ᠬᠤᠷᠳᠤᠨ ᠮᠤᠷᠢᠨ ᠤ ᠴᠤᠯᠠ
ᠨᠡᠶᠢᠲᠡᠯᠡᠭᠰᠡᠨ ᠴᠠᠭ᠄
2020/9/9
        ᠬᠤᠷᠳᠤᠨ ᠮᠤᠷᠢᠨ ᠤ ᠴᠤᠯᠠ      ᠤᠮ ᠰᠠᠶᠢᠨ ᠠᠮᠤᠭᠤᠯᠠᠩ ᠪᠤᠯᠳᠤᠭᠠᠢ      ᠡᠩᠬᠡ ᠰᠠᠶᠢᠨ ᠵᠢᠷᠭᠠᠯᠠᠩ ᠪᠤᠯᠳᠤᠭᠠᠢ      ᠬᠦᠭᠵᠢᠯ ᠪᠠᠳᠠᠷᠠᠯ ᠢ  ᠢᠪᠡᠭᠡᠭᠰᠡᠨ      ᠬᠦᠨ ᠴᠠᠪ ᠤᠨ ᠲᠡᠨᠵᠢ ᠲᠡᠭᠡᠷ᠎ᠡ      ᠠᠯᠤᠰ ᠤᠨ ᠤᠷᠤᠯᠳᠤᠭᠠᠨ ᠳᠤ ᠰᠢᠯᠭᠠᠷᠠᠭᠰᠠᠨ      ᠠᠵᠢᠨᠠᠢ ᠬᠦᠯᠦᠭ ᠤᠨ ᠴᠤᠯᠠ      ᠮᠢᠩᠭᠠᠨ ᠴᠠᠭᠠᠨ ᠠᠭᠳᠠ ᠶᠢᠨ      ᠮᠠᠩᠯᠠᠢ ᠲᠡᠷᠢᠬᠦᠨ ᠮᠤᠷᠢᠨ ᠤ      ᠡᠷᠬᠢᠮ ᠰᠠᠶᠢᠬᠠᠨ ᠲᠦᠷᠦᠴᠡ ᠰᠢᠨᠵᠢ ᠶᠢ      ᠡᠭᠡᠰᠢᠭᠯᠡᠨ ᠤᠶᠠᠩᠭᠠᠯᠠᠵᠤ ᠦᠬᠦᠯᠡᠪᠡᠰᠦ      ᠨᠤᠮᠢᠨ ᠲᠠᠯᠠᠢ ᠳᠤ ᠱᠤᠩᠪᠠᠭᠰᠠᠨ      ᠨᠤᠭᠤᠰᠤ ᠭᠠᠯᠠᠭᠤᠨ ᠲᠦᠷᠦᠯᠳᠡ      ᠯᠤᠤᠰ ᠤᠨ ᠤᠷᠤᠨ ᠢ ᠵᠠᠬᠢᠷᠤᠭᠰᠠᠨ      ᠯᠤᠤ ᠮᠠᠳᠠᠷ ᠤᠨ ᠬᠠᠮᠰᠠᠭᠠᠳᠠᠨ ︵ᠮᠠᠯᠠᠭᠠᠢ ᠶᠢᠨ ᠰᠦᠮ᠎ᠡ ᠶᠢᠨ ᠠᠭᠤᠯᠠ ᠶᠢ ᠵᠢᠭᠠᠵᠤ ᠪᠤᠢ︶      ᠬᠦᠨᠳᠡᠢ ᠬᠠᠩᠭᠠᠢ ᠨᠤᠳᠤᠭ ᠤᠨ      ᠬᠦᠬᠡ ᠠᠷᠰᠯᠠᠨ ᠤ ᠴᠢᠳᠠᠯᠳᠠᠨ ︵ᠠᠷᠰᠯᠠᠩᠳᠤ ᠠᠭᠤᠯᠠ ᠶᠢ ᠵᠢᠭᠠᠵᠤ ᠪᠤᠢ︶      ᠬᠦᠳᠡᠭᠡ ᠲᠠᠯ᠎ᠠ ᠶᠢ ᠪᠦᠷᠬᠦᠭᠰᠡᠨ      ᠬᠦᠷᠦᠭᠡᠰᠦ ᠵᠡᠭᠡᠷ᠎ᠡ ᠶᠢᠨ ᠤᠳᠤᠮᠳᠠᠨ      ᠬᠠᠨ ᠰᠦᠮᠪᠦᠷ ᠠᠭᠤᠯᠠᠨ ᠤ      ᠭᠠᠷᠤᠳᠢ ᠭᠠᠯᠪᠢᠩᠭ᠎ᠠ ᠶᠢᠨ ᠰᠢᠨᠵᠢᠳᠡᠨ ︵ᠬᠠᠨ ᠰᠤᠪᠤᠷᠭ᠎ᠠ ᠶᠢ ᠵᠢᠭᠠᠵᠤ ᠪᠤᠢ︶       ᠬᠠᠳᠠᠨ ᠤᠷᠬᠢᠯ ᠢ ᠡᠵᠡᠯᠡᠭᠰᠡᠨ       ᠬᠠᠷᠴᠠᠭᠠᠢ ᠰᠢᠪᠠᠭᠤᠨ ᠤ ᠬᠠᠨᠢᠳᠠᠨ       ᠪᠠᠯᠠᠷ ᠤᠢ ᠶᠢ ᠰᠦᠷᠳᠡᠬᠦᠯᠦᠭᠰᠡᠨ       ᠪᠠᠷᠰ ᠢᠷᠪᠢᠰ ᠤᠨ ᠬᠦᠴᠦᠳᠡᠨ ︵ᠪᠠᠷᠰ ᠠᠭᠤᠯᠠ   ᠶᠢ ᠵᠢᠭᠠᠵᠤ ᠪᠤᠢ︶       ᠪᠠᠷᠳᠠᠭᠠᠳᠤ  ᠬᠠᠳᠠᠨ ᠳᠤ ᠤᠷᠤᠮᠳᠠᠭᠰᠠᠨ       ᠪᠤᠭᠤ ᠰᠤᠭᠤ ᠶᠢᠨ ᠤᠭᠰᠠᠭᠠᠳᠠᠨ       ᠮᠠᠨᠳᠤᠮᠠᠯ ᠰᠠᠷᠠᠨ ᠮᠠᠩᠨᠠᠢ       ᠮᠠᠳᠠᠷ ᠵᠢᠭᠠᠰᠤᠨ ᠬᠠᠮᠠᠷ       ᠲᠤᠷᠠᠨ ᠬᠤᠶᠠᠷ ᠨᠢᠳᠦ       ᠲᠤᠩ ᠴᠠᠭᠠᠨ ᠰᠢᠳᠦ       ᠴᠢᠨᠳᠠᠮᠤᠨᠢ ᠡᠷᠳᠡᠨᠢ ᠶᠢᠨ ᠲᠤᠯᠤᠭᠠᠢ       ᠴᠠᠭᠠᠨ ᠯᠤᠤ ᠶᠢᠨ ᠬᠦᠵᠦᠬᠦᠦ       ᠦᠨᠳᠦᠷ ᠶᠡᠭᠡ ᠮᠤᠨᠳᠠᠭ᠎ᠠ ᠲᠡᠯ       ᠦᠨᠢᠳᠡ ᠬᠡᠶᠢᠮᠤᠷᠢ ᠶᠢᠨ ᠪᠡᠯᠭᠡᠳᠡᠯ       ᠰᠤᠯᠪᠢᠬᠤ ᠬᠤᠶᠠᠷ  ᠴᠢᠬᠢ       ᠰᠤᠨᠤᠷ ᠰᠡᠷᠭᠡᠢ ᠶᠢᠨ ᠰᠢᠨᠵᠢ       ᠰᠤᠭᠤ ᠶᠢᠨ ᠬᠤᠶᠠᠷ ᠡᠷᠬᠢᠬᠦᠯᠬᠡ       ᠰᠤᠳᠤ ᠵᠢᠬᠦᠷ ᠤᠨ ᠲᠡᠮᠳᠡᠭ       ᠬᠠᠷᠴᠠᠭ᠎ᠠ ᠬᠠᠪᠢᠷᠭ᠎ᠠ ᠶᠢᠨ ᠮᠠᠳᠠᠭᠠᠰᠤ       ᠬᠠᠨ ᠲᠡᠯᠡᠬᠡᠢ ᠶᠢᠨ ᠬᠦᠪᠴᠢ       ᠬᠠᠨᠠᠭᠠᠷ ᠦᠷᠭᠡᠨ ᠲᠠᠰᠢᠶ᠎ᠠ       ᠬᠠᠷᠴᠠᠭᠠᠢ ᠪᠦᠷᠬᠦᠳ ᠤᠨ ᠲᠠᠯᠠᠪᠴᠢ       ᠲᠠᠯ᠎ᠠ ᠶᠢᠨ ᠴᠠᠭᠠᠨ ᠬᠦᠷᠦᠭᠡᠰᠦ       ᠲᠡᠰ ᠰᠢᠪᠠᠭᠤᠨ ᠤ ᠲᠡᠬᠦᠯᠢᠯᠳᠡ       ᠭᠠᠵᠠᠷ ᠡᠪᠬᠢᠨ ᠲᠠᠪᠬᠢᠭᠴᠢ       ᠭᠠᠩ ᠲᠦᠷᠪᠡᠨ ᠲᠤᠭᠤᠷᠠᠢ       ᠢᠯᠭᠤᠮ ᠰᠠᠶᠢᠬᠠᠨ ᠪᠡᠶ᠎ᠡ ᠲᠠᠢ       ᠢᠯᠠᠭᠳᠠᠰᠢ ᠦᠬᠡᠢ ᠬᠦᠶᠦᠳᠡᠯ ᠲᠠᠢ       ᠡᠷᠳᠡᠨᠢ ᠶᠢᠨ ᠬᠦᠯᠦᠭ ᠮᠤᠷᠢᠨ ᠤ       ᠡᠷᠳᠡᠮ ᠴᠢᠳᠠᠯ ᠢ ᠲᠡᠯᠭᠡᠪᠡᠰᠦ       ᠴᠠᠭᠠᠨ ᠵᠡᠭᠡᠷ᠎ᠡ ᠶᠢᠨ ᠲᠠᠪᠬᠢᠯᠳᠠ       ᠴᠠᠨ᠎ᠠ ᠪᠤᠭᠤ ᠶᠢᠨ ᠦᠰᠦᠷᠦᠯᠳᠡ       ᠴᠠᠯᠮ᠎ᠠ ᠵᠢᠭᠠᠰᠤᠨ ᠤ ᠱᠤᠩᠪᠠᠯᠳᠠ       ᠴᠠᠬᠢᠯᠭᠠᠨ ᠬᠢᠯᠪᠢᠬᠦ ᠬᠠᠷᠠᠶᠢᠯᠳᠠ       ᠬᠠᠯᠢᠨ ᠨᠢᠰᠬᠦ ᠪᠦᠷᠬᠦᠳ       ᠬᠠᠷᠪᠤᠭᠰᠠᠨ ᠰᠤᠮᠤᠨ ᠬᠦᠶᠦᠳᠡᠯ       ᠬᠠᠨᠳᠠᠭᠠᠢ ᠪᠤᠭᠤ ᠶᠢᠨ ᠨᠠᠮᠨᠠᠯᠳᠠ       ᠬᠠᠶᠠᠮᠠᠯ ᠨᠠᠷᠢᠨ ᠲᠤᠭᠤᠰᠤ       ᠪᠤᠮᠠᠨ ᠡᠷᠳᠡᠨᠢ ᠪᠦᠷᠢᠳᠦᠭᠰᠡᠨ       ᠪᠤᠯᠤᠳ ᠲᠦᠷᠪᠡᠨ ᠲᠤᠭᠤᠷᠠᠢ ᠶᠢᠨ       ᠪᠤᠳᠠᠷᠠᠨ ᠲᠡᠭᠳᠡᠬᠦ ᠲᠤᠭᠤᠰᠤ       ᠪᠤᠳᠠᠩ ᠮᠠᠨᠠᠨ ᠲᠠᠳᠠᠭᠠᠳ       ᠮᠢᠨᠳᠠᠰᠤᠨ ᠵᠢᠯᠤᠭᠤ ᠰᠤᠩᠭᠠᠵᠤ       ᠮᠢᠩᠭᠠᠨ ᠠᠭᠳᠠ ᠠᠴᠠ ᠮᠠᠩᠯᠠᠶᠢᠯᠠᠵᠤ       ᠠᠯᠳᠠᠨ ᠵᠤᠤᠵᠠᠢ ᠬᠦᠨᠳᠡᠷᠴᠦ       ᠠᠯᠤᠰ ᠤᠨ ᠤᠷᠤᠯᠳᠤᠭᠠᠨ ᠳᠤ ᠲᠡᠷᠢᠬᠦᠯᠡᠪᠡ       ᠡᠵᠡᠨ ᠴᠢᠩᠬᠢᠰ ᠤᠨ ᠠᠳᠤᠭᠤᠨ ᠤ       ᠡᠩᠬᠦᠷᠡᠢ ᠰᠦᠷᠦᠭ ᠤᠨ ᠤᠳᠤᠮ       ᠡᠨᠡ ᠰᠠᠶᠢᠬᠠᠨ ᠬᠦᠯᠦᠭ ᠤᠨ       ᠢᠳᠡᠰᠢᠯᠡᠨ ᠪᠡᠯᠴᠢᠬᠦ ᠨᠤᠳᠤᠭ ᠪᠤᠯᠪᠠᠰᠤ       ᠦᠦᠷᠰᠡᠨ ᠲᠤᠷᠬᠢᠨ ᠲᠤᠭᠯᠠᠭᠰᠠᠨ       ᠦᠵᠦᠮ ᠵᠢᠮᠢᠰ ᠲᠠᠢ ᠪᠤᠱᠤᠭ ᠤᠨ ᠲᠠᠯ᠎ᠠ       ᠦᠷᠬᠦᠨ ᠬᠠᠯᠢᠰᠴᠤ ᠠᠯᠢᠶᠠᠷᠬᠠᠭᠰᠠᠨ       ᠦᠵᠡᠮᠵᠢ ᠭᠤᠶᠤᠬᠠᠨ ᠪᠡᠷᠭᠡ ᠶᠢᠨ ᠠᠭᠤᠯᠠ       ᠠᠭᠯᠠᠭ ᠪᠡᠯᠴᠢᠭᠡᠷ ᠲᠠᠢ ᠮᠦᠷᠬᠦᠴᠡᠭ       ᠠᠭᠤᠳᠠᠮ ᠲᠠᠩᠰᠤᠭ ᠲᠤᠭᠤᠷᠤᠤ ᠲᠠᠯ᠎ᠠ       ᠠᠯᠳᠠᠷ ᠶᠡᠬᠡᠳᠡᠢ ᠪᠠᠶᠠᠨ ᠴᠠᠭᠠᠨ       ᠠᠮᠳᠠᠳᠤ ᠪᠤᠯᠠᠭ ᠤᠯᠠᠭᠠᠨ ᠨᠠᠭᠤᠷ        ᠴᠡᠴᠡᠭᠳᠦ ᠲᠠᠯ᠎ᠠ ᠶᠢᠨ ᠡᠪᠡᠰᠦ ᠶᠢ        ᠴᠢᠮᠬᠢᠯᠡᠨ ᠲᠠᠰᠤᠯᠤᠨ ᠢᠳᠡᠰᠢᠯᠡᠭᠡᠳ        ᠴᠡᠪᠡᠷ ᠲᠤᠩᠭᠠᠯᠠᠭ ᠤᠰᠤ ᠶᠢ        ᠰᠢᠯᠢᠵᠦ ᠰᠢᠮᠡᠭᠡᠳ ᠦᠰᠦᠭᠰᠡᠨ        ᠡᠵᠡᠨ ᠴᠢᠩᠬᠢᠰ ᠤᠨ ᠵᠠᠶᠠᠭᠠᠭᠰᠠᠨ        ᠡᠷᠭᠡᠳᠦ ᠮᠤᠩᠭᠤᠯ ᠨᠤᠳᠤᠭ ᠤᠨ ᠢᠶᠠᠨ        ᠡᠩ ᠠᠭᠤᠳᠠᠮ ᠭᠠᠵᠠᠷ ᠲᠠᠭᠠᠨ        ᠡᠷᠭᠡ ᠲᠤᠷ᠎ᠠ ᠪᠠᠷ ᠢᠶᠠᠨ ᠠᠮᠢᠳᠤᠷᠠᠭᠰᠠᠨ        ᠡᠷᠬᠢᠮ ᠪᠦᠬᠦᠨ ᠢ ᠪᠦᠷᠢᠯᠳᠦᠬᠦᠯᠦᠭᠰᠡᠨ        ᠡᠨᠡ  ᠨᠠᠶᠢᠷ ᠲᠤ ᠲᠡᠷᠢᠬᠦᠯᠡᠭᠰᠡᠨ        ᠡᠷᠳᠡᠨᠢ ᠬᠦᠯᠦᠭ ᠮᠤᠷᠢᠨ ᠤ        ᠡᠵᠡᠨ ᠤ ᠬᠢᠨᠢ ᠠᠯᠳᠠᠷ ᠢ ᠮᠡᠳᠡᠭᠡᠯᠡᠪᠡᠰᠦ        ᠨᠠᠭᠠᠳᠤᠮ ᠪᠦᠬᠦᠨ ᠳᠤ ᠲᠤᠭᠤᠰᠤ ᠮᠠᠨᠠᠷᠠᠭᠠᠵᠤ        ᠨᠠᠶᠢᠷ ᠪᠤᠯᠭᠠᠨ ᠳᠤ ᠱᠠᠩ ᠬᠦᠷᠳᠡᠭᠰᠡᠨ        ᠮᠢᠩᠭᠠᠨ ᠴᠠᠭᠠᠨ ᠠᠳᠤᠭᠤ ᠦᠰᠭᠡᠵᠦ        ᠮᠠᠩᠯᠠᠢ ᠲᠡᠷᠢᠬᠦᠨ ᠬᠦᠯᠦᠭ ᠤᠶᠠᠭᠰᠠᠨ        ᠠᠳᠤᠭᠤᠳᠤ ᠨᠤᠳᠤᠭ ᠬᠦᠨᠪᠤᠯᠠᠭ ᠤᠨ        ᠠᠵᠢᠯᠴᠢ ᠴᠢᠨᠡᠭᠡᠯᠢᠭ ᠮᠠᠯᠴᠢᠨ        ᠤᠶᠢᠷ᠎ᠠ ᠬᠤᠯᠠ ᠳᠤ ᠨᠡᠷ᠎ᠡ ᠮᠠᠨᠳᠤᠭᠰᠠᠨ        ᠠᠯᠳᠠᠷᠳᠤ ᠤᠶᠠᠭᠠᠴᠢ ××× ᠪᠤᠶᠤ᠃
 
ᠢᠷᠡᠯᠲᠡ᠄ ︽ᠲᠠᠶᠢᠹᠦᠰᠧ ᠵᠡᠬᠦᠨ ᠭᠠᠷ — ᠬᠦᠨᠪᠤᠯᠠᠭ︾
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号