ᠵᠢᠷᠤᠭ᠎ᠠ ᠮᠤᠷᠢᠨ ᠤ ᠴᠤᠯᠠ
ᠨᠡᠶᠢᠲᠡᠯᠡᠭᠰᠡᠨ ᠴᠠᠭ᠄
2020/9/9
        ᠵᠢᠷᠤᠭ᠎ᠠ ᠮᠤᠷᠢᠨ ᠤ ᠴᠤᠯᠠ        ᠠᠯᠳᠠᠨ ᠵᠤᠤᠵᠠᠢ ᠲᠠᠷᠤᠰᠬᠢᠨ          ᠠᠪᠤᠷᠭᠤ ᠬᠦᠵᠦᠬᠦᠦ ᠰᠤᠨᠤᠰᠬᠢᠨ        ᠲᠤᠤᠬᠤᠨ ᠨᠢᠷᠤᠭᠤ ᠪᠦᠮᠪᠦᠯᠵᠡᠨ        ᠲᠤᠭ ᠰᠡᠬᠦᠯ ᠨᠢ ᠵᠠᠳᠠᠷᠠᠰᠬᠢᠨ        ᠬᠠᠵᠠᠭᠤ ᠲᠡᠭᠡᠬᠦᠷ ᠬᠠᠶᠢᠪᠠᠭ᠎ᠠ ᠵᠢᠷᠤᠭ᠎ᠠ        ᠬᠠᠨᠳᠠᠭ᠎ᠠ ᠠᠳᠠᠯᠢ ᠲᠠᠶᠢᠪᠠᠭ᠎ᠠ ᠵᠢᠷᠤᠭ᠎ᠠ        ᠵᠢᠷᠤᠭᠠᠰᠤ ᠲᠠᠳᠠᠭᠰᠠᠨ ᠰᠤᠮᠤᠨ ᠵᠢᠷᠤᠭ᠎ᠠ        ᠵᠢᠷᠤᠭ ᠠᠳᠠᠯᠢ ᠭᠠᠩᠭᠠᠩ ᠢᠷᠤᠭ᠎ᠠ        ᠬᠤᠩᠬᠤᠷ ᠭᠠᠵᠠᠷ ᠤᠨ ᠬᠤᠨᠢᠨ ᠵᠢᠷᠤᠭ᠎ᠠ        ᠬᠤᠯᠠ  ᠭᠠᠵᠠᠷ ᠤᠨ ᠡᠯᠬᠦᠬᠡ ᠵᠢᠷᠤᠭ᠎ᠠ        ᠲᠡᠮᠡᠭᠡᠨ ᠬᠦᠶᠦᠳᠡᠯ ᠤᠨ ᠲᠡᠰᠢᠬᠦᠷ ᠵᠢᠷᠤᠭ᠎ᠠ        ᠲᠡᠩᠴᠡᠰᠢ ᠦᠬᠡᠢ ᠠᠪᠴᠠᠳᠠᠢ ᠵᠢᠷᠤᠭ᠎ᠠ        ᠶᠠᠨᠳᠠᠰᠢ ᠦᠬᠡᠢ ᠬᠤᠷᠳᠤᠨ ᠵᠢᠷᠤᠭ᠎ᠠ       ᠶᠠᠪᠤᠬᠤ ᠲᠤᠳᠤᠮ ᠢᠶᠠᠨ ᠢᠳᠡᠳᠡᠢ ᠵᠢᠷᠤᠭ᠎ᠠ       ᠰᠤᠮᠤᠳᠠᠭ᠎ᠠ ᠶᠡᠬᠡᠳᠡᠢ ᠡᠯᠬᠦᠬᠡ ᠵᠢᠷᠤᠭ᠎ᠠ       ᠰᠠᠯᠬᠢ ᠲᠠᠳᠠᠭᠤᠯᠤᠭᠰᠠᠨ ᠬᠤᠷᠳᠤᠨ ᠵᠢᠷᠤᠭ᠎ᠠ       ᠤᠭ ᠠᠴᠠ ᠪᠠᠨ ᠤᠨᠠᠭᠠᠨ ᠵᠢᠷᠤᠭ᠎ᠠ       ᠤᠷᠤᠭᠤ ᠦᠬᠡᠳᠡ ᠦᠬᠡᠢ ᠲᠡᠭᠰᠢ ᠵᠢᠷᠤᠭ᠎ᠠ       ᠤᠷᠢᠳᠤ ᠠᠴᠠ ᠪᠠᠨ ᠤᠰᠤᠨ ᠵᠢᠷᠤᠭ᠎ᠠ         ᠤᠷᠤᠯᠳᠤᠭᠠᠨ ᠳᠤ ᠲᠡᠷᠢᠬᠦᠯᠡᠳᠡᠭ ᠠᠯᠳᠠᠷ ᠲᠠᠢ ᠵᠢᠷᠤᠭ᠎ᠠ       ᠨᠠᠭᠠᠳᠤᠮ ᠪᠦᠬᠦᠨ ᠳᠤ ᠲᠤᠭᠤᠰᠤ ᠲᠠᠢ       ᠨᠠᠶᠢᠷ ᠪᠤᠯᠭᠠᠨ ᠳᠤ ᠱᠠᠩ ᠲᠠᠢ       ᠡᠨᠡ ᠰᠠᠶᠢᠬᠠᠨ ᠬᠦᠯᠦᠭ ᠤᠨ       ᠡᠷᠳᠡᠨᠢᠳᠦ ᠨᠤᠳᠤᠭ ᠬᠠᠮᠢᠭ᠎ᠠ ᠪᠤᠢ ᠭᠡᠮᠡᠪᠡᠰᠦ       ᠲᠦᠮᠡᠨ ᠦᠯᠵᠡᠢ ᠲᠡᠯᠭᠡᠷᠡᠭᠰᠡᠨ       ᠲᠦᠷᠪᠡᠨ ᠬᠦᠴᠦᠳᠡᠨ ᠰᠠᠭᠠᠳᠠᠭᠰᠠᠨ       ᠬᠦᠷᠦᠨ ᠲᠦᠷᠦ ᠳᠤ ᠠᠯᠳᠠᠷ ᠲᠠᠢ       ᠬᠦᠨᠪᠤᠯᠠᠭ ᠬᠡᠮᠡᠬᠦ ᠨᠤᠳᠤᠭ ᠪᠢᠯᠡ᠃
 
ᠢᠷᠡᠯᠲᠡ᠄ ︽ᠲᠠᠶᠢᠹᠦᠰᠧ ᠵᠡᠬᠦᠨ ᠭᠠᠷ — ᠬᠦᠨᠪᠤᠯᠠᠭ︾
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号