᠦᠬᠡᠢ ᠪᠦᠯᠬᠦᠮᠳᠡᠬᠦ ᠶᠢ ᠵᠤᠷᠢᠳᠠᠭ ᠪᠢ     ᠦᠯᠦᠬᠡᠢ ᠨᠤᠳᠤᠭ ᠤᠰᠤᠨ ᠳᠠᠭᠠᠨ     ᠦᠯᠢᠬᠡᠷ ᠬᠤᠯᠪᠤᠭ᠎ᠠ ᠪᠠᠨ ᠡᠷᠬᠦᠳᠡᠭ ᠪᠢ     ᠦᠬᠡᠳᠡᠯᠡᠯ ᠲᠠᠪᠰᠢᠯᠳᠠ ᠶᠢ ᠨᠢ ᠬᠠᠷᠠᠭᠠᠳ     ᠦᠪᠡᠷ ᠤᠨ ᠡᠷᠭᠡ ᠦᠬᠡᠢ ᠰᠢᠯᠦᠭᠯᠡᠳᠡᠭ ᠪᠢ          ᠬᠦᠩᠬᠢᠨᠡᠬᠦᠯᠵᠦ ᠲᠠᠳᠠᠭᠰᠠᠨ ᠬᠤᠭᠤᠷ ᠤᠨ ᠢᠶᠠᠨ          ᠬᠦᠭ ᠢ ᠨᠢ ᠠᠳᠡ ᠵᠤᠭᠰᠤᠭᠠᠶ᠎ᠠ          ᠳ᠋ᠦᠩᠨᠡᠵᠦ ᠬᠢᠭᠰᠡᠨ ᠲᠤᠷᠠᠰᠤᠮᠵᠢ ᠪᠠᠨ          ᠲᠦᠬᠦᠮ ᠬᠡᠯᠡᠭᠡᠳ ᠲᠡᠬᠦᠰᠭᠡᠶ᠎ᠡ     ᠠᠵᠢᠯᠯᠠᠵᠤ ᠢᠷᠡᠭᠰᠡᠨ ᠪᠠᠶᠢᠳᠠᠯ ᠢᠶᠠᠨ     ᠡᠷᠬᠢᠴᠡᠬᠦᠯᠵᠦ ᠶᠠᠷᠢᠭᠠᠳ ᠪᠠᠷᠠᠭᠠᠶ᠎ᠠ     ᠠᠪᠤᠭᠠᠳ ᠬᠡᠯᠡᠭᠰᠡᠨ ᠬᠤᠯᠪᠤᠭ᠎ᠠ ᠪᠠᠨ     ᠠᠳᠡ ᠬᠦᠷᠦᠭᠡᠳ ᠦᠨᠳᠦᠷᠯᠡᠬᠦᠯᠦᠶ᠎ᠡ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号