ᠡᠷ᠎ᠡ ᠶᠢᠨ ᠭᠤᠷᠪᠠᠨ ᠨᠠᠭᠠᠳᠤᠮ  —  ᠮᠤᠷᠢ ᠤᠷᠤᠯᠳᠤᠬᠤ
ᠨᠡᠶᠢᠲᠡᠯᠡᠭᠰᠡᠨ ᠴᠠᠭ᠄
2020/6/8
 1675 ᠤᠨ ︵ᠡᠩᠬᠡ ᠠᠮᠤᠭᠤᠯᠠᠩ ᠤᠨ ᠠᠷᠪᠠᠨ ᠲᠦᠷᠪᠡᠳᠦᠭᠡᠷ ᠤᠨ ᠤ ᠦᠶᠡᠰ︶ ᠳᠤ᠂ ᠮᠠᠨᠵᠤ ᠶᠢᠨ ᠨᠤᠶᠠᠷᠬᠠᠭᠴᠢᠳ ᠠᠴᠠ ᠴᠠᠬᠠᠷ ᠤᠨ ᠪᠦᠷᠨᠡᠢ ᠴᠢᠨ ᠸᠠᠩ ᠤᠨ ᠪᠤᠰᠤᠯᠭ᠎ᠠ ᠶᠢ ᠲᠠᠷᠤᠩᠭᠤᠶᠢᠯᠠᠭᠰᠠᠨ ᠤ ᠲᠠᠷᠠᠭ᠎ᠠ᠂ ᠮᠠᠨᠵᠤ ᠴᠢᠩ ᠤᠨ ᠲᠤᠳᠤᠭᠠᠳᠤ ᠶᠠᠮᠤᠨ ᠤ ᠰᠢᠭᠤᠳ ᠵᠠᠬᠢᠷᠤᠯ ᠬᠢᠬᠡᠳ ᠲᠠᠶᠢᠹᠤᠰᠧ ᠶᠠᠮᠤᠨ ᠤ ᠵᠠᠬᠢᠷᠭᠠᠨ ᠳᠤ ᠴᠠᠬᠠᠷ ᠨᠠᠢᠮᠠᠨ ᠬᠤᠰᠢᠭᠤᠨ ᠠᠴᠠ ᠠᠳᠤᠭᠤᠴᠢᠨ ᠤᠳᠤᠮ ᠲᠠᠢ ᠠᠶᠢᠯ ᠡᠷᠦᠬᠡ ᠶᠢ ᠲᠠᠳᠠᠵᠤ᠂ ᠲᠠᠶᠢᠹᠤᠰᠧ ᠪᠠᠷᠠᠭᠤᠨ ᠭᠠᠷᠤᠨ ᠠᠳᠤᠭᠤᠨ ᠰᠦᠷᠦᠭ᠂ ᠲᠠᠶᠢᠹᠤᠰᠧ ᠵᠡᠬᠦᠨ ᠭᠠᠷᠤᠨ ᠠᠳᠤᠭᠤᠨ ᠰᠦᠷᠦᠭ ᠪᠠᠶᠢᠭᠤᠯᠵᠤ᠂ ᠮᠠᠨᠵᠤ ᠨᠠᠢᠮᠠᠨ ᠬᠤᠰᠢᠭᠤ  ᠶᠢᠨ ᠴᠡᠷᠢᠭ ᠤᠨ ᠠᠭᠳᠠ ᠶᠢ ᠬᠠᠩᠭᠠᠬᠤ ᠠᠳᠤᠭᠤᠨ ᠲᠠᠯᠠᠪᠠᠢ ᠪᠠᠶᠢᠭᠤᠯᠵᠠᠢ᠃   ᠡᠶᠢᠨᠬᠦ ᠮᠠᠨᠵᠤ  ᠴᠢᠩ ᠬᠦᠷᠦᠨ ᠤ ᠤᠤᠯ ᠨᠤᠳᠤᠭ ᠳ᠋ᠠ ᠯᠢᠩ ᠾᠧ ᠤᠷᠴᠢᠮ ᠤᠨ ᠤᠰᠤᠨ ᠭᠤᠷᠪᠠᠨ ᠵᠦᠷᠴᠢᠨ ᠤ ᠮᠠᠯᠵᠢᠯ ᠤᠨ ᠲᠠᠯᠠᠪᠠᠢ ᠶᠢᠨ ᠰᠢᠯᠢᠳᠡᠭ ᠤᠳᠤᠮ ᠤᠨ ᠠᠳᠤᠭᠤᠨ ᠰᠦᠷᠦᠭ ᠢᠶᠠᠨ ᠠᠪᠴᠢᠷᠠᠭᠰᠠᠨ ᠤ ᠬᠠᠮᠳᠤ᠂ ᠲᠡᠭᠡᠷ᠎ᠡ ᠨᠢ ᠴᠠᠬᠠᠷ ᠯᠢᠭᠳᠡᠨ ᠬᠠᠭᠠᠨ ᠠᠴᠠ ᠤᠯᠵᠠᠯᠠᠭᠰᠠᠨ ᠴᠠᠭᠠᠨ ᠠᠳᠤᠭᠤᠨ ᠰᠦᠷᠦᠭ   ᠢ ᠨᠡᠮᠡᠷᠢᠯᠡᠵᠦ᠂ ᠪᠠᠰᠠ ᠬᠠᠯᠬ᠎ᠠ ᠶᠢᠨ ᠤᠨᠤᠨ ᠰᠡᠯᠡᠩᠬᠡ ᠮᠦᠷᠡᠨ ᠤ ᠤᠷᠴᠢᠮ ᠤᠨ ᠸᠠᠩ ᠬᠦᠩ ᠨᠠᠷ ᠤᠨ ᠮᠠᠨᠵᠤ ᠶᠢᠨ ᠬᠠᠭᠠᠨ ᠳᠤ ᠲᠠᠯ᠎ᠠ ᠪᠤᠯᠭᠠᠵᠤ ᠪᠡᠯᠡᠭᠯᠡᠭᠰᠡᠨ ᠤᠯᠠᠨ ᠲᠤᠭᠠᠨ ᠤ ᠠᠳᠤᠭᠤᠳ ᠢ  ᠨᠡᠶᠢᠯᠡᠬᠦᠯᠦᠭᠡᠳ᠂  ᠡᠳᠡᠭᠡᠷ ᠠᠳᠤᠭᠤᠳ ᠢ ᠮᠠᠯᠵᠢᠳᠠᠭ ᠲᠠᠶᠢᠹᠤᠰᠧ ᠵᠡᠬᠦᠨ ᠪᠠᠷᠠᠭᠤᠨ ᠭᠠᠷᠤᠨ ᠠᠳᠤᠭᠤᠨ ᠰᠦᠷᠦᠭ ᠢ ᠪᠠᠶᠢᠭᠤᠯᠵᠤ ᠮᠠᠯᠵᠢᠭᠤᠯᠤᠭᠰᠠᠨ ᠪᠠᠶᠢᠪᠠ᠃  ᠲᠡᠷᠡ  ᠦᠶᠡᠰ᠂ ᠲᠠᠶᠢᠹᠤᠰᠧ ᠵᠡᠬᠦᠨ ᠭᠠᠷ ᠰᠦᠷᠦᠭ ᠤᠨ ᠠᠯᠪᠠᠨ ᠠᠳᠤᠭᠤ 75 ᠰᠦᠷᠦᠭ ︵ ᠪᠠᠷᠤᠭ 27000 ᠠᠳᠤᠭᠤ︶ ᠪᠠᠶᠢᠵᠤ᠂ ᠲᠡᠭᠡᠷ᠎ᠡ ᠨᠢ ᠬᠤᠪᠢ ᠠᠶᠢᠯ ᠤᠨ ᠲᠦᠮᠡ ᠭᠠᠷᠤᠢ ᠠᠳᠤᠭᠤ ᠶᠢ ᠨᠡᠮᠡᠪᠡᠯ ᠨᠡᠶᠢᠳᠡ ᠲᠦᠷᠪᠡᠨ ᠲᠦᠮᠡᠭᠡᠳ ᠠᠳᠤᠭᠤ ᠲᠠᠢ ᠪᠠᠶᠢᠵᠠᠢ᠃ 1913 ᠤᠨ ᠳᠤ ᠲᠠᠶᠢᠹᠤᠰᠧ ᠵᠡᠬᠦᠨ ᠭᠠᠷ ᠤᠨ ᠠᠯᠪᠠᠨ ᠠᠳᠤᠭᠤ ᠶᠢ ᠲᠤᠮᠳᠠᠳᠤ ᠢᠷᠭᠡᠨ ᠤᠯᠤᠰ ᠤᠨ ᠬᠠᠭᠤᠷᠠᠢ ᠵᠠᠮ ᠤᠨ ᠴᠡᠷᠢᠭ ᠤᠨ ᠠᠭᠳᠠ ᠶᠢᠨ ᠲᠠᠯᠠᠪᠠᠢ ᠳᠤ ᠲᠤᠰᠢᠶᠠᠭᠰᠠᠨ ᠢᠶᠠᠷ᠂ ᠮᠠᠨᠵᠤ ᠶᠢᠨ ᠠᠯᠪᠠᠨ ᠠᠳᠤᠭᠤ ᠨᠢ ᠲᠠᠶᠢᠹᠤᠰᠧ ᠨᠤᠳᠤᠭ ᠠᠴᠠ ᠠᠩᠬᠢᠵᠢᠷᠠᠭᠰᠠᠨ ᠶᠤᠮ᠃ 1945 ᠤᠨ  ᠪᠤᠯᠬᠤ ᠳᠤ᠂ ᠴᠠᠭ ᠲᠦᠷᠦ ᠶᠢᠨ ᠬᠤᠪᠢᠰᠤᠯ ᠂ ᠲᠠᠶᠢᠨ ᠲᠠᠵᠢᠨ ᠤ ᠦᠢᠮᠡᠬᠡᠨ ᠠᠴᠠ ᠪᠤᠯᠤᠭᠠᠳ ᠲᠠᠶᠢᠹᠤᠰᠧ ᠵᠡᠬᠦᠨ ᠭᠠᠷ ᠬᠤᠰᠢᠭᠤ ᠨᠢ  ᠬᠤᠷᠢᠭᠠᠳ ᠠᠳᠤᠭᠤᠨ ᠰᠦᠷᠦᠭ ᠲᠠᠢ ᠯᠠ ᠦᠯᠡᠳᠡᠵᠦ᠂ ᠭᠤᠷᠪᠠᠨ ᠮᠢᠩᠭ᠎ᠠ ᠭᠠᠷᠤᠢ ᠠᠳᠤᠭᠤ ᠲᠠᠢ ᠨᠤᠳᠤᠭ ᠪᠤᠯᠪᠠ᠃      ᠲᠠᠶᠢᠹᠤᠰᠧ ᠵᠡᠬᠦᠨ ᠭᠠᠷ ᠰᠦᠷᠦᠭ ᠨᠢ ᠲᠦᠷᠦ ᠬᠦᠷᠦᠨ ᠤ ᠠᠳᠤᠭᠤᠨ ᠲᠠᠯᠠᠪᠠᠢ ᠪᠠᠶᠢᠭᠰᠠᠨ ᠲᠤᠯᠠ ᠰᠠᠶᠢᠨ ᠮᠤᠷᠢ ᠮᠤᠩ ᠦᠬᠡᠢ ᠤᠯᠠᠨ ᠪᠠᠶᠢᠵᠠᠢ᠃  ᠮᠡᠳᠡᠬᠦ ᠵᠢᠱᠢᠶ᠎ᠡ ᠶᠢ ᠲᠤᠷᠠᠳᠪᠠᠰᠤ᠂  1903 ᠤᠨ ︵ᠬᠠᠷᠠᠭᠴᠢᠨ ᠲᠠᠤᠯᠠᠢ ᠵᠢᠯ︶ ᠳᠤ ᠬᠡᠶᠢᠪᠡᠩ ᠤᠨ ᠭᠤᠤᠯ ᠤᠨ ᠬᠠᠵᠠᠭᠤᠳᠠᠬᠢ ᠠᠯᠳᠠᠨ ᠰᠢᠷᠡᠭᠡᠳᠦ ᠶᠢᠨ ᠲᠠᠯ᠎ᠠ ᠳᠤ ᠵᠠᠩᠵᠢᠶ᠎ᠠ ᠬᠡᠬᠡᠨ ᠵᠠᠯᠠᠷᠠᠨ ᠪᠠᠭᠤᠭᠰᠠᠨ ᠤ ᠶᠡᠭᠡ ᠨᠠᠶᠢᠷ ᠢ ᠬᠢᠬᠦ ᠳᠤ ᠲᠠᠯᠠᠨ ᠭᠠᠵᠠᠷ ᠤᠨ ᠠᠯᠤᠰ ᠠᠴᠠ ᠲᠠᠪᠤᠨ ᠵᠠᠭᠤᠨ ᠠᠭᠳᠠ ᠮᠤᠷᠢ ᠤᠷᠤᠯᠳᠤᠭᠤᠯᠵᠤ᠂ ᠲᠠᠶᠢᠹᠤᠰᠧ ᠵᠡᠬᠦᠨ ᠭᠠᠷ ᠰᠦᠷᠦᠭ ᠤᠨ ᠮᠤᠳᠤᠨ ᠰᠦᠮ᠎ᠡ ᠬᠤᠳᠠ ᠶᠢᠨ ᠴᠠᠭᠳᠠᠷᠭᠤᠮᠪᠤ ᠶᠢᠨ ᠬᠦᠷᠡᠩ ᠮᠤᠷᠢ ᠲᠡᠷᠢᠬᠦᠯᠡᠵᠦ᠂  ᠵᠠᠩᠵᠢᠶ᠎ᠠ ᠬᠡᠬᠡᠨ ᠠᠴᠠ  ᠢᠷᠤᠭᠠᠷ ᠲᠠᠭᠠᠨ ᠶᠤᠸᠠᠨ ᠤᠯᠤᠰ ᠤᠨ ᠲᠠᠮᠠᠭ᠎ᠠ ᠲᠠᠢ᠂ ᠦᠩᠬᠡ ᠶᠢᠨ ᠲᠤᠯᠤᠭᠠᠨ ᠠᠷᠰᠯᠠᠨ ᠲᠤᠭᠯᠠᠭᠰᠠᠨ ᠠᠯᠳᠠᠨ ᠬᠦᠷᠢᠶ᠎ᠡ ᠲᠠᠢ ᠱᠠᠵᠠᠩ ᠠᠶᠠᠭ᠎ᠠ ᠪᠠᠷ ᠱᠠᠩᠨᠠᠯ᠎ᠠ ᠬᠡᠳᠡᠭ᠃ 1930 ᠤᠨ ︵ᠴᠠᠭᠠᠨ ᠮᠤᠷᠢᠨ ᠵᠢᠯ︶ ᠳᠤ ᠪᠠᠨᠳᠢᠳᠠ ᠭᠡᠭᠡᠨ ᠬᠡᠶᠢᠳ ︵ᠪᠡᠶᠢᠰᠡ ᠶᠢᠨ ᠰᠦᠮ᠎ᠡ︶ ᠳᠤ ᠪᠠᠨᠴᠢᠨ ᠪᠤᠭᠳᠠ ᠮᠤᠷᠢᠯᠠᠨ ᠪᠠᠭᠤᠵᠤ ᠮᠦᠷᠬᠦᠯ ᠰᠤᠩᠳᠠᠭ ᠲᠠᠯᠪᠢᠬᠤ ᠳᠤ ᠪᠠᠰᠠ ᠶᠡᠭᠡ ᠨᠠᠶᠢᠷ ᠬᠢᠵᠦ᠂  ᠲᠠᠯᠠᠨ ᠭᠠᠵᠠᠷ ᠤᠨ ᠠᠯᠤᠰ ᠠᠴᠠ ᠭᠤᠷᠪᠠᠨ ᠵᠠᠭᠤᠨ ᠠᠭᠳᠠ  ᠲᠠᠯᠪᠢᠬᠤ ᠳᠤ ᠲᠠᠶᠢᠹᠤᠰᠧ ᠵᠡᠬᠦᠨ ᠭᠠᠷ ᠬᠤᠰᠢᠭᠤᠨ ᠤ ᠬᠦᠪᠡᠭᠡᠳᠦ ᠰᠢᠷ᠎ᠠ ᠰᠤᠮᠤᠨ ᠤ ᠵᠦᠩᠨᠡᠢ ᠮᠡᠶᠢᠷᠡᠨ ᠤ ᠬᠤᠸᠠ ᠮᠤᠷᠢ ᠲᠡᠷᠢᠬᠦᠯᠡᠵᠡᠢ᠃  1936 ᠤᠨ ᠳᠤ ᠲᠡᠮᠴᠤᠭᠳᠤᠩᠷᠤᠪ  ᠸᠠᠩ ᠤᠨ ᠵᠠᠪᠰᠠᠷ  ︵ ᠬᠤᠸᠠᠳᠧ︶ ᠲᠤ ᠬᠢᠭᠰᠡᠨ ᠰᠢᠯᠢ ᠶᠢᠨ ᠭᠤᠤᠯ ᠤᠨ ᠠᠷᠪᠠᠨ ᠬᠤᠰᠢᠭᠤ ᠪᠠ ᠴᠠᠬᠠᠷ ᠤᠨ ᠠᠷᠪᠠᠨ ᠬᠤᠰᠢᠭᠤᠨ ᠤ ᠬᠠᠮᠳᠤᠷᠠᠭᠰᠠᠨ ᠶᠡᠭᠡ ᠴᠢᠭᠤᠯᠭᠠᠨ ᠨᠠᠶᠢᠷ ᠲᠡᠭᠡᠷ᠎ᠡ ᠲᠠᠯᠠᠨ ᠭᠠᠵᠠᠷ ᠤᠨ ᠠᠯᠤᠰ ᠠᠴᠠ  ᠭᠤᠷᠪᠠᠨ ᠵᠠᠭᠤ ᠭᠠᠷᠤᠢ ᠮᠤᠷᠢ ᠤᠷᠤᠯᠳᠤᠭᠤᠯᠵᠤ᠂ ᠲᠠᠶᠢᠹᠤᠰᠧ ᠵᠡᠬᠦᠨ ᠭᠠᠷ ᠬᠤᠰᠢᠭᠤᠨ ᠤ ᠬᠦᠪᠡᠭᠡᠳᠦ ᠴᠠᠭᠠᠨ ᠰᠤᠮᠤᠨ ᠤ ᠬᠠᠰᠢᠶᠠᠳᠤ ᠤᠰᠤᠨ ᠤ ᠭᠤ ᠫᠠᠶᠢᠵᠠᠩ ︵ᠭᠤᠮᠪᠤᠵᠠᠪ︶ ᠤᠨ ᠬᠤᠸᠠ  ᠮᠤᠷᠢ  ᠲᠡᠷᠢᠬᠦᠯᠡᠭᠰᠡᠨ ᠪᠦᠬᠡᠳ ᠲᠠᠷᠠᠭᠠᠬᠠᠨ  ᠨᠢ ︵1938 ᠤᠨ︶ ᠬᠠᠳᠠᠨ ᠬᠤᠰᠢᠭᠤ ᠰᠦᠮ᠎ᠡ ᠲᠡᠭᠡᠷ᠎ᠡ ᠪᠤᠯᠤᠭᠰᠠᠨ ᠵᠤᠳᠪᠠᠵᠠᠪ ᠠᠮᠪᠠᠨ ᠤ ᠴᠠᠬᠠᠷ ᠴᠢᠭᠤᠯᠭᠠᠨ ᠲᠠᠷᠤᠭ᠎ᠠ ᠲᠡᠪᠰᠢᠭᠰᠡᠨ ᠶᠡᠭᠡ ᠨᠠᠶᠢᠷ ᠤᠨ ᠵᠢᠷᠠᠨ ᠭᠠᠵᠠᠷ ᠤᠨ ᠠᠯᠤᠰ ᠤᠨ ᠮᠤᠷᠢᠨ ᠤ ᠤᠷᠤᠯᠳᠤᠭᠠᠨ ᠳᠤ ᠭᠤ ᠫᠠᠶᠢᠵᠠᠩ ᠤᠨ ᠬᠤᠸᠠ ᠮᠤᠷᠢ ᠬᠤᠶᠠᠷ ᠵᠠᠭᠤ ᠭᠠᠷᠤᠢ  ᠠᠭᠳᠠ ᠶᠢᠨ ᠲᠤᠮᠳᠠ ᠠᠴᠠ ᠲᠠᠰᠤᠷᠠᠨ ᠦᠵᠦᠬᠦᠷᠯᠡᠵᠦ ᠲᠠᠬᠢᠨᠳᠠ ᠮᠠᠩᠯᠠᠶᠢᠯᠠᠭᠰᠠᠨ ᠪᠦᠬᠡᠳ ᠲᠠᠶᠢᠹᠤᠰᠧ ᠵᠡᠬᠦᠨ ᠭᠠᠷ ᠬᠤᠰᠢᠭᠤᠨ ᠠᠴᠠ ᠤᠴᠢᠭᠰᠠᠨ ᠬᠤᠷᠢᠨ ᠲᠠᠪᠤᠨ ᠮᠤᠷᠢᠳ ᠤᠨ ᠲᠤᠳᠤᠷ᠎ᠠ ᠠᠴᠠ ᠪᠠᠰᠠ ᠬᠤᠶᠠᠷ ᠮᠤᠷᠢ ᠨᠢ ᠲᠤᠯᠤᠭ᠎ᠠ ᠪᠠ  ᠬᠤᠷᠢᠨ ᠲᠠᠪᠤᠳᠤᠭᠠᠷ ᠲᠤ ᠤᠷᠤᠭᠠᠳ᠂  ᠲᠠᠶᠢᠹᠤᠰᠧ ᠤᠨ ᠮᠤᠷᠢᠳ ᠴᠠᠬᠠᠷ᠂ ᠰᠢᠯᠢ ᠶᠢᠨ ᠭᠤᠤᠯ ᠳᠤ ᠠᠯᠳᠠᠷᠰᠢᠭᠰᠠᠨ ᠪᠠᠶᠢᠪᠠ᠃      ᠨᠡᠶᠢᠳᠡ ᠮᠤᠩᠭᠤᠯᠴᠤᠳ ᠤᠨ ᠵᠠᠩᠰᠢᠯ ᠶᠤᠰᠤᠭᠠᠷ ᠲᠠᠶᠢᠹᠤᠰᠧ ᠨᠤᠳᠤᠭ ᠤᠨ ᠬᠢᠨ ᠴᠤ ᠨᠠᠶᠢᠷ ᠲᠤ ᠲᠠᠯᠪᠢᠬᠤ ᠮᠤᠷᠢᠳ ᠢ ᠡᠷᠳᠡ ᠠᠴᠠ ᠤᠶᠠᠵᠤ ᠰᠤᠶᠢᠨ᠎ᠠ᠃ ᠠᠭᠳᠠ ᠮᠤᠷᠢ ᠲᠤᠯᠤᠭᠠᠨ ᠨᠠᠰᠤ ᠬᠦᠷᠪᠡᠯ ᠨᠠᠰᠤ ᠪᠡᠶ᠎ᠡ ᠬᠦᠢᠴᠡᠭᠰᠡᠨ  ᠳᠤ ᠲᠤᠭᠠᠴᠠᠵᠤ᠂  ᠬᠤᠯᠠ  ᠤᠷᠤᠯᠳᠤᠭᠠᠨ ᠳᠤ ᠤᠶᠠᠵᠤ ᠪᠤᠯᠤᠨ᠎ᠠ᠃  ᠲᠤᠯᠤᠭᠠᠨ ᠨᠠᠰᠤᠨ ᠠᠴᠠ ᠡᠮᠦᠨ᠎ᠡ  ᠮᠤᠷᠢᠨ  ᠤ ᠰᠤᠶᠤᠭ᠎ᠠ ᠰᠢᠳᠦᠨ ᠤ ᠤᠷᠭᠤᠯᠳᠠ ᠪᠦᠷᠢᠳᠦᠭᠡᠳᠦᠢ ᠲᠤᠯᠠ  ᠰᠤᠶᠤᠭᠠᠯᠠᠩ ᠦᠷᠢᠶ᠎ᠡ ᠶᠢ ᠤᠷᠤᠯᠳᠤᠭᠠᠨ ᠤ ᠬᠤᠯᠠ  ᠵᠠᠮ ᠳᠤ ᠵᠦᠳᠡᠭᠡᠪᠡᠯ ᠰᠢᠷᠪᠦᠰᠦ ᠶᠠᠰᠤᠨ ᠤ ᠪᠤᠶᠢᠵᠢᠯᠳᠠ ᠳᠤ ᠮᠠᠭᠤ ᠬᠡᠳᠡᠭ᠃     ᠨᠠᠶᠢᠷ ᠨᠠᠭᠠᠳᠤᠮ ᠨᠢ ᠶᠡᠷᠤ ᠳᠡᠭᠡᠨ ᠵᠢᠯ ᠪᠦᠷᠢ ᠶᠢᠨ ᠲᠤᠯᠤᠭ᠎ᠠ ᠨᠠᠢᠮᠠᠳᠤᠭᠠᠷ  ᠰᠠᠷ᠎ᠠ ᠶᠢᠨ ᠬᠤᠭᠤᠷᠤᠨᠳᠤ ᠪᠤᠯᠳᠠᠭ᠃ ᠡᠨᠡ ᠦᠶ᠎ᠠ ᠳᠤ ᠶᠠᠭ ᠰᠠᠶᠢᠬᠠᠨ ᠠᠭᠤᠷ ᠠᠮᠢᠰᠬᠤᠯ ᠡᠶᠡᠪᠡᠷᠬᠦᠤ᠂ ᠬᠤᠷ᠎ᠠ  ᠪᠤᠷᠤᠭᠠᠨ ᠲᠡᠭᠰᠢ᠂ ᠡᠪᠡᠰᠤ ᠤᠷᠭᠤᠮᠠᠯ ᠴᠡᠯᠭᠡᠷᠡᠵᠤ ᠨᠤᠭᠤᠭᠠᠷᠠᠨ ᠠᠳᠤᠭᠤ ᠮᠠᠯ ᠬᠦᠯᠯᠡᠨ ᠲᠠᠷᠭᠤᠯᠠᠵᠤ᠂ ᠰᠦ  ᠰᠠᠭᠠᠯᠢ ᠡᠯᠪᠡᠭᠵᠢᠭᠰᠡᠨ ᠲᠠᠩᠰᠤᠭ ᠡᠷᠡᠨ ᠪᠠᠶᠢᠳᠠᠭ᠃   ᠤᠶᠠᠭᠠᠴᠢᠳ ᠨᠠᠶᠢᠷ ᠨᠠᠭᠠᠳᠤᠮ ᠪᠤᠯᠬᠤ ᠰᠤᠷᠠᠭ ᠴᠢᠮᠡᠭᠡ ᠶᠢ ᠰᠤᠨᠤᠰᠤᠩᠭᠤᠳᠠ ᠠᠶᠢᠯ ᠤᠰᠤ  ᠪᠠᠷ ᠢᠶᠠᠨ ᠬᠦᠯ  ᠪᠤᠯᠵᠤ ᠤᠷᠤᠯᠳᠤᠭᠠᠨ ᠤ ᠮᠤᠷᠢᠳ ᠢᠶᠠᠨ ᠪᠠᠷᠢᠵᠤ᠂ ᠡᠪᠡᠰᠤ ᠬᠤᠯᠤᠰᠤ ᠶᠢ ᠨᠢ ᠠᠩᠬᠠᠷᠤᠨ᠂ ᠤᠰᠤ ᠬᠦᠯᠦᠰᠤ ᠶᠢ   ᠨᠢ ᠬᠢᠴᠢᠶᠡᠵᠤ᠂ ᠤᠶᠠᠯᠭ᠎ᠠ ᠰᠦᠢᠯᠭ᠎ᠠ ᠶᠢ ᠨᠢ ᠲᠡᠩᠴᠡᠬᠦᠯᠳᠡᠭ᠃  ᠵᠢᠷᠤᠭ᠎ᠠ ᠮᠤᠷᠢᠳᠠᠨ ᠨᠢ ᠡᠮᠡᠭᠡᠯ ᠲᠤᠬᠤᠰᠢ ᠶᠢ ᠨᠢ ᠭᠤᠶᠤᠯᠠᠵᠤ᠂ ᠦᠰᠤ ᠲᠡᠯ ᠢ ᠨᠢ ᠶᠠᠩᠵᠤᠯᠠᠵᠤ᠂ ᠲᠠᠬ᠎ᠠ  ᠲᠤᠭᠤᠷᠠᠢ ᠶᠢ ᠨᠢ ᠵᠠᠰᠠᠵᠤ᠂ ᠠᠮᠠᠭᠠᠢ ᠵᠤᠤᠵᠠᠢ ᠶᠢ ᠨᠢ ᠵᠤᠬᠢᠷᠠᠭᠤᠯᠵᠤ᠂ ᠠᠯᠬᠤᠳᠠᠯ ᠬᠢᠰᠬᠢᠳᠡᠯ ᠢ ᠨᠢ  ᠪᠤᠯᠪᠠᠰᠤᠷᠠᠭᠤᠯᠳᠠᠭ᠃     ᠮᠣᠷᠢ ᠶᠢ ᠵᠢᠯ ᠤᠨ ᠲᠤᠷᠰᠢ ᠲᠠᠷᠭᠤ ᠬᠦᠴᠦ ᠶᠢ ᠨᠢ ᠠᠯᠲᠠᠭᠤᠯᠬᠤ ᠦᠭᠡᠢ᠂ ᠪᠡᠶ᠎ᠡ ᠶᠢᠨ ᠬᠥᠨᠳᠡᠭᠦᠷ ᠠᠴᠠ ᠭᠠᠷᠭᠠᠬᠤ ᠶᠢᠨ ᠲᠤᠯᠠᠳᠠ ᠤᠨᠤᠵᠤ ᠡᠳ᠋ᠯᠡᠨ᠎ᠡ᠃ ᠮᠥᠨ ᠢᠳᠡᠰᠢ ᠶᠢ ᠨᠢ ᠪᠠᠭᠠᠰᠬᠠᠨ ᠭᠡᠳᠡᠰᠦ ᠳᠣᠲᠣᠷ ᠢ ᠨᠢ ᠠᠭᠰᠢᠭᠠᠵᠤ᠂ ᠠᠴᠢᠶᠠᠯᠠᠯ ᠢ ᠪᠠᠭ᠎ᠠ ᠪᠠᠭ᠎ᠠ ᠪᠠᠷ ᠨᠡᠮᠡᠭᠳᠡᠭᠦᠯᠵᠦ᠂ ᠡᠬᠢᠯᠡᠭᠡᠳ 4 — 5  ᠺᠢᠯᠤᠮᠧᠲᠷ ᠭᠠᠵᠠᠷ ᠲᠤ ᠳᠠᠪᠬᠢᠭᠤᠯᠤᠨ᠎ᠠ᠃ ᠶᠡᠭᠡ ᠰᠤᠩᠭᠠᠭ᠎ᠠ ᠠᠴᠠ ᠲᠡᠭᠦᠨ ᠢ 10 — 12  ᠺᠢᠯᠤᠮᠧᠲᠷ ᠪᠣᠯᠭᠠᠵᠤ ᠰᠤᠩᠭᠠᠭᠠᠬᠤ ᠭᠡᠬᠦ ᠮᠡᠲᠦᠴᠢᠯᠡᠨ ᠪᠡᠯᠡᠳᠭᠡᠯ ᠢ ᠬᠠᠩᠭᠠᠨ᠎ᠠ᠃ ᠮᠣᠩᠭᠤᠯ ᠮᠣᠷᠢ ᠪᠣᠯ ᠪᠡᠶ᠎ᠡ ᠪᠠᠷ ᠪᠠᠭ᠎ᠠ᠂ ᠬᠥᠯ ᠪᠣᠭᠤᠨᠢ ᠲᠠᠢ  ᠂ ᠪᠡᠯᠴᠢᠭᠡᠷ ᠲᠤ ᠢᠳᠡᠭᠡᠰᠢᠳᠡᠭ ᠤᠴᠢᠷ ᠠᠴᠠ ᠳᠣᠲᠣᠷ ᠡᠷᠭᠡᠳᠡᠨ ᠤ ᠡᠵᠡᠯᠡᠬᠦᠨ ᠲᠣᠮᠣ ᠪᠠᠶᠢᠳᠠᠭ᠃ ᠳᠡᠭᠡᠭᠦ ᠪᠠᠷ ᠮᠣᠷᠢ ᠶᠢ ᠳᠠᠪᠬᠢᠭᠤᠯᠵᠤ ᠬᠤᠷᠳᠤ ᠶᠢ ᠨᠢ ᠨᠡᠮᠡᠬᠦ ᠶᠢᠨ ᠲᠤᠯᠠᠳᠠ ᠳᠣᠲᠣᠷ᠎ᠠ ᠡᠷᠭᠡᠳᠡᠨ ᠢ ᠨᠢ ᠪᠠᠭᠠᠰᠬᠠᠵᠤ᠂ ᠢᠳᠡᠰᠢ ᠶᠢ ᠨᠢ ᠬᠢᠵᠠᠭᠠᠷᠯᠠᠬᠤ ᠵᠠᠶᠢᠯᠠᠰᠢ ᠦᠭᠡᠢ ᠱᠠᠭᠠᠷᠳᠠᠯᠭ᠎ᠠ ᠲᠠᠢ ᠪᠤᠯᠳᠠᠭ᠃ ᠶᠡᠷᠦᠨᠢ ᠠᠳᠤᠭᠤ ᠪᠤᠯ ᠶᠡᠭᠡ ᠢᠳᠡᠮᠡᠭᠡᠢ ᠠᠮᠢᠳᠠᠨ᠃ ᠲᠡᠶᠢᠮᠦ ᠠᠴᠠ ᠤᠶᠠᠵᠤ ᠪᠠᠶᠢᠭ᠎ᠠ ᠮᠤᠷᠢ ᠶᠢ ᠰᠥᠨᠢ ᠨᠢ ᠲᠠᠯᠪᠢᠵᠤ ᠢᠳᠡᠭᠦᠯᠦᠭᠡᠳ ᠡᠳᠦᠷ ᠨᠢ ᠰᠦᠢᠨ᠎ᠠ ᠭᠡᠰᠡᠨ ᠦᠭᠡ᠃        ᠮᠤᠷᠢᠨ  ᠤᠷᠤᠯᠳᠤᠭᠠᠨ ᠳᠤ ᠤᠷᠤᠯᠴᠠᠬᠤ ᠮᠤᠷᠢᠳ ᠤᠨ ᠤᠯᠠᠨ ᠴᠦᠭᠡᠨ ᠢ ᠬᠢᠵᠠᠭᠠᠷᠯᠠᠳᠠᠭ ᠦᠭᠡᠢ᠂ ᠨᠤᠳᠤᠭ ᠤᠰᠤ ᠬᠡᠵᠤ  ᠬᠤᠪᠢᠶᠠᠳᠠᠭ ᠦᠭᠡᠢ᠂ ᠤᠨᠤᠭᠠᠷᠢ ᠶᠢᠨ ᠬᠦᠮᠦᠨ ᠢ ᠢᠯᠭᠠᠳᠠᠭ ᠦᠭᠡᠢ᠂ ᠵᠦᠪᠭᠡᠨ ᠨᠠᠭᠠᠳᠤᠮ ᠬᠠᠮᠢᠶᠠᠷᠤᠭᠴᠢ ᠳᠤ  ᠨᠠᠷ᠎ᠠ ᠪᠠᠨ ᠪᠦᠷᠢᠳᠭᠡᠬᠦᠯᠴᠢᠭᠡᠪᠡᠯ ᠤᠷᠤᠯᠳᠤᠭᠠᠨ ᠳᠤ ᠤᠷᠤᠯᠴᠠᠵᠤ ᠪᠦᠷ ᠪᠤᠯᠳᠠᠭ᠃      ᠬᠤᠷᠳᠤᠨ ᠮᠤᠷᠢᠨ ᠤ ᠤᠷᠤᠯᠳᠤᠭᠠᠨ ᠳᠤ ᠲᠤᠰᠬᠠᠢ ᠲᠠᠯᠠᠪᠠᠢ ᠭᠠᠷᠭᠠᠬᠤ ᠴᠢᠬᠤᠯᠠ ᠦᠭᠡᠢ᠃ ᠬᠠᠷᠢᠨ ᠲᠡᠭᠰᠢ  ᠰᠠᠷᠠᠭᠤᠯ ᠭᠠᠵᠠᠷ ᠢ ᠰᠤᠩᠭᠤᠨ ᠤᠷᠤᠯᠳᠤᠭᠠᠨ ᠤ ᠲᠠᠯᠠᠪᠠᠢ ᠪᠤᠯᠭᠠᠪᠠᠯ ᠪᠤᠯᠴᠢᠬᠠᠳᠠᠭ᠃ ᠤᠷᠤᠯᠳᠤᠬᠤ ᠵᠠᠢ ᠶᠢ ᠨᠠᠶᠢᠷ ᠨᠠᠭᠠᠳᠤᠮ ᠤᠨ ᠬᠡᠪᠴᠢᠶᠡᠨ ᠤ ᠶᠡᠭᠡ ᠪᠠᠭ᠎ᠠ᠂  ᠢᠷᠡᠭᠰᠡᠨ ᠮᠤᠷᠢᠳ ᠤᠨ ᠤᠯᠠᠨ ᠴᠦᠬᠡᠨ ᠵᠢᠴᠢ ᠠᠭᠤᠷ ᠠᠮᠢᠰᠬᠤᠯ᠂ ᠭᠠᠵᠠᠷ ᠤᠨ ᠪᠠᠶᠢᠴᠠ ᠵᠡᠷᠭᠡ ᠶᠢ ᠦᠨᠳᠦᠰᠦᠯᠡᠵᠦ ᠪᠠᠶᠢᠭᠠᠳ ᠲᠤᠭᠳᠠᠭᠠᠨ᠎ᠠ᠃  ᠦᠩᠭᠡᠷᠡᠭᠰᠡᠨ ᠳᠤ 80 — 100 ᠭᠠᠵᠠᠷ  ᠲᠠᠯᠪᠢᠵᠤ  ᠪᠠᠶᠢᠯ᠎ᠠ ᠭᠡᠳᠡᠭ᠃  ᠤᠶᠢᠷ᠎ᠠ ᠦᠶ᠎ᠡ ᠳᠤ  ᠤᠯᠠᠩᠬᠢ ᠳᠠᠭᠠᠨ 20  — 40 ᠭᠠᠵᠠᠷ ᠤᠷᠴᠢᠮ ᠲᠠᠪᠬᠢᠭᠤᠯᠳᠠᠭ ᠪᠤᠯᠵᠠᠢ᠃ ᠤᠷᠤᠯᠳᠤᠭᠠᠨ ᠤ ᠮᠤᠷᠢᠨ ᠳᠤ ᠲᠤᠭᠳᠠᠭᠰᠠᠨ ᠲᠤᠭ᠎ᠠ ᠦᠬᠡᠢ᠃     ᠤᠷᠤᠯᠳᠤᠭᠠᠨ ᠤ ᠬᠤᠷᠳᠤᠨ ᠮᠤᠷᠢ ᠶᠢ ᠭᠤᠤᠯᠳᠠᠭᠤ  ᠠᠷᠪᠠᠭᠠᠳ ᠨᠠᠰᠤᠨ ᠤ ᠬᠡᠦᠬᠡᠳ ᠵᠠᠶᠢᠳᠠᠩ ᠤᠨᠤᠳᠠᠭ᠃  ᠮᠤᠷᠢ ᠤᠨᠤᠬᠤ ᠬᠡᠦᠬᠡᠳ ᠭᠤᠶᠤᠮᠰᠤᠭ ᠦᠩᠬᠡ ᠶᠢᠨ ᠲᠤᠷᠭ᠎ᠠ ᠲᠤᠷᠳᠤᠩ ᠦᠮᠦᠳᠦ ᠬᠠᠨᠳᠠᠭᠠᠰᠤ  ᠡᠮᠦᠰᠴᠦ᠂ ᠲᠤᠯᠤᠭᠠᠢ ᠪᠠᠨ ᠦᠩᠬᠡ ᠶᠢᠨ ᠲᠤᠷᠳᠤᠩ ᠢᠶᠠᠷ ᠤᠷᠢᠶᠠᠵᠤ ᠴᠢᠮᠡᠳᠡᠭ᠃  ᠤᠷᠤᠯᠳᠤᠭᠠᠨ ᠠᠴᠠ ᠪᠠᠷᠤᠭ ᠲᠤᠯᠤᠭᠠᠨ ᠡᠳᠦᠷ ᠤᠨ ᠡᠮᠦᠨ᠎ᠡ ᠮᠤᠷᠢᠨ ᠤ ᠪᠠᠨ ᠲᠡᠯ ᠰᠡᠬᠦᠯ ᠢ ᠰᠠᠶᠢᠬᠠᠨ ᠵᠠᠰᠠᠨ᠎ᠠ᠃  ᠤᠷᠤᠯᠳᠤᠭᠠᠨ ᠤᠶᠢᠷᠠᠳᠤᠪᠠᠯ ᠮᠤᠷᠢᠨ ᠤ ᠪᠡᠶ᠎ᠡ ᠳᠤ ᠬᠠᠶᠢᠴᠢ ᠮᠡᠰᠡ ᠬᠦᠷᠭᠡᠬᠦ ᠶᠢ ᠴᠡᠭᠡᠷᠯᠡᠨ᠎ᠡ᠃ ᠲᠡᠯ ᠵᠠᠰᠠᠬᠤ ᠳᠠᠭᠠᠨ ᠠᠰᠬᠠᠨ ᠨᠢᠷᠤᠭᠤ ᠲᠠᠢ ᠮᠤᠷᠢᠨ ᠳᠤ ᠰᠤᠮᠤᠨ ᠲᠡᠯ ᠵᠠᠰᠠᠵᠤ᠂ ᠲᠠᠰᠢᠶᠠᠨ ᠤ ᠭᠡᠰᠡᠭ ᠪᠠ ᠲᠤᠯᠤᠭᠠᠢ ᠨᠢ ᠲᠤᠤᠷ᠎ᠠ  ᠰᠢᠭ᠋ ᠮᠤᠷᠢᠨ ᠳᠤ ᠪᠤᠯ ᠮᠦᠭᠡᠷᠦᠨ ᠲᠡᠯ ᠵᠠᠰᠠᠳᠠᠭ᠃  ᠬᠦᠶᠦᠬᠦ ᠮᠤᠷᠢᠨ ᠤ ᠬᠠᠷᠠᠭ᠎ᠠ ᠶᠢ ᠬᠠᠯᠬᠠᠯᠠᠬᠤ ᠠᠴᠠ ᠵᠠᠶᠢᠯᠠᠰᠬᠢᠵᠤ᠂ ᠬᠡᠵᠢᠬᠡᠨ ᠬᠦᠬᠦᠯ ᠪᠠ ᠮᠤᠨᠳᠠᠭ᠎ᠠ  ᠶᠢ ᠲᠤᠷᠭᠠᠨ ᠤᠳᠠᠰᠤ᠂ ᠲᠤᠷᠳᠤᠩ ᠢᠶᠠᠷ ᠴᠢᠮᠡᠭᠯᠡᠨ ᠤᠷᠢᠶᠠᠵᠤ᠂ ᠰᠡᠬᠦᠯ ᠢ   ᠨᠢ ᠪᠤᠷᠪᠢᠨ ᠤ ᠲᠡᠭᠡᠬᠦᠷᠭᠡᠨ ᠲᠠᠰᠤ ᠪᠠᠷᠢᠵᠤ ᠪᠤᠭᠤᠳᠠᠭ᠃ ᠤᠷᠤᠯᠳᠤᠭᠠᠨ ᠮᠤᠷᠢᠨ ᠳᠤ ᠬᠠᠵᠠᠭᠠᠷ ᠨᠤᠭᠳᠤ ᠪᠠᠶᠢᠬᠤ ᠠᠴᠠ ᠭᠠᠳᠠᠨ᠎ᠠ ᠨᠢᠮᠭᠡᠨ ᠰᠢᠷᠢᠳᠡᠭ ᠲᠠᠳᠠᠵᠤ᠂  ᠮᠤᠷᠢ ᠤᠨᠤᠬᠤ ᠬᠡᠤᠭᠡᠳ ᠲᠤ ᠲᠦᠭᠡ ᠢᠯᠡᠬᠦᠤ ᠤᠷᠳᠤ ᠶᠠᠰᠤᠯᠢᠭ ᠮᠤᠳᠤᠨ ᠪᠦᠷᠢᠶ᠎ᠠ ᠲᠠᠢ᠂ ᠤᠷᠳᠤ  ᠤᠬᠤᠷ ᠨᠢ ᠪᠦᠷᠢᠶ᠎ᠠ ᠲᠠᠢ ᠨᠢ ᠲᠡᠩᠴᠡᠬᠦᠭᠡᠨ ᠬᠢᠭᠰᠡᠨ ᠬᠠᠪᠳᠠᠭᠠᠢ ᠰᠤᠷ ᠲᠠᠰᠢᠭᠤᠷ ᠪᠠᠷᠢᠭᠤᠯᠳᠠᠭ᠃ ᠡᠶᠢᠮᠤ  ᠲᠠᠰᠢᠭᠤᠷ ᠮᠤᠷᠢ ᠭᠤᠶᠠᠳᠠᠬᠤ ᠳᠤ ᠴᠠᠪᠢᠨ ᠳᠤᠨᠢ ᠬᠦᠷᠬᠦ ᠦᠭᠡᠢ ᠮᠦᠷᠳᠡᠭᠡᠨ ᠬᠡᠷᠡᠭᠯᠡᠬᠦ ᠳᠤ ᠡᠪᠳᠠᠢ ᠪᠠᠶᠢᠳᠠᠭ᠃      ᠤᠷᠤᠯᠳᠤᠭᠠᠨ ᠳᠤ ᠤᠷᠤᠬᠤ ᠬᠡᠤᠭᠡᠳ ᠦᠪᠡᠷ ᠦᠪᠡᠷ ᠤᠨ ᠮᠤᠷᠢ ᠪᠠᠨ ᠤᠨᠤᠵᠤ᠂  ᠤᠶᠠᠭᠠᠴᠢ ᠨᠢ ᠬᠦᠳᠦᠯᠦᠨ ᠨᠠᠶᠢᠷ ᠤᠨ ᠲᠤᠭ ᠰᠦᠯᠳᠡ ᠶᠢ ᠵᠦᠪ ᠢᠶᠠᠷ ᠭᠤᠷᠪᠠᠨᠳᠠ ᠡᠷᠬᠢᠭᠡᠳ ᠤᠷᠤᠯᠳᠤᠭᠠᠨ ᠤ ᠮᠤᠷᠢ ᠲᠠᠯᠪᠢᠬᠤ  ᠱᠤᠭᠤᠮ ᠳᠤ ᠤᠴᠢᠨ᠎ᠠ᠃ ᠡᠬᠦᠨ ᠢ ᠰᠠᠩ ᠡᠷᠬᠢᠬᠦ ᠬᠡᠳᠡᠭ᠃ ᠮᠤᠷᠢ ᠤᠨᠤᠭᠰᠠᠨ ᠬᠡᠦᠬᠡᠳ ᠤᠨ ᠭᠡᠷ ᠤᠨ ᠠᠬᠠᠮᠠᠳ ᠨᠢ ᠪᠤᠶᠤ ᠮᠤᠷᠢᠨ ᠤ ᠡᠵᠡᠨ ᠨᠢ  ᠲᠠᠯᠠᠪᠠᠢ ᠳᠤ ᠤᠷᠤᠬᠤ ᠳᠤ ᠪᠠᠷ᠎ᠠ ᠪᠤᠯᠵᠤ᠂ ᠬᠡᠦᠭᠡᠳ ᠢ ᠮᠤᠷᠢᠨ ᠲᠡᠭᠡᠷ᠎ᠠ ᠨᠢ  ᠤᠨᠤᠭᠤᠯᠳᠠᠭ ᠪᠠ ᠤᠷᠤᠯᠳᠤᠵᠤ ᠢᠷᠡᠮᠡᠭᠴᠠ ᠲᠤᠰᠤᠨ ᠠᠪᠴᠤ ᠪᠠᠭᠤᠯᠭᠠᠭᠠᠳ ᠬᠦᠮᠦᠨ ᠢ ᠨᠢ ᠠᠮᠠᠷᠠᠭᠤᠯᠵᠤ  ᠮᠤᠷᠢ ᠶᠢ ᠨᠢ ᠡᠷᠬᠢᠬᠦᠯᠵᠤ ᠠᠮᠢᠰᠬᠤᠭᠤᠯᠳᠠᠭ ᠵᠤᠷᠰᠢᠯ ᠲᠠᠢ᠃        ᠬᠤᠷᠳᠤᠨ ᠮᠤᠷᠢᠨ ᠤ ᠤᠷᠤᠯᠳᠤᠭᠠᠨ ᠨᠢ ᠤᠷᠤᠯᠳᠤᠬᠤ  ᠲᠠᠯᠠᠪᠠᠢ ᠳᠤ ᠬᠢᠵᠠᠭᠠᠷᠯᠠᠭᠳᠠᠬᠤ ᠦᠭᠡᠢ ᠪᠤᠯᠬᠤᠷ ᠬᠡᠳᠦᠨ ᠠᠷᠪᠠᠠ ᠮᠤᠷᠢᠳ ᠢ ᠨᠢᠭᠡ ᠲᠤᠤᠷ᠎ᠠ ᠬᠦᠶᠦᠯᠭᠡᠵᠤ᠂  ᠡᠮᠦᠨ᠎ᠡ ᠬᠤᠶᠢᠨ᠎ᠠ ᠢᠷᠡᠭᠰᠡᠨ ᠲᠡᠰ ᠲᠠᠷᠠᠭᠠᠯᠠᠯ ᠢᠶᠠᠷ ᠬᠤᠷᠳᠤᠴᠠ ᠪᠤᠯᠭᠠᠨ ᠲᠡᠷᠢᠬᠦᠨ ᠲᠡᠳ᠋ ᠢ ᠰᠢᠯᠭᠠᠷᠠᠭᠤᠯᠳᠠᠭ᠃        ᠮᠤᠷᠢ ᠤᠷᠤᠯᠳᠤᠬᠤ ᠳᠤ ᠭᠠᠷᠤᠭᠠᠨ ᠤ ᠴᠡᠭ ᠲᠤ ᠬᠦᠷᠴᠦ ᠨᠡᠷ᠎ᠡ ᠲᠡᠮᠳᠡᠭᠯᠡᠬᠦᠯᠦᠨ ᠨᠤᠮᠧᠷ ᠢᠶᠠᠨ ᠠᠪᠤᠨ᠎ᠠ᠃ ᠪᠠᠷᠢᠶᠠᠨ ᠤ ᠭᠠᠵᠠᠷ ᠲᠤ ᠫᠠᠶᠢᠰᠠ ᠤᠯᠭᠤᠬᠤ ᠮᠤᠷᠢᠳᠠᠢ ᠬᠦᠮᠦᠨ ᠲᠤᠬᠢᠷᠠᠭᠤᠯᠬᠤ ᠪᠦᠬᠡᠳ ᠦᠩᠬᠡ ᠪᠦᠷᠢ ᠶᠢᠨ ᠲᠤᠭ ᠬᠠᠳᠬᠤᠵᠤ᠂ ᠲᠡᠬᠦᠰᠭᠡᠯ ᠤᠨ ᠴᠡᠭ ᠤᠨ ᠲᠤᠭ᠎ᠠ ᠪᠠ ᠱᠤᠭᠤᠮ ᠢ ᠦᠩᠭᠡᠷᠡᠭᠰᠡᠨ ᠤᠷᠢᠳ ᠬᠤᠵᠢᠳ ᠢᠶᠠᠷ ᠨᠢ ᠫᠠᠶᠢᠰᠠ ᠳ᠋ᠤᠭᠠᠷ ᠤᠯᠭᠤᠨ᠎ᠠ  ᠃ ᠵᠤᠤᠵᠠᠢ ᠬᠤᠯᠪᠤᠵᠤ ᠵᠡᠷᠭᠡᠴᠡᠵᠦ ᠢᠷᠡᠭᠰᠡᠨ ᠮᠤᠷᠢᠨ ᠤ ᠵᠦᠪ ᠲᠠᠯ᠎ᠠ ᠶᠢᠨ ᠬᠢ ᠶᠢ  ᠨᠢ ᠲᠡᠷᠢᠬᠦᠨ᠂ ᠪᠤᠷᠤᠭᠤ ᠲᠠᠯ᠎ᠠ ᠶᠢᠨ ᠬᠢ ᠶᠢ ᠨᠢ ᠲᠡᠳ᠋ ᠢᠶᠠᠷ ᠪᠤᠳᠤᠬᠤ ᠵᠠᠩᠰᠢᠯ ᠲᠠᠢ᠃  ᠱᠠᠩ ᠭᠡᠰᠢᠭ ᠨᠢ ᠴᠤ ᠨᠠᠶᠢᠷ ᠨᠠᠭᠠᠳᠤᠮ ᠤᠨ ᠭᠡᠪᠴᠢᠶ᠎ᠡ᠂ ᠮᠤᠷᠢᠨ ᠤ ᠤᠯᠠᠨ ᠴᠦᠬᠡᠨ᠂ ᠤᠷᠤᠯᠳᠤᠬᠤ ᠵᠠᠮ ᠤᠨ ᠬᠤᠯᠠ  ᠤᠶᠢᠷ᠎ᠠ ᠪᠠᠷ  ᠲᠤᠭᠳᠠᠭᠠᠭᠳᠠᠨ᠎ᠠ᠃ ᠤᠷᠤᠯᠳᠤᠭᠠᠨ ᠤ ᠲᠡᠷᠢᠬᠦᠨ ᠮᠤᠷᠢᠨ ᠳᠤ ᠱᠠᠩ ᠦᠭᠴᠦ ᠴᠤᠯᠠ ᠲᠠᠭᠤᠳᠠᠬᠤ ᠪᠠᠷ ᠪᠠᠷᠠᠬᠤ ᠦᠬᠡᠢ᠂ ᠰᠡᠬᠦᠯ ᠤᠨ ᠮᠤᠷᠢ ᠶᠢ ᠴᠤ ︽ᠪᠠᠶᠠᠨ ᠬᠤᠳᠤᠭᠤᠳᠤ︾ ᠬᠡᠮᠡᠨ  ᠡᠩᠬᠦᠷᠡᠶᠢᠯᠡᠨ ᠵᠤᠷᠢᠭᠵᠢᠭᠤᠯᠵᠤ᠂ ᠱᠠᠩ ᠦᠭᠴᠦ ᠴᠤᠯᠠ ᠲᠠᠭᠤᠳᠠᠳᠠᠭ᠃          ᠬᠤᠷᠳᠤᠨ ᠮᠤᠷᠢᠨ ᠤ ᠴᠤᠯᠠ      ᠤᠮ ᠰᠠᠶᠢᠨ ᠠᠮᠤᠭᠤᠯᠠᠩ ᠪᠤᠯᠳᠤᠭᠠᠢ      ᠡᠩᠬᠡ ᠰᠠᠶᠢᠨ ᠵᠢᠷᠭᠠᠯᠠᠩ ᠪᠤᠯᠳᠤᠭᠠᠢ      ᠬᠦᠭᠵᠢᠯ ᠪᠠᠳᠠᠷᠠᠯ ᠢ  ᠢᠪᠡᠭᠡᠭᠰᠡᠨ      ᠬᠦᠨ ᠴᠠᠪ ᠤᠨ ᠲᠡᠨᠵᠢ ᠲᠡᠭᠡᠷ᠎ᠡ      ᠠᠯᠤᠰ ᠤᠨ ᠤᠷᠤᠯᠳᠤᠭᠠᠨ ᠳᠤ ᠰᠢᠯᠭᠠᠷᠠᠭᠰᠠᠨ      ᠠᠵᠢᠨᠠᠢ ᠬᠦᠯᠦᠭ ᠤᠨ ᠴᠤᠯᠠ      ᠮᠢᠩᠭᠠᠨ ᠴᠠᠭᠠᠨ ᠠᠭᠳᠠ ᠶᠢᠨ      ᠮᠠᠩᠯᠠᠢ ᠲᠡᠷᠢᠬᠦᠨ ᠮᠤᠷᠢᠨ ᠤ      ᠡᠷᠬᠢᠮ ᠰᠠᠶᠢᠬᠠᠨ ᠲᠦᠷᠦᠴᠡ ᠰᠢᠨᠵᠢ ᠶᠢ      ᠡᠭᠡᠰᠢᠭᠯᠡᠨ ᠤᠶᠠᠩᠭᠠᠯᠠᠵᠤ ᠦᠬᠦᠯᠡᠪᠡᠰᠦ      ᠨᠤᠮᠢᠨ ᠲᠠᠯᠠᠢ ᠳᠤ ᠱᠤᠩᠪᠠᠭᠰᠠᠨ      ᠨᠤᠭᠤᠰᠤ ᠭᠠᠯᠠᠭᠤᠨ ᠲᠦᠷᠦᠯᠳᠡ      ᠯᠤᠤᠰ ᠤᠨ ᠤᠷᠤᠨ ᠢ ᠵᠠᠬᠢᠷᠤᠭᠰᠠᠨ      ᠯᠤᠤ ᠮᠠᠳᠠᠷ ᠤᠨ ᠬᠠᠮᠰᠠᠭᠠᠳᠠᠨ ︵ᠮᠠᠯᠠᠭᠠᠢ ᠶᠢᠨ ᠰᠦᠮ᠎ᠡ ᠶᠢᠨ ᠠᠭᠤᠯᠠ ᠶᠢ ᠵᠢᠭᠠᠵᠤ ᠪᠤᠢ︶      ᠬᠦᠨᠳᠡᠢ ᠬᠠᠩᠭᠠᠢ ᠨᠤᠳᠤᠭ ᠤᠨ      ᠬᠦᠬᠡ ᠠᠷᠰᠯᠠᠨ ᠤ ᠴᠢᠳᠠᠯᠳᠠᠨ ︵ᠠᠷᠰᠯᠠᠩᠳᠤ ᠠᠭᠤᠯᠠ ᠶᠢ ᠵᠢᠭᠠᠵᠤ ᠪᠤᠢ︶      ᠬᠦᠳᠡᠭᠡ ᠲᠠᠯ᠎ᠠ ᠶᠢ ᠪᠦᠷᠬᠦᠭᠰᠡᠨ      ᠬᠦᠷᠦᠭᠡᠰᠦ ᠵᠡᠭᠡᠷ᠎ᠡ ᠶᠢᠨ ᠤᠳᠤᠮᠳᠠᠨ      ᠬᠠᠨ ᠰᠦᠮᠪᠦᠷ ᠠᠭᠤᠯᠠᠨ ᠤ      ᠭᠠᠷᠤᠳᠢ ᠭᠠᠯᠪᠢᠩᠭ᠎ᠠ ᠶᠢᠨ ᠰᠢᠨᠵᠢᠳᠡᠨ ︵ᠬᠠᠨ ᠰᠤᠪᠤᠷᠭ᠎ᠠ ᠶᠢ ᠵᠢᠭᠠᠵᠤ ᠪᠤᠢ︶       ᠬᠠᠳᠠᠨ ᠤᠷᠬᠢᠯ ᠢ ᠡᠵᠡᠯᠡᠭᠰᠡᠨ       ᠬᠠᠷᠴᠠᠭᠠᠢ ᠰᠢᠪᠠᠭᠤᠨ ᠤ ᠬᠠᠨᠢᠳᠠᠨ       ᠪᠠᠯᠠᠷ ᠤᠢ ᠶᠢ ᠰᠦᠷᠳᠡᠬᠦᠯᠦᠭᠰᠡᠨ       ᠪᠠᠷᠰ ᠢᠷᠪᠢᠰ ᠤᠨ ᠬᠦᠴᠦᠳᠡᠨ ︵ᠪᠠᠷᠰ ᠠᠭᠤᠯᠠ   ᠶᠢ ᠵᠢᠭᠠᠵᠤ ᠪᠤᠢ︶       ᠪᠠᠷᠳᠠᠭᠠᠳᠤ  ᠬᠠᠳᠠᠨ ᠳᠤ ᠤᠷᠤᠮᠳᠠᠭᠰᠠᠨ       ᠪᠤᠭᠤ ᠰᠤᠭᠤ ᠶᠢᠨ ᠤᠭᠰᠠᠭᠠᠳᠠᠨ       ᠮᠠᠨᠳᠤᠮᠠᠯ ᠰᠠᠷᠠᠨ ᠮᠠᠩᠨᠠᠢ       ᠮᠠᠳᠠᠷ ᠵᠢᠭᠠᠰᠤᠨ ᠬᠠᠮᠠᠷ       ᠲᠤᠷᠠᠨ ᠬᠤᠶᠠᠷ ᠨᠢᠳᠦ       ᠲᠤᠩ ᠴᠠᠭᠠᠨ ᠰᠢᠳᠦ       ᠴᠢᠨᠳᠠᠮᠤᠨᠢ ᠡᠷᠳᠡᠨᠢ ᠶᠢᠨ ᠲᠤᠯᠤᠭᠠᠢ       ᠴᠠᠭᠠᠨ ᠯᠤᠤ ᠶᠢᠨ ᠬᠦᠵᠦᠬᠦᠦ       ᠦᠨᠳᠦᠷ ᠶᠡᠭᠡ ᠮᠤᠨᠳᠠᠭ᠎ᠠ ᠲᠡᠯ       ᠦᠨᠢᠳᠡ ᠬᠡᠶᠢᠮᠤᠷᠢ ᠶᠢᠨ ᠪᠡᠯᠭᠡᠳᠡᠯ       ᠰᠤᠯᠪᠢᠬᠤ ᠬᠤᠶᠠᠷ  ᠴᠢᠬᠢ       ᠰᠤᠨᠤᠷ ᠰᠡᠷᠭᠡᠢ ᠶᠢᠨ ᠰᠢᠨᠵᠢ       ᠰᠤᠭᠤ ᠶᠢᠨ ᠬᠤᠶᠠᠷ ᠡᠷᠬᠢᠬᠦᠯᠬᠡ       ᠰᠤᠳᠤ ᠵᠢᠬᠦᠷ ᠤᠨ ᠲᠡᠮᠳᠡᠭ       ᠬᠠᠷᠴᠠᠭ᠎ᠠ ᠬᠠᠪᠢᠷᠭ᠎ᠠ ᠶᠢᠨ ᠮᠠᠳᠠᠭᠠᠰᠤ       ᠬᠠᠨ ᠲᠡᠯᠡᠬᠡᠢ ᠶᠢᠨ ᠬᠦᠪᠴᠢ       ᠬᠠᠨᠠᠭᠠᠷ ᠦᠷᠭᠡᠨ ᠲᠠᠰᠢᠶ᠎ᠠ       ᠬᠠᠷᠴᠠᠭᠠᠢ ᠪᠦᠷᠬᠦᠳ ᠤᠨ ᠲᠠᠯᠠᠪᠴᠢ       ᠲᠠᠯ᠎ᠠ ᠶᠢᠨ ᠴᠠᠭᠠᠨ ᠬᠦᠷᠦᠭᠡᠰᠦ       ᠲᠡᠰ ᠰᠢᠪᠠᠭᠤᠨ ᠤ ᠲᠡᠬᠦᠯᠢᠯᠳᠡ       ᠭᠠᠵᠠᠷ ᠡᠪᠬᠢᠨ ᠲᠠᠪᠬᠢᠭᠴᠢ       ᠭᠠᠩ ᠲᠦᠷᠪᠡᠨ ᠲᠤᠭᠤᠷᠠᠢ       ᠢᠯᠭᠤᠮ ᠰᠠᠶᠢᠬᠠᠨ ᠪᠡᠶ᠎ᠡ ᠲᠠᠢ       ᠢᠯᠠᠭᠳᠠᠰᠢ ᠦᠬᠡᠢ ᠬᠦᠶᠦᠳᠡᠯ ᠲᠠᠢ       ᠡᠷᠳᠡᠨᠢ ᠶᠢᠨ ᠬᠦᠯᠦᠭ ᠮᠤᠷᠢᠨ ᠤ       ᠡᠷᠳᠡᠮ ᠴᠢᠳᠠᠯ ᠢ ᠲᠡᠯᠭᠡᠪᠡᠰᠦ       ᠴᠠᠭᠠᠨ ᠵᠡᠭᠡᠷ᠎ᠡ ᠶᠢᠨ ᠲᠠᠪᠬᠢᠯᠳᠠ       ᠴᠠᠨ᠎ᠠ ᠪᠤᠭᠤ ᠶᠢᠨ ᠦᠰᠦᠷᠦᠯᠳᠡ       ᠴᠠᠯᠮ᠎ᠠ ᠵᠢᠭᠠᠰᠤᠨ ᠤ ᠱᠤᠩᠪᠠᠯᠳᠠ       ᠴᠠᠬᠢᠯᠭᠠᠨ ᠬᠢᠯᠪᠢᠬᠦ ᠬᠠᠷᠠᠶᠢᠯᠳᠠ       ᠬᠠᠯᠢᠨ ᠨᠢᠰᠬᠦ ᠪᠦᠷᠬᠦᠳ       ᠬᠠᠷᠪᠤᠭᠰᠠᠨ ᠰᠤᠮᠤᠨ ᠬᠦᠶᠦᠳᠡᠯ       ᠬᠠᠨᠳᠠᠭᠠᠢ ᠪᠤᠭᠤ ᠶᠢᠨ ᠨᠠᠮᠨᠠᠯᠳᠠ       ᠬᠠᠶᠠᠮᠠᠯ ᠨᠠᠷᠢᠨ ᠲᠤᠭᠤᠰᠤ       ᠪᠤᠮᠠᠨ ᠡᠷᠳᠡᠨᠢ ᠪᠦᠷᠢᠳᠦᠭᠰᠡᠨ       ᠪᠤᠯᠤᠳ ᠲᠦᠷᠪᠡᠨ ᠲᠤᠭᠤᠷᠠᠢ ᠶᠢᠨ       ᠪᠤᠳᠠᠷᠠᠨ ᠲᠡᠭᠳᠡᠬᠦ ᠲᠤᠭᠤᠰᠤ       ᠪᠤᠳᠠᠩ ᠮᠠᠨᠠᠨ ᠲᠠᠳᠠᠭᠠᠳ       ᠮᠢᠨᠳᠠᠰᠤᠨ ᠵᠢᠯᠤᠭᠤ ᠰᠤᠩᠭᠠᠵᠤ       ᠮᠢᠩᠭᠠᠨ ᠠᠭᠳᠠ ᠠᠴᠠ ᠮᠠᠩᠯᠠᠶᠢᠯᠠᠵᠤ       ᠠᠯᠳᠠᠨ ᠵᠤᠤᠵᠠᠢ ᠬᠦᠨᠳᠡᠷᠴᠦ       ᠠᠯᠤᠰ ᠤᠨ ᠤᠷᠤᠯᠳᠤᠭᠠᠨ ᠳᠤ ᠲᠡᠷᠢᠬᠦᠯᠡᠪᠡ       ᠡᠵᠡᠨ ᠴᠢᠩᠬᠢᠰ ᠤᠨ ᠠᠳᠤᠭᠤᠨ ᠤ       ᠡᠩᠬᠦᠷᠡᠢ ᠰᠦᠷᠦᠭ ᠤᠨ ᠤᠳᠤᠮ       ᠡᠨᠡ ᠰᠠᠶᠢᠬᠠᠨ ᠬᠦᠯᠦᠭ ᠤᠨ       ᠢᠳᠡᠰᠢᠯᠡᠨ ᠪᠡᠯᠴᠢᠬᠦ ᠨᠤᠳᠤᠭ ᠪᠤᠯᠪᠠᠰᠤ       ᠦᠦᠷᠰᠡᠨ ᠲᠤᠷᠬᠢᠨ ᠲᠤᠭᠯᠠᠭᠰᠠᠨ       ᠦᠵᠦᠮ ᠵᠢᠮᠢᠰ ᠲᠠᠢ ᠪᠤᠱᠤᠭ ᠤᠨ ᠲᠠᠯ᠎ᠠ       ᠦᠷᠬᠦᠨ ᠬᠠᠯᠢᠰᠴᠤ ᠠᠯᠢᠶᠠᠷᠬᠠᠭᠰᠠᠨ       ᠦᠵᠡᠮᠵᠢ ᠭᠤᠶᠤᠬᠠᠨ ᠪᠡᠷᠭᠡ ᠶᠢᠨ ᠠᠭᠤᠯᠠ       ᠠᠭᠯᠠᠭ ᠪᠡᠯᠴᠢᠭᠡᠷ ᠲᠠᠢ ᠮᠦᠷᠬᠦᠴᠡᠭ       ᠠᠭᠤᠳᠠᠮ ᠲᠠᠩᠰᠤᠭ ᠲᠤᠭᠤᠷᠤᠤ ᠲᠠᠯ᠎ᠠ       ᠠᠯᠳᠠᠷ ᠶᠡᠬᠡᠳᠡᠢ ᠪᠠᠶᠠᠨ ᠴᠠᠭᠠᠨ       ᠠᠮᠳᠠᠳᠤ ᠪᠤᠯᠠᠭ ᠤᠯᠠᠭᠠᠨ ᠨᠠᠭᠤᠷ        ᠴᠡᠴᠡᠭᠳᠦ ᠲᠠᠯ᠎ᠠ ᠶᠢᠨ ᠡᠪᠡᠰᠦ ᠶᠢ        ᠴᠢᠮᠬᠢᠯᠡᠨ ᠲᠠᠰᠤᠯᠤᠨ ᠢᠳᠡᠰᠢᠯᠡᠭᠡᠳ        ᠴᠡᠪᠡᠷ ᠲᠤᠩᠭᠠᠯᠠᠭ ᠤᠰᠤ ᠶᠢ        ᠰᠢᠯᠢᠵᠦ ᠰᠢᠮᠡᠭᠡᠳ ᠦᠰᠦᠭᠰᠡᠨ        ᠡᠵᠡᠨ ᠴᠢᠩᠬᠢᠰ ᠤᠨ ᠵᠠᠶᠠᠭᠠᠭᠰᠠᠨ        ᠡᠷᠭᠡᠳᠦ ᠮᠤᠩᠭᠤᠯ ᠨᠤᠳᠤᠭ ᠤᠨ ᠢᠶᠠᠨ        ᠡᠩ ᠠᠭᠤᠳᠠᠮ ᠭᠠᠵᠠᠷ ᠲᠠᠭᠠᠨ        ᠡᠷᠭᠡ ᠲᠤᠷ᠎ᠠ ᠪᠠᠷ ᠢᠶᠠᠨ ᠠᠮᠢᠳᠤᠷᠠᠭᠰᠠᠨ        ᠡᠷᠬᠢᠮ ᠪᠦᠬᠦᠨ ᠢ ᠪᠦᠷᠢᠯᠳᠦᠬᠦᠯᠦᠭᠰᠡᠨ        ᠡᠨᠡ  ᠨᠠᠶᠢᠷ ᠲᠤ ᠲᠡᠷᠢᠬᠦᠯᠡᠭᠰᠡᠨ        ᠡᠷᠳᠡᠨᠢ ᠬᠦᠯᠦᠭ ᠮᠤᠷᠢᠨ ᠤ        ᠡᠵᠡᠨ ᠤ ᠬᠢᠨᠢ ᠠᠯᠳᠠᠷ ᠢ ᠮᠡᠳᠡᠭᠡᠯᠡᠪᠡᠰᠦ        ᠨᠠᠭᠠᠳᠤᠮ ᠪᠦᠬᠦᠨ ᠳᠤ ᠲᠤᠭᠤᠰᠤ ᠮᠠᠨᠠᠷᠠᠭᠠᠵᠤ        ᠨᠠᠶᠢᠷ ᠪᠤᠯᠭᠠᠨ ᠳᠤ ᠱᠠᠩ ᠬᠦᠷᠳᠡᠭᠰᠡᠨ        ᠮᠢᠩᠭᠠᠨ ᠴᠠᠭᠠᠨ ᠠᠳᠤᠭᠤ ᠦᠰᠭᠡᠵᠦ        ᠮᠠᠩᠯᠠᠢ ᠲᠡᠷᠢᠬᠦᠨ ᠬᠦᠯᠦᠭ ᠤᠶᠠᠭᠰᠠᠨ        ᠠᠳᠤᠭᠤᠳᠤ ᠨᠤᠳᠤᠭ ᠬᠦᠨᠪᠤᠯᠠᠭ ᠤᠨ        ᠠᠵᠢᠯᠴᠢ ᠴᠢᠨᠡᠭᠡᠯᠢᠭ ᠮᠠᠯᠴᠢᠨ        ᠤᠶᠢᠷ᠎ᠠ ᠬᠤᠯᠠ ᠳᠤ ᠨᠡᠷ᠎ᠡ ᠮᠠᠨᠳᠤᠭᠰᠠᠨ        ᠠᠯᠳᠠᠷᠳᠤ ᠤᠶᠠᠭᠠᠴᠢ ××× ᠪᠤᠶᠤ᠃     ᠬᠠᠳᠠᠷᠢᠶ᠎ᠠ ᠮᠤᠷᠢᠨ ᠤ ᠶᠠᠪᠤᠳᠠᠯ ᠪᠤᠯ ᠵᠦᠪ ᠲᠠᠯ᠎ᠠ ᠶᠢᠨ ᠡᠮᠦᠨ᠎ᠡ ᠬᠦᠯ ᠨᠢ ᠪᠤᠷᠤᠭᠤ ᠲᠠᠯ᠎ᠠ ᠶᠢᠨ ᠬᠤᠶᠢᠳᠤ ᠬᠦᠯ ᠲᠠᠢ ᠵᠡᠷᠭᠡ ᠪᠠᠷ ᠤᠷᠤᠭᠰᠢ ᠬᠤᠶᠢᠰᠢ ᠰᠢᠯᠵᠢᠵᠦ ᠶᠠᠪᠤᠬᠤ ᠶᠢ ᠬᠡᠯᠡᠨ᠎ᠡ᠃ ᠬᠠᠳᠠᠷᠢᠶ᠎ᠠ ᠤᠷᠤᠬᠤ ᠪᠤᠯᠤᠮᠵᠢ ᠲᠠᠢ ᠮᠤᠷᠢ ᠶᠢ ᠲᠠᠨᠢᠭᠰᠠᠨ ᠬᠤᠶᠢᠨ᠎ᠠ᠂ ᠦᠷᠢᠶ᠎ᠡ ᠠᠴᠠ ᠨᠢ ᠡᠬᠢᠯᠡᠨ ᠡᠮᠡᠬᠡᠯ ᠲᠤᠬᠤᠵᠤ᠂ ᠮᠤᠷᠢᠨ ᠤ ᠬᠦᠵᠦᠬᠦᠦ ᠬᠦᠢᠴᠡᠳ ᠰᠤᠩᠭᠠᠵᠤ ᠴᠢᠳᠠᠬᠤ ᠬᠡᠮᠵᠢᠶ᠎ᠡ ᠪᠠᠷ ᠵᠢᠯᠤᠭᠤ ᠶᠢ ᠨᠢ ᠲᠠᠯᠪᠢᠨ ᠦᠭᠴᠦ᠂ ᠰᠠᠶᠢᠳᠤᠷ ᠬᠦᠨᠳᠡᠷᠦᠨ ᠵᠤᠤᠵᠠᠢ ᠲᠠᠷᠤᠵᠤ ᠶᠠᠪᠤᠬᠤ ᠲᠠᠳᠬᠠᠯ ᠲᠠᠢ ᠪᠤᠯᠭᠠᠨ᠎ᠠ᠃ ᠬᠠᠳᠠᠷᠢᠶ᠎ᠠ ᠮᠤᠷᠢᠨ ᠤ ᠬᠦᠯ ᠤᠨ ᠵᠦᠬᠡᠬᠡᠯᠳᠡ ᠶᠢᠨ ᠤᠨᠴᠠᠯᠢᠭ᠂  ᠬᠢᠰᠬᠢᠯᠳᠡ  ᠶᠢᠨ ᠴᠢᠩᠭ᠎ᠠ ᠰᠤᠯᠠ᠂ ᠲᠦᠪᠡᠷᠭᠡᠨ ᠤ ᠲᠠᠭᠤ᠂ ᠲᠦᠷᠪᠡᠨ ᠬᠦᠯ ᠤᠨ ᠠᠯᠬᠤᠳᠠᠯ ᠵᠡᠷᠭᠡ ᠶᠢ ᠦᠨᠳᠦᠰᠦᠯᠡᠵᠦ᠂  ᠬᠠᠷ᠎ᠠ ᠬᠠᠳᠠᠷᠢᠶ᠎ᠠ᠂ ᠲᠠᠶᠢᠪᠢᠷ ᠬᠠᠳᠠᠷᠢᠶ᠎ᠠ᠂ ᠰᠠᠴᠤᠯᠭ᠎ᠠ ᠬᠠᠳᠠᠷᠢᠶ᠎ᠠ᠂ ᠵᠡᠭᠡᠷ᠎ᠡ ᠬᠠᠳᠠᠷᠢᠶ᠎ᠠ᠂ ᠬᠤᠸᠠᠷ ᠬᠠᠳᠠᠷᠢᠶ᠎ᠠ᠂ ᠰᠤᠮᠤᠨ ᠬᠠᠳᠠᠷᠢᠶ᠎ᠠ ᠬᠡᠵᠦ ᠠᠩᠬᠢᠯᠠᠳᠠᠭ᠃     ᠵᠢᠷᠤᠭ᠎ᠠ ᠮᠤᠷᠢ ᠶᠢ ᠲᠠᠨᠢᠬᠤ ᠪᠠ ᠰᠤᠷᠭᠠᠬᠤ ᠨᠢ ᠪᠠᠰᠠ ᠨᠢᠬᠡ ᠴᠢᠬᠤᠯᠠ ᠶᠠᠪᠤᠳᠠᠯ  ᠃ ᠲᠦᠷᠦᠯᠬᠢ ᠵᠢᠷᠤᠭ᠎ᠠ ᠶᠢ ᠤᠨᠠᠭᠠᠨ ᠵᠢᠷᠤᠭ᠎ᠠ ᠭᠡᠵᠦ᠂ ᠰᠡᠬᠦᠯ ᠳᠤ ᠤᠷᠤᠭᠰᠠᠨ ᠵᠢᠷᠤᠭ᠎ᠠ ᠶᠢ ᠤᠷᠤᠮᠠᠯ ᠵᠢᠷᠤᠭ᠎ᠠ ᠭᠡᠳᠡᠭ᠃ ᠵᠢᠷᠤᠭ᠎ᠠ ᠮᠤᠷᠢᠨ ᠤ ᠶᠠᠪᠤᠳᠠᠯ ᠬᠡᠵᠦ ᠨᠢᠬᠡ ᠲᠠᠯ᠎ᠠ ᠶᠢᠨ  ᠡᠮᠦᠨ᠎ᠡ ᠬᠤᠶᠢᠳᠤ ᠬᠦᠯ ᠨᠢ ᠵᠡᠷᠭᠡ ᠪᠠᠷ ᠡᠮᠦᠨᠡᠰᠢ ᠬᠤᠶᠢᠰᠢ ᠰᠢᠯᠵᠢᠵᠦ ᠶᠠᠪᠤᠬᠤ  ᠶᠢ ᠬᠡᠯᠡᠨ᠎ᠡ᠃ ᠵᠢᠷᠤᠭ᠎ᠠ ᠮᠤᠷᠢᠨ ᠤ ᠬᠦᠯ ᠤᠨ ᠵᠢᠬᠢᠯᠳᠡ᠂  ᠪᠡᠶ᠎ᠡ ᠶᠢᠨ ᠲᠠᠶᠢᠪᠠᠯᠵᠠᠯᠳᠠ᠂ ᠰᠠᠭᠤᠳᠠᠯ ᠤᠨ ᠵᠠᠰᠠᠯᠳᠠ ᠵᠡᠷᠭᠡ ᠶᠢ  ᠦᠨᠳᠦᠰᠦᠯᠡᠵᠦ᠂  ᠬᠤᠨᠢᠨ ᠵᠢᠷᠤᠭ᠎ᠠ᠂ ᠲᠡᠮᠡᠭᠡᠨ ᠵᠢᠷᠤᠭ᠎ᠠ᠂ ᠡᠯᠬᠦᠬᠡ ᠵᠢᠷᠤᠭ᠎ᠠ᠂ ᠤᠰᠤᠨ ᠵᠢᠷᠤᠭ᠎ᠠ᠂ ᠲᠡᠯᠮᠡᠨ ᠵᠢᠷᠤᠭ᠎ᠠ ᠬᠡᠬᠦ ᠮᠡᠳᠦ ᠪᠠᠷ ᠠᠩᠬᠢᠯᠠᠨ᠎ᠠ᠃  ᠵᠢᠷᠤᠭ᠎ᠠ ᠮᠤᠷᠢ ᠶᠢ ᠤᠯᠠᠩᠬᠢ ᠳᠠᠭᠠᠨ ᠬᠤᠶᠠᠷ ᠭᠤᠷᠪᠠᠨ ᠵᠠᠭᠤᠨ ᠠᠯᠳᠠ ᠵᠠᠢ ᠲᠠᠢ ᠭᠠᠵᠠᠷ ᠢ ᠬᠡᠮᠵᠢᠵᠤ  ᠲᠤᠭᠳᠠᠭᠠᠭᠠᠳ᠂ ᠤᠶᠢᠷ᠎ᠠ ᠵᠠᠢ ᠲᠤᠳᠤᠷ᠎ᠠ ᠬᠡᠯᠡᠯᠴᠡᠭᠡᠨ ᠤ ᠶᠤᠰᠤᠭᠠᠷ ᠨᠠᠭᠠᠰᠢ ᠴᠠᠭᠠᠰᠢ ᠬᠡᠳᠤ ᠤᠳᠠᠭ᠎ᠠ  ᠵᠢᠷᠤᠭᠠᠯᠠᠭᠤᠯᠳᠠᠭ᠃ ᠵᠢᠷᠤᠭ᠎ᠠ ᠮᠤᠷᠢ ᠶᠢ ᠶᠡᠷᠤ ᠳᠡᠭᠡᠨ ᠠᠷᠭ᠎ᠠ  ᠲᠤᠷᠰᠢᠯᠭ᠎ᠠ ᠲᠠᠢ  ᠵᠠᠯᠠᠭᠤ ᠢᠳᠡᠷᠴᠤᠳ ᠤᠨᠤᠵᠤ  ᠪᠠᠶᠢᠳᠠᠭ ᠪᠦᠭᠡᠳ ᠤᠨᠤᠬᠤ ᠮᠤᠷᠢ ᠪᠠᠨ ᠮᠦᠨ  ᠭᠠᠩᠭᠠᠩ ᠰᠠᠶᠢᠬᠠᠨ ᠵᠠᠰᠠᠵᠤ ᠴᠢᠮᠡᠭᠯᠡᠳᠡᠭ᠃           ᠵᠢᠷᠤᠭ᠎ᠠ ᠮᠤᠷᠢᠨ ᠤ ᠴᠤᠯᠠ        ᠠᠯᠳᠠᠨ ᠵᠤᠤᠵᠠᠢ ᠲᠠᠷᠤᠰᠬᠢᠨ          ᠠᠪᠤᠷᠭᠤ ᠬᠦᠵᠦᠬᠦᠦ ᠰᠤᠨᠤᠰᠬᠢᠨ        ᠲᠤᠤᠬᠤᠨ ᠨᠢᠷᠤᠭᠤ ᠪᠦᠮᠪᠦᠯᠵᠡᠨ        ᠲᠤᠭ ᠰᠡᠬᠦᠯ ᠨᠢ ᠵᠠᠳᠠᠷᠠᠰᠬᠢᠨ        ᠬᠠᠵᠠᠭᠤ ᠲᠡᠭᠡᠬᠦᠷ ᠬᠠᠶᠢᠪᠠᠭ᠎ᠠ ᠵᠢᠷᠤᠭ᠎ᠠ        ᠬᠠᠨᠳᠠᠭ᠎ᠠ ᠠᠳᠠᠯᠢ ᠲᠠᠶᠢᠪᠠᠭ᠎ᠠ ᠵᠢᠷᠤᠭ᠎ᠠ        ᠵᠢᠷᠤᠭᠠᠰᠤ ᠲᠠᠳᠠᠭᠰᠠᠨ ᠰᠤᠮᠤᠨ ᠵᠢᠷᠤᠭ᠎ᠠ        ᠵᠢᠷᠤᠭ ᠠᠳᠠᠯᠢ ᠭᠠᠩᠭᠠᠩ ᠢᠷᠤᠭ᠎ᠠ        ᠬᠤᠩᠬᠤᠷ ᠭᠠᠵᠠᠷ ᠤᠨ ᠬᠤᠨᠢᠨ ᠵᠢᠷᠤᠭ᠎ᠠ        ᠬᠤᠯᠠ  ᠭᠠᠵᠠᠷ ᠤᠨ ᠡᠯᠬᠦᠬᠡ ᠵᠢᠷᠤᠭ᠎ᠠ        ᠲᠡᠮᠡᠭᠡᠨ ᠬᠦᠶᠦᠳᠡᠯ ᠤᠨ ᠲᠡᠰᠢᠬᠦᠷ ᠵᠢᠷᠤᠭ᠎ᠠ        ᠲᠡᠩᠴᠡᠰᠢ ᠦᠬᠡᠢ ᠠᠪᠴᠠᠳᠠᠢ ᠵᠢᠷᠤᠭ᠎ᠠ        ᠶᠠᠨᠳᠠᠰᠢ ᠦᠬᠡᠢ ᠬᠤᠷᠳᠤᠨ ᠵᠢᠷᠤᠭ᠎ᠠ       ᠶᠠᠪᠤᠬᠤ ᠲᠤᠳᠤᠮ ᠢᠶᠠᠨ ᠢᠳᠡᠳᠡᠢ ᠵᠢᠷᠤᠭ᠎ᠠ       ᠰᠤᠮᠤᠳᠠᠭ᠎ᠠ ᠶᠡᠬᠡᠳᠡᠢ ᠡᠯᠬᠦᠬᠡ ᠵᠢᠷᠤᠭ᠎ᠠ       ᠰᠠᠯᠬᠢ ᠲᠠᠳᠠᠭᠤᠯᠤᠭᠰᠠᠨ ᠬᠤᠷᠳᠤᠨ ᠵᠢᠷᠤᠭ᠎ᠠ       ᠤᠭ ᠠᠴᠠ ᠪᠠᠨ ᠤᠨᠠᠭᠠᠨ ᠵᠢᠷᠤᠭ᠎ᠠ       ᠤᠷᠤᠭᠤ ᠦᠬᠡᠳᠡ ᠦᠬᠡᠢ ᠲᠡᠭᠰᠢ ᠵᠢᠷᠤᠭ᠎ᠠ       ᠤᠷᠢᠳᠤ ᠠᠴᠠ ᠪᠠᠨ ᠤᠰᠤᠨ ᠵᠢᠷᠤᠭ᠎ᠠ         ᠤᠷᠤᠯᠳᠤᠭᠠᠨ ᠳᠤ ᠲᠡᠷᠢᠬᠦᠯᠡᠳᠡᠭ ᠠᠯᠳᠠᠷ ᠲᠠᠢ ᠵᠢᠷᠤᠭ᠎ᠠ       ᠨᠠᠭᠠᠳᠤᠮ ᠪᠦᠬᠦᠨ ᠳᠤ ᠲᠤᠭᠤᠰᠤ ᠲᠠᠢ       ᠨᠠᠶᠢᠷ ᠪᠤᠯᠭᠠᠨ ᠳᠤ ᠱᠠᠩ ᠲᠠᠢ       ᠡᠨᠡ ᠰᠠᠶᠢᠬᠠᠨ ᠬᠦᠯᠦᠭ ᠤᠨ       ᠡᠷᠳᠡᠨᠢᠳᠦ ᠨᠤᠳᠤᠭ ᠬᠠᠮᠢᠭ᠎ᠠ ᠪᠤᠢ ᠭᠡᠮᠡᠪᠡᠰᠦ       ᠲᠦᠮᠡᠨ ᠦᠯᠵᠡᠢ ᠲᠡᠯᠭᠡᠷᠡᠭᠰᠡᠨ       ᠲᠦᠷᠪᠡᠨ ᠬᠦᠴᠦᠳᠡᠨ ᠰᠠᠭᠠᠳᠠᠭᠰᠠᠨ       ᠬᠦᠷᠦᠨ ᠲᠦᠷᠦ ᠳᠤ ᠠᠯᠳᠠᠷ ᠲᠠᠢ       ᠬᠦᠨᠪᠤᠯᠠᠭ ᠬᠡᠮᠡᠬᠦ ᠨᠤᠳᠤᠭ ᠪᠢᠯᠡ᠃
 
ᠢᠷᠡᠯᠲᠡ᠄ ︽ᠲᠠᠶᠢᠹᠤᠰᠧ ᠬᠤᠰᠢᠭᠤᠨ ᠤ ᠤᠬᠠᠭᠤᠯᠭ᠎ᠠ︾ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号