ᠡᠷ᠎ᠡ ᠶᠢᠨ ᠭᠤᠷᠪᠠᠨ ᠨᠠᠭᠠᠳᠤᠮ  —  ᠪᠦᠬᠡ  ᠪᠠᠷᠢᠯᠳᠤᠬᠤ
ᠨᠡᠶᠢᠲᠡᠯᠡᠭᠰᠡᠨ ᠴᠠᠭ᠄
2020/6/8
   ᠪᠦᠬᠡ ᠪᠠᠷᠢᠯᠳᠤᠬᠤ᠂ ᠮᠤᠷᠢ ᠤᠷᠤᠯᠳᠤᠬᠤ᠂ ᠨᠤᠮᠤ ᠰᠤᠮᠤ ᠬᠠᠷᠪᠤᠬᠤ ᠶᠢ ᠲᠡᠦᠬᠡᠨ ᠠᠴᠠ ᠠᠪᠤᠭᠠᠳ ᠮᠤᠩᠭᠤᠯ ᠦᠨᠳᠦᠰᠦᠳᠡᠨ ᠤ ︽ᠡᠷ᠎ᠡ ᠶᠢᠨ ᠭᠤᠷᠪᠠᠨ ᠨᠠᠭᠠᠳᠤᠮ︾ ᠬᠡᠳᠡᠭ᠃  ᠮᠤᠩᠭᠤᠯ ᠨᠤᠳᠤᠭ ᠤᠨ ᠨᠠᠶᠢᠷ ᠨᠠᠭᠠᠳᠤᠮ ᠳᠤ ︽ᠡᠷ᠎ᠡ ᠶᠢᠨ ᠭᠤᠷᠪᠠᠨ ᠨᠠᠭᠠᠳᠤᠮ︾ ᠲᠤᠳᠠᠭᠳᠠᠵᠤ ᠪᠤᠯᠤᠰᠢ ᠦᠬᠡᠢ  ᠂  ᠮᠤᠩᠭᠤᠯ ᠦᠨᠳᠦᠰᠦᠳᠡᠨ ᠤ ᠠᠷᠠᠳ ᠲᠦᠮᠡᠨ ᠶᠡᠷᠦᠳᠡᠭᠡᠨ ︽ᠡᠷ᠎ᠡ ᠶᠢᠨ ᠭᠤᠷᠪᠠᠨ ᠨᠠᠭᠠᠳᠤᠮ︾ ᠢᠶᠠᠷ᠂ ᠤᠨᠴᠠᠭᠠᠶᠢᠯᠠᠨ ᠪᠦᠬᠡ ᠶᠢᠨ ᠪᠠᠷᠢᠯᠳᠤᠭᠠᠨ ᠢᠶᠠᠷ ᠰᠢᠯᠢᠳᠡᠭ ᠢ ᠰᠤᠩᠭᠤᠨ ᠪᠠᠭᠠᠳᠤᠷ ᠲᠦᠷᠢ ᠶᠢ ᠪᠤᠢ ᠪᠤᠯᠭᠠᠵᠤ᠂  ᠨᠡᠩ ᠤᠯᠠᠨ ᠬᠦᠮᠦᠰ ᠢ ᠪᠦᠯᠬᠦᠮᠳᠡᠬᠦᠯᠵᠦ ᠵᠤᠷᠢᠬᠵᠢᠭᠤᠯᠤᠨ  ᠂ ᠢᠳᠡᠭᠡᠯ ᠵᠤᠷᠢᠭ ᠢ ᠨᠢ ᠬᠦᠪᠴᠢᠯᠡᠳᠡᠭ᠃  ᠪᠦᠬᠡᠴᠢᠳ ᠵᠤᠳᠤᠭ ᠲᠤᠤᠬᠤ ᠪᠠᠨ ᠡᠮᠦᠰᠴᠦ᠂ ᠯᠡᠪᠡᠷᠢ ᠵᠠᠩᠬᠢᠶ᠎ᠠ ᠪᠠᠨ ᠵᠡᠬᠦᠭᠡᠳ᠂ ᠬᠤᠶᠠᠷ ᠭᠠᠷ ᠲᠠᠯ᠎ᠠ ᠠᠴᠠ ᠮᠠᠭᠰᠢᠨ ᠲᠡᠪᠢᠵᠦ ᠨᠠᠶᠢᠷ ᠤᠨ ᠲᠠᠯᠠᠪᠠᠢ ᠳᠤ ᠤᠷᠤᠬᠤ   ᠨᠢ ᠡᠷ᠎ᠡ ᠬᠦᠮᠦᠨ ᠤ ᠴᠤᠭ ᠵᠢᠪᠬᠤᠭ᠎ᠠ ᠶᠢ ᠢᠯᠡᠷᠡᠬᠦᠯᠵᠦ᠂ ᠮᠤᠩᠭᠤᠯ ᠨᠤᠳᠤᠭ ᠤᠨ ᠬᠡᠶᠢᠮᠦᠷᠢ ᠰᠦᠯᠳᠡ ᠶᠢ ᠰᠡᠷᠬᠦᠭᠡᠵᠦ ᠪᠠᠶᠢᠳᠠᠭ ᠰᠠᠨ᠃   ᠪᠠᠭ᠋ᠠᠷᠤᠨ ᠰᠤᠨᠢᠷᠬᠠᠭᠰᠠᠨ  ᠦᠵᠡᠭᠴᠢ ᠲᠦᠮᠡᠨ ᠨᠢ ᠡᠨᠡ  ᠨᠠᠶᠢᠷ ᠲᠤ ᠠᠯᠢ ᠨᠤᠳᠤᠭ ᠤᠨ ᠬᠡᠨ ᠭᠡᠳᠡᠭ ᠪᠦᠬᠡ  ᠤᠳᠤ ᠬᠡᠶᠢᠮᠦᠷᠢ ᠲᠠᠢ  ᠪᠠᠷᠢᠯᠳᠤᠯ᠎ᠠ ᠬᠡᠵᠦ ᠵᠤᠭᠤᠭ ᠪᠤᠯᠭᠠᠨ ᠶᠠᠷᠢᠳᠠᠭ ᠨᠢ ᠨᠤᠳᠤᠭ ᠨᠤᠳᠤᠭ ᠤᠨ ᠬᠢᠨᠢ ᠠᠷᠠᠳ ᠲᠦᠮᠡᠨ ᠤ ᠮᠤᠩᠭᠤᠯ ᠪᠦᠬᠡ ᠪᠠᠨ ᠬᠠᠶᠢᠷᠠᠯᠠᠵᠤ᠂ ᠪᠦᠬᠡ ᠶᠢᠨ ᠰᠤᠶᠤᠯ ᠢ  ᠲᠡᠭᠡᠳᠦᠯᠡᠵᠦ ᠪᠠᠶᠢᠳᠠᠭ ᠤᠨ ᠪᠡᠯᠭᠡ ᠲᠡᠮᠳᠡᠭ ᠪᠤᠶᠤ᠃       ᠡᠷᠳᠡ ᠤᠷᠢᠳᠤ ᠴᠠᠭ ᠲᠤ  ᠵᠡᠬᠦᠨ ᠭᠠᠷ ᠲᠠᠶᠢᠹᠤᠰᠧ ᠤᠨ ᠬᠦᠯᠦ ᠬᠦᠬᠡ ᠶᠢᠨ ᠨᠤᠳᠤᠭ ᠲᠤ  ︽ ᠰᠢᠷᠢ  ᠪᠠᠷ ᠮᠤᠰᠬᠢᠭᠰᠠᠨ ᠰᠢᠷᠪᠤᠰᠤ ᠲᠠᠢ  ᠂ ᠰᠢᠷᠡᠮᠦ ᠪᠠᠷ ᠴᠢᠳᠬᠤᠭᠰᠠᠨ ᠴᠡᠭᠡᠵᠢ ᠲᠠᠢ  ᠂ ᠲᠡᠮᠡᠬᠡᠨ ᠴᠢᠨᠡᠬᠡᠨ ᠪᠡᠶ᠎ᠡ ᠲᠠᠢ᠂ ᠲᠡᠩᠴᠡᠰᠢ ᠦᠬᠡᠢ ᠶᠡᠭᠡ ᠴᠢᠳᠠᠯ ᠲᠠᠢ︾ ᠤᠩᠭᠤᠴᠠᠢ ᠭᠡᠰᠡᠨ ᠠᠪᠤᠷᠭᠤ ᠪᠦᠬᠡ  ᠪᠠᠶᠢᠯ᠎ᠠ ᠭᠡᠳᠡᠭ᠃  ᠤᠩᠭᠤᠴᠠᠢ ᠬᠦᠴᠦ ᠴᠢᠳᠠᠯ ᠮᠡᠭᠡ ᠮᠡᠷᠭᠡᠵᠢᠯ ᠬᠤᠤᠰᠯᠠᠭᠰᠠᠨ ᠤᠷᠠᠨ ᠪᠠᠷᠢᠯᠳᠤᠭᠠᠨ ᠲᠠᠢ ᠪᠦᠬᠡ ᠪᠠᠶᠢᠵᠤ᠂  ᠬᠤᠯᠠ ᠤᠶᠢᠷ᠎ᠠ ᠶᠢᠨ ᠨᠠᠶᠢᠷ ᠨᠠᠭᠠᠳᠤᠮ ᠳᠤ ᠶᠠᠪᠤᠬᠤ ᠳᠠᠭᠠᠨ ᠮᠤᠩᠭᠤᠯ ᠭᠡᠷ ᠢᠶᠠᠨ ᠡᠬᠦᠷᠴᠦ᠂ ᠲᠡᠭᠡᠷ᠎ᠡ ᠨᠢ ᠨᠠᠰᠤᠳᠠᠢ ᠡᠵᠢ ᠪᠠᠨ ᠰᠠᠭᠤᠯᠭᠠᠭᠠᠳ ᠶᠠᠪᠠᠭᠠᠨ ᠬᠦᠷᠴᠦ᠂  ᠨᠡᠷ᠎ᠡ  ᠴᠤᠤ ᠲᠠᠢ  ᠪᠦᠬᠡᠴᠤᠳ ᠢ  ᠴᠤᠪᠤᠷᠠᠭᠤᠯᠤᠨ ᠬᠠᠶᠠᠵᠤ ᠲᠡᠷᠢᠬᠦᠯᠡᠭᠡᠳ᠂  ᠠᠳᠠᠨ ᠲᠡᠮᠡᠭᠡ᠂ ᠠᠵᠢᠨᠠᠢ ᠬᠦᠯᠦᠭ᠂ ᠠᠷᠠᠯ ᠤᠨ ᠱᠠᠷ ᠤᠨ ᠲᠤᠮᠤ ᠱᠠᠩ ᠢ ᠨᠢ  ᠬᠦᠳᠦᠯᠦᠬᠡᠳ ᠢᠷᠡᠳᠡᠭ ᠭᠡᠨ᠎ᠡ᠃ ᠲᠡᠬᠦᠨ ᠢ ᠲᠠᠭᠠᠯᠠᠯ ᠪᠤᠯᠵᠤ ᠤᠨᠠᠭᠰᠠᠨ ᠨᠤᠳᠤᠭ ᠬᠦᠯᠦ  ᠬᠦᠭᠡ ᠶᠢᠨ ᠪᠤᠭᠳᠠ ᠶᠢᠨ ᠡᠩᠭᠡᠷ ᠲᠤᠨᠢ ᠬᠦᠳᠡᠭᠡᠯᠡᠭᠰᠡᠨ ᠬᠤᠶᠢᠨ᠎ᠠ  ᠪᠢᠳᠡᠬᠦᠦ ᠴᠡᠭᠡᠵᠢᠨ ᠳᠤᠨᠢ ᠬᠤᠶᠠᠷ ᠴᠢᠨ᠋ᠸ᠎ᠠ ᠡᠬᠦᠷᠯᠡᠭᠡᠳ  ᠪᠠᠶᠢᠵᠠᠢ᠃  ᠲᠦᠰᠢᠬᠦᠦ ︵ᠦᠷᠦᠭᠡᠰᠦᠨ ᠴᠢᠯᠠᠭᠤᠨ ᠬᠠᠭᠠᠯᠭ᠎ᠠ︶   ᠳᠤ ᠠᠶᠠᠨ ᠵᠢᠩ   ᠢᠶᠠᠷ  ᠶᠠᠪᠤᠵᠤ ᠪᠠᠶᠢᠭᠰᠠᠨ ᠦᠵᠦᠮᠦᠴᠢᠨ ᠤ ᠨᠢᠬᠡ ᠶᠡᠭᠡ  ᠯᠠᠮᠠᠳᠠᠨ ᠤᠩᠭᠤᠴᠠᠢ ᠶᠢᠨ ᠬᠡᠬᠦᠷ ᠪᠡᠶ᠎ᠡ ᠭᠡᠳᠡᠭ ᠢ ᠤᠯᠵᠤ  ᠲᠠᠨᠢᠭᠠᠳ᠂  ᠲᠡᠷᠡ ᠲᠤᠤᠷ᠎ᠠ ᠪᠠᠨ ᠠᠶᠠᠨ   ᠤ ᠵᠢᠯᠤᠭᠤ ᠪᠠᠨ ᠡᠪᠬᠡᠵᠦ ᠨᠤᠳᠤᠭ ᠲᠠᠭᠠᠨ ᠲᠡᠭᠡᠭᠡᠵᠦ  ᠠᠪᠠᠴᠢᠭᠠᠳ ᠬᠦᠨᠳᠦᠳᠭᠡᠨ ᠤᠷᠤᠰᠢᠭᠤᠯᠵᠦ  ᠲᠠᠬᠢᠵᠠᠢ᠃ ᠢᠩᠬᠢᠭᠰᠡᠨ ᠢᠶᠠᠷ ᠦᠵᠦᠮᠦᠴᠢᠨ ᠨᠤᠳᠤᠭ ᠲᠤ ᠴᠤᠤᠳᠤ ᠪᠦᠬᠡᠴᠤᠳ  ᠴᠤᠯᠭᠤᠷᠠᠳᠠᠭ  ᠪᠤᠯᠤᠯ᠎ᠠ ᠭᠡᠵᠦ ᠨᠤᠳᠤᠭ ᠤᠨ ᠪᠤᠭᠤᠷᠤᠯᠴᠤᠳ ᠦᠯᠢᠬᠡᠷ ᠲᠤᠮᠤᠭ ᠲᠠᠢ ᠶᠠᠷᠢᠳᠠᠭ᠃       ᠤᠩᠭᠤᠴᠠᠢ ᠶᠢᠨ ᠦᠯᠢᠬᠡᠷ   ᠤᠨ ᠦᠨᠡᠨ ᠮᠠᠭᠠᠳ ᠢ ᠲᠤᠳᠤᠯᠠᠵᠤ ᠡᠰᠡ ᠲᠡᠶᠢᠯᠬᠦ ᠪᠤᠯᠪᠠᠴᠤ᠂  ᠲᠠᠬᠦᠨᠴᠡ ᠰᠡᠬᠦᠯᠡᠷ ᠲᠤᠬᠠᠶᠢᠯᠠᠪᠠᠯ ᠴᠢᠯᠦᠭᠡᠯᠡᠭᠳᠡᠬᠦ ᠠᠴᠠ ᠡᠮᠦᠨᠡᠬᠢ ᠤᠨ ᠵᠢᠯ ᠤᠳ ᠢᠶᠠᠷ ᠲᠠᠶᠢᠹᠤᠰᠧ ᠨᠤᠳᠤᠭ ᠤᠨ  ᠨᠡᠷ᠎ᠡ  ᠠᠯᠳᠠᠷ ᠢ ᠡᠷᠬᠦᠵᠦ᠂ ᠮᠤᠩᠭᠤᠯ ᠪᠦᠬᠡ ᠶᠢᠨ ᠲᠠᠪᠴᠠᠩ ᠳᠤ ᠤᠳᠤ ᠰᠤᠳᠤᠳᠠᠢ ᠪᠠᠷᠢᠯᠳᠤᠵᠦ  ᠶᠠᠪᠤᠭᠰᠠᠨ ᠪᠦᠬᠡᠴᠢᠳ ᠲᠤᠰ ᠨᠤᠳᠤᠭ ᠲᠤ ᠭᠠᠷᠴᠤ ᠪᠠᠶᠢᠭᠰᠠᠨ  ᠭᠡᠳᠡᠭ ᠢ ᠲᠦᠮᠡᠨ ᠤ ᠨᠢᠳᠦ ᠲᠡᠦᠬᠡ ᠶᠢᠨ ᠬᠠᠭᠤᠳᠠᠰᠤ ᠭᠡᠷᠡᠴᠢᠯᠡᠭᠰᠡᠨ ᠶᠤᠮ᠃      ︽ᠬᠤᠯᠤᠩ  ᠲᠤᠯᠤᠭᠠᠶᠢᠳᠤ  ︾ ᠪᠤᠯ  ᠬᠤᠷᠢᠳᠤᠭᠠᠷ ᠵᠠᠭᠤᠨ ᠤ ᠡᠬᠢᠨ ᠤ ᠦᠶ᠎ᠡ ᠶᠢᠨ ᠲᠠᠶᠢᠹᠤᠰᠧ ᠨᠤᠳᠤᠭ  ᠤᠨ ᠲᠤᠮᠤᠭᠳᠤ ᠪᠦᠬᠡ ᠮᠦᠷᠳᠡᠭᠡᠨ ᠲᠡᠦᠬᠡᠳᠦ ᠬᠦᠮᠦᠨ  ᠪᠢᠯᠡ᠃  ᠤᠳᠤ ᠶᠢᠨ ᠾᠧᠪᠸᠢ  ᠮᠤᠵᠢ ᠶᠢᠨ ᠵᠠᠩᠪᠸᠢ ᠰᠢᠶᠠᠨ ᠤ ᠦᠷᠳᠡᠭᠡ ︵ ᠭᠢᠳᠠᠳᠴᠤᠳ ᠡᠯ ᠲᠠᠢ ᠭᠡᠳᠡᠭ︶   ᠳᠤ ᠪᠠᠶᠢᠭᠰᠠᠨ ᠠᠭᠤᠯᠠ   ᠶᠢᠨ ᠡᠪᠦᠯᠵᠢᠶ᠎ᠡ ᠳᠤ ᠲᠤᠰ ᠭᠠᠵᠠᠷ ᠤᠨ ᠮᠠᠯᠴᠢᠳ ᠤᠨ ᠠᠳᠤᠭᠤ ᠪᠠᠨ ᠤᠰᠤᠯᠠᠳᠠᠭ ᠬᠤᠳᠳᠤᠭ ᠪᠠᠶᠢᠵᠠᠢ᠃  ᠬᠠᠪᠤᠷ ᠤᠨ ᠰᠡᠬᠦᠯᠴᠢ ᠪᠠᠷ ᠭᠡᠭᠡᠷ᠎ᠡ ᠶᠢᠨ ᠴᠠᠰᠤ  ᠬᠠᠶᠢᠯᠤᠭᠰᠠᠨ ᠬᠤᠶᠢᠨ᠎ᠠ᠂  ᠮᠠᠯᠴᠢᠳ ᠠᠳᠤᠭᠤ ᠪᠠᠨ ᠤᠰᠤᠯᠠᠬᠤ  ᠬᠡᠮᠡᠨ  ᠦᠨᠦ ᠬᠤᠳᠳᠤᠭ ᠲᠡᠭᠡᠷ᠎ᠡ ᠬᠦᠷᠴᠦ ᠦᠵᠡᠬᠦ ᠳᠤ ᠲᠤᠳᠤᠷ᠎ᠠ ᠨᠢ ᠨᠢᠬᠡ ᠬᠢᠵᠠᠯᠠᠩ ᠪᠠᠶᠢᠳᠠᠰᠤ  ᠤᠨᠠᠵᠤ ᠦᠬᠦᠭᠰᠡᠨ ᠪᠠᠶᠢᠪᠠ᠃  ᠢᠩᠬᠢᠭᠡᠳ  ᠬᠤᠳᠳᠤᠭ ᠤᠨ ᠮᠦᠰᠦ ᠶᠢ  ᠴᠠᠷᠢᠯᠳᠤᠨ ᠰᠠᠯᠭᠠᠵᠤ᠂  ᠰᠡᠬᠦᠯ ᠤᠨ ᠤᠭ ᠢ ᠨᠢ  ︽ᠬᠤᠯᠤᠩ  ᠲᠤᠯᠤᠭᠠᠶᠢᠳᠤ  ︾ ᠳᠤ ᠪᠠᠷᠢᠭᠤᠯᠤᠭᠰᠠᠨ ᠳᠤ  ᠲᠡᠷᠡᠪᠡᠷ  ︽ᠨᠢᠬᠡ᠂ ᠬᠤᠶᠠᠷ᠂ ᠭᠤᠷᠪᠠ︾ ᠬᠡᠮᠡᠨ ᠪᠠᠷᠬᠢᠷᠠᠮᠠᠭᠴᠠ ᠬᠢᠵᠠᠯᠠᠩ ᠪᠠᠶᠢᠳᠠᠰᠤ ᠶᠢ ᠬᠤᠳᠳᠤᠭ ᠤᠨ ᠪᠤᠷᠤᠤ ᠲᠠᠢ ᠨᠢ ᠮᠤᠯᠳᠤ ᠲᠠᠳᠠᠵᠤ ᠭᠠᠷᠭᠠᠭᠰᠠᠨ ᠭᠡᠳᠡᠭ᠃  ︽ᠬᠤᠯᠤᠩ  ᠲᠤᠯᠤᠭᠠᠶᠢᠳᠤ︾  ᠨᠠᠮᠤᠷ ᠤᠨ ᠬᠠᠳᠤᠯᠠᠩ   ᠳᠤ ᠭᠠᠷᠬᠤ ᠳᠠᠭᠠᠨ ᠰᠢᠳᠦᠯᠡᠩ ᠬᠤᠨᠢ ᠶᠢ ᠨᠢᠬᠡᠯᠡ  ᠡᠷᠡᠨ ᠳᠤ ᠴᠢᠨᠠᠵᠤ ᠢᠳᠡᠭᠡᠳ᠂ ᠱᠦᠯᠦ ᠶᠢ ᠨᠢ ᠤᠤᠭᠤᠴᠢᠬᠠᠭᠠᠳ  ᠂  ᠠᠷᠪᠠᠨ  ᠲᠤᠬᠤᠢ ᠮᠤᠳᠤᠨ ᠡᠰᠢᠨ ᠳᠤ ᠬᠤᠶᠠᠷ ᠢᠷᠳᠦ ᠰᠠᠨᠳᠤᠤ ᠡᠰᠢᠯᠡᠵᠦ᠂  ᠠᠭᠤᠯᠠ ᠶᠢᠨ  ᠡᠪᠦᠯᠵᠢᠶ᠎ᠡ ᠶᠢᠨ ᠬᠤᠶᠢᠳᠤ ᠲᠤᠭᠤᠷᠢᠮ ᠳᠤ ᠭᠡᠳᠦᠨ ᠵᠠᠭᠤᠨ ᠮᠤ᠋ ᠬᠠᠳᠤᠯᠠᠩ ᠢ ᠲᠦᠷᠪᠡᠬᠡᠨ ᠡᠳᠦᠷ ᠲᠤ ᠬᠠᠳᠤᠭᠠᠳ᠂  ᠡᠪᠦᠯ ᠬᠠᠪᠤᠷ ᠤᠨ ᠢᠶᠠᠨ ᠡᠪᠡᠰᠦ ᠶᠢ ᠠᠪᠴᠢᠬᠠᠳᠠᠭ ᠭᠡᠨ᠎ᠡ᠃ ᠲᠡᠷᠡ  ᠦᠶ᠎ᠡ  ᠳᠤ  ᠬᠤᠰᠢᠭᠤ ᠰᠤᠮᠤᠨ ᠤ ᠤᠪᠤᠭ᠎ᠠ᠂  ᠲᠠᠶᠢᠹᠤᠰᠧ ᠵᠡᠬᠦᠨ ᠭᠠᠷ ᠤᠨ ᠰᠦᠯᠳᠡ ᠶᠢᠨ ᠲᠠᠬᠢᠯᠭ᠎ᠠ ᠶᠢᠨ ᠨᠠᠶᠢᠷ ᠤᠨ ᠦᠵᠦ ᠮᠠᠩᠯᠠᠢ ᠶᠢ  ︽ᠬᠤᠯᠤᠩ  ᠲᠤᠯᠤᠭᠠᠶᠢᠳᠤ  ︾ ᠠᠪᠬᠤ ᠴᠤ ᠲᠡᠶᠢᠮᠦ ᠰᠤᠨᠢᠬᠠᠨ ᠪᠢᠰᠢ᠃  ᠬᠠᠷᠢᠨ  ᠬᠡᠶᠢᠪᠡᠩ  ᠤᠨ ᠨᠠᠶᠢᠷ ᠲᠤ ᠤᠴᠢᠪᠠᠯ ᠠᠷᠤ ᠬᠠᠯᠬ᠎ᠠ ᠶᠢᠨ ᠰᠠᠶᠢᠨ ᠡᠷ᠎ᠡ᠂ ᠦᠪᠦᠷ ᠲᠦᠴᠢ ᠶᠢᠰᠦ ᠶᠢᠨ ᠴᠤᠤᠳᠤ ᠪᠦᠬᠡᠴᠤᠳ  ᠲᠠᠢ ᠡᠷ᠎ᠡ ᠪᠠᠨ ᠰᠢᠯᠭᠠᠵᠤ᠂ ᠡᠷᠳᠡᠮ ᠢᠶᠠᠨ ᠦᠵᠡᠳᠡᠭ ᠭᠡᠴᠡᠬᠦᠦ ᠮᠦᠷᠦᠶᠢᠴᠡᠭᠡᠨ ᠪᠤᠯᠳᠠᠭ ᠪᠠᠶᠢᠵᠠᠢ᠃  ᠲᠡᠭᠡᠭᠡᠳ ᠵᠠᠩᠵᠢᠶ᠎ᠠ ᠬᠡᠬᠡᠨ ᠬᠡᠶᠢᠪᠡᠩ ᠳᠤ ᠵᠠᠯᠠᠷᠠᠨ ᠰᠤᠩᠳᠤᠭ ᠲᠠᠯᠪᠢᠬᠤ ᠨᠠᠶᠢᠷ ᠲᠤ   ︽ᠬᠤᠯᠤᠩ  ᠲᠤᠯᠤᠭᠠᠶᠢᠳᠤ︾  ᠬᠦᠷᠴᠦ ᠤᠴᠢᠭᠠᠳ᠂ ᠮᠢᠩᠭᠠᠨ ᠪᠦᠬᠡ ᠶᠢᠨ ᠪᠠᠷᠢᠯᠳᠤᠭᠠᠨ ᠳᠤ ᠲᠡᠭᠡᠳᠦ ᠲᠦᠷᠪᠡ ᠳᠤ  ᠲᠡᠪᠢᠯ᠎ᠡ ᠭᠡᠳᠡᠭ᠃       ᠮᠦᠨ ᠵᠠᠭᠤᠭᠠᠳ ᠵᠢᠯ ᠤᠨ ᠡᠮᠦᠨ᠎ᠡ᠂  ᠬᠡᠶᠢᠪᠡᠩ ᠤᠨ ᠨᠠᠶᠢᠷ ᠪᠠ ᠰᠢᠯᠢ ᠶᠢᠨ ᠭᠤᠤᠯ ᠠᠶᠢᠮᠠᠭ ᠤᠨ ᠵᠠᠰᠠᠭ ᠬᠤᠰᠢᠭᠤᠳ ᠤᠨ ᠨᠠᠶᠢᠷ ᠲᠤ ᠪᠠᠷᠢᠯᠳᠤᠭᠠᠳ ᠱᠠᠩᠨᠠᠯ ᠳ᠋ᠤᠭᠠᠷ ᠲᠤ ᠤᠷᠤᠵᠤ ᠪᠠᠶᠢᠭᠰᠠᠨ ᠲᠠᠶᠢᠹᠤᠰᠧ ᠨᠤᠳᠤᠭᠳᠠᠢ ᠭᠠᠩᠧᠴᠢᠷ ᠬᠡᠮᠡᠭᠴᠢ ᠰᠠᠶᠢᠨ ᠪᠦᠬᠡᠴᠢᠨ ᠪᠠᠶᠢᠵᠠᠢ᠃  ᠶᠠᠫᠤᠨ ᠤ ᠦᠶ᠎ᠡ ᠳᠤ ᠡᠷᠡᠴᠤᠳ ᠤᠨ ᠭᠠᠷ ᠴᠢᠳᠠᠯ ᠢ ᠰᠢᠯᠭᠠᠬᠤ ᠳᠤ ᠲᠠᠯᠠ ᠭᠠᠷᠤᠭᠠᠳ ᠪᠠᠶᠢᠭᠰᠠᠨ ᠡᠨᠡ  ᠡᠪᠦᠬᠡᠨ ᠴᠢᠳᠠᠯ ᠰᠢᠯᠭᠠᠬᠤ ᠪᠠᠭᠠᠵᠢ ᠶᠢ ᠨᠢ ᠬᠡᠳᠦᠷᠡᠳᠡᠯ᠎ᠡ ᠠᠳᠬᠤᠵᠤ᠂  ᠮᠤᠩᠭᠤᠯ ᠡᠷ᠎ᠡ ᠶᠢᠨ ᠬᠦᠴᠦ ᠴᠢᠳᠠᠯ ᠢ ᠭᠠᠶᠢᠬᠠᠭᠤᠯᠤᠯ᠎ᠠ ᠭᠡᠳᠡᠭ᠃  ᠲᠡᠷᠡ ᠦᠶᠡᠰ  ᠲᠠᠶᠢᠹᠤᠰᠧ  ᠨᠤᠳᠤᠭ ᠠᠴᠠ  ᠪᠠᠰᠠ ᠴᠠᠬᠠᠷ ᠰᠦᠯᠵᠢᠳ᠂ ᠤᠶᠢᠷᠤᠪᠵᠠᠮᠰᠤ᠂ ᠲᠠᠰᠢᠴᠡᠷᠢᠨ᠂ ᠠᠬᠸᠠᠩᠳᠦᠪᠳᠦᠨ᠂ ᠷᠠᠬᠤᠸ᠎ᠠ᠂ ᠡᠩᠬᠡᠪᠤᠶᠠᠨ᠂ ᠰᠠᠮᠫᠢᠯᠴᠤᠭᠵᠢᠯ ᠵᠡᠷᠭᠡ  ᠨᠢᠬᠡ ᠦᠶ᠎ᠡ ᠶᠢᠨ  ᠲᠠᠰᠤᠷᠬᠠᠢ  ᠪᠦᠬᠡᠴᠤᠳ ᠴᠤᠯᠭᠤᠷᠠᠨ ᠭᠠᠷᠴᠤ ᠠᠷᠠᠳ ᠲᠦᠮᠡᠨ ᠢᠶᠠᠨ ᠪᠠᠶᠠᠰᠬᠠᠵᠤ ᠶᠠᠪᠤᠭᠰᠠᠨ ᠲᠡᠦᠭᠡ ᠲᠠᠢ᠃     1946 ᠤᠨ ᠳᠤ  ᠰᠢᠨ᠎ᠡ ᠴᠠᠬᠠᠷ ᠠᠶᠢᠮᠠᠭ ᠪᠠᠶᠢᠭᠤᠯᠤᠭᠳᠠᠭᠰᠠᠨ ᠶᠡᠭᠡ ᠨᠠᠶᠢᠷ ᠬᠠᠪᠢᠷᠭ᠎ᠠ ᠳᠤ ᠶᠠᠪᠤᠭᠳᠠᠬᠤ  ᠳᠤ ᠴᠠᠬᠠᠷ ᠤᠨ ᠡᠯ᠎ᠡ ᠬᠤᠰᠢᠭᠤᠳ ᠤᠨ ᠪᠦᠬᠡᠴᠢᠳ ᠬᠢᠭᠡᠳ ᠦᠵᠦᠮᠦᠴᠢᠨ ᠤ ᠲᠠᠪᠤᠰᠤᠨ ᠠᠶᠠᠨᠴᠢᠳ ᠤᠨ  ᠲᠤᠳᠤᠷᠠᠬᠢ ᠰᠢᠯᠢᠳᠡᠭ ᠪᠦᠬᠡᠴᠤᠤᠯ  ᠵᠤᠳᠤᠭᠯᠠᠵᠤ᠂ 128 ᠪᠦᠬᠡ  ᠪᠠᠷᠢᠯᠳᠤᠭᠤᠯᠬᠤ ᠳᠤ ᠲᠠᠶᠢᠹᠤᠰᠧ  ᠵᠡᠬᠦᠨ ᠭᠠᠷ ᠰᠦᠷᠦᠭ ᠤᠨ ᠦᠴᠢ ᠤᠪᠤᠭᠠᠨ ᠤ ᠡᠷᠳᠡᠨᠢᠳᠠᠯᠠᠢ ᠤᠷᠠᠨ ᠪᠠᠷᠢᠯᠳᠤᠭᠠᠨ ᠢᠶᠠᠷ ᠢᠶᠠᠨ ᠭᠠᠶᠢᠬᠠᠭᠳᠠᠵᠤ᠂ ᠲᠠᠩ ᠤᠨ ᠨᠤᠭᠤᠯᠤᠭ᠎ᠠ ᠠᠴᠠ ᠦᠵᠦᠮᠦᠴᠢᠨ ᠤ  ᠭᠤᠷᠪᠠᠨ ᠪᠦᠬᠡ ᠶᠢ ᠴᠤᠪᠤᠷᠠᠭᠤᠯᠤᠨ ᠬᠠᠶᠠᠵᠤ᠂  ᠠᠷᠪᠠᠨ ᠵᠢᠷᠭᠤᠭ᠎ᠠ ᠶᠢᠨ ᠲᠠᠪᠠᠭ᠎ᠠ ᠳᠤ ᠰᠢᠷᠡᠭᠡᠳᠦ ᠭᠡᠭᠡᠨ   ᠤ ᠭᠡᠵᠢᠬᠡᠳᠦ ᠪᠠᠩᠵᠠᠷᠠᠬᠴᠠ ᠶᠢ  ᠂  ᠨᠠᠢᠮᠠ ᠶᠢᠨ ᠲᠠᠪᠠᠭ᠎ᠠ ᠳᠤ ᠬᠦᠯᠦ ᠬᠦᠭᠡ ᠶᠢᠨ ᠴᠤᠤᠳᠤ ᠪᠦᠬᠡ ᠦᠨᠳᠦᠷ ᠬᠦᠷᠡᠯ ᠢ  ᠬᠠᠶᠠᠵᠤ  ᠂ ᠲᠡᠭᠡᠳᠦ ᠲᠦᠷᠪᠡ ᠳᠤ ᠬᠠᠷ᠎ᠠ ᠲᠤᠭᠠᠷ ᠲᠤ ᠡᠪᠦᠳᠦᠭ  ᠰᠢᠷᠤᠶᠢᠳᠠᠭᠠᠳ᠂ ︽ᠲᠠᠶᠢᠹᠤᠰᠧ ᠶᠢᠨ ᠰᠢᠷᠦᠬᠦᠨ ᠬᠠᠷ᠎ᠠ︾  ᠴᠤᠯᠠ   ᠶᠢ ᠤᠯᠵᠠᠢ᠃ 1947 ᠤᠨ ᠤ ᠵᠤᠨ  ᠪᠤᠯᠤᠭᠰᠠᠨ ᠮᠠᠯᠠᠭᠠᠢ ᠶᠢᠨ ᠰᠦᠮ᠎ᠡ ᠶᠢᠨ ᠲᠠᠶᠢᠹᠤᠰᠧ ᠵᠡᠬᠦᠨ ᠭᠠᠷ ᠤᠨ ᠰᠦᠯᠳᠡ ᠶᠢᠨ ᠲᠠᠬᠢᠯᠭ᠎ᠠ ᠳᠤ ᠮᠢᠩᠭᠠᠨ ᠬᠤᠰᠢᠭᠤᠨ ᠤ ᠴᠤᠤᠳᠤ ᠪᠦᠬᠡᠴᠤᠳ ᠴᠤᠭᠯᠠᠷᠠᠵᠤ᠂  128 ᠪᠦᠬᠡ  ᠪᠠᠷᠢᠯᠳᠤᠭᠤᠯᠬᠤ ᠳᠤ ᠲᠡᠭᠡᠳᠦ ᠠᠷᠪᠠᠨ ᠵᠢᠷᠭᠤᠭ᠎ᠠ ᠳᠤ  ᠲᠠᠶᠢᠹᠤᠰᠧ ᠠᠴᠠ ᠡᠷᠳᠡᠨᠢᠳᠠᠯᠠᠢ ᠭᠠᠭᠴᠠᠭᠠᠷ ᠢᠶᠠᠨ ᠦᠯᠡᠳᠡᠵᠦ᠂  ᠠᠷᠪᠠᠨ ᠵᠢᠷᠭᠤᠭ᠎ᠠ ᠶᠢᠨ ᠲᠠᠪᠠᠭ᠎ᠠ  ᠳᠤ ᠪᠤᠷᠢᠶᠠᠳ ᠤᠨ ᠪᠦᠳᠦᠬᠦᠨ ᠲᠤᠷᠵᠢ ᠶᠢ᠂  ᠨᠠᠢᠮᠠ   ᠶᠢᠨ ᠲᠠᠪᠠᠭ᠎ᠠ ᠳᠤ ᠰᠦᠨᠢᠳ ᠤᠨ ᠬᠤᠷᠯᠤᠵᠠᠪ   ᠢ  ᠂ ᠲᠡᠭᠡᠳᠦ ᠲᠦᠷᠪᠡ ᠳᠤ ᠬᠦᠯᠦ ᠬᠦᠬᠡ ᠶᠢᠨ ᠦᠨᠳᠦᠷ ᠭᠤᠮᠪᠤ ᠶᠢ᠂  ᠲᠡᠷᠢᠬᠦᠨ ᠲᠡᠳ᠋ ᠳᠤ ᠪᠤᠷᠢᠶᠠᠳ ᠤᠨ ᠠᠷᠢᠶᠠᠵᠠᠪ  ᠢ ᠴᠤᠪᠤᠭᠤᠯᠤᠨ ᠬᠠᠶᠠᠵᠤ  ᠮᠠᠩᠯᠠᠢ ᠳᠤᠨᠢ ᠲᠡᠪᠢᠭᠰᠡᠨ  ᠪᠠᠶᠢᠪᠠ᠃ ᠨᠠᠰᠤᠳᠠᠶᠢᠴᠤᠳ ᠤᠨ ᠶᠠᠷᠢᠬᠤ ᠪᠠᠷ ᠡᠷᠳᠡᠨᠢᠳᠠᠯᠠᠢ ᠵᠤᠭᠰᠤᠯᠳᠠ ᠯᠠᠪᠳᠠᠭᠤᠨ᠂ ᠪᠠᠷᠢᠯᠳᠤᠭᠠᠨ ᠰᠢᠷᠦᠬᠦᠨ᠂  ᠮᠡᠭᠡ ᠮᠡᠷᠭᠡᠵᠢᠯ ᠰᠠᠶᠢᠳᠠᠢ ᠪᠠᠶᠢᠵᠤ᠂ ᠤᠩᠭᠤᠨ ᠮᠡᠷᠭᠡᠵᠢᠯ  ᠢᠶᠠᠨ ᠤᠭᠰᠠᠷᠠᠭᠤᠯᠵᠤ ᠬᠢᠪᠡᠯ  ᠶᠠᠮᠠᠷ ᠰᠠᠶᠢᠨ ᠪᠦᠬᠡ ᠶᠢ ᠴᠤ ᠰᠢᠷᠤᠶᠢᠳᠠᠭᠤᠯᠳᠠᠭ ᠵᠤᠭᠰᠤᠭ᠎ᠠ ᠪᠦᠬᠡ ᠪᠠᠶᠢᠵᠠᠢ᠃ ᠲᠡᠬᠦᠨ ᠤ ᠬᠦᠴᠦ ᠴᠢᠳᠠᠯ ᠢ  ᠭᠠᠶᠢᠬᠠᠭᠤᠯᠤᠭᠰᠠᠨ ᠨᠢᠬᠡᠨ ᠠᠮᠠᠨ ᠶᠠᠷᠢᠶ᠎ᠠ ᠤᠯᠠᠮᠵᠢᠯᠠᠭᠳᠠᠵᠤ ᠪᠠᠶᠢᠳᠠᠭ᠃ ᠲᠡᠯᠭᠡᠷ ᠵᠤᠨ ᠤ ᠨᠢᠬᠡᠨ ᠡᠳᠦᠷ ᠦᠴᠢ ᠤᠪᠤᠭᠠᠨ ᠤ ᠪᠤᠯᠠᠭ ᠤᠨ  ᠬᠤᠳᠳᠤᠭ ᠲᠡᠭᠡᠷ᠎ᠡ ᠭᠡᠳᠦᠨ ᠪᠤᠬ᠎ᠠ ᠮᠦᠷᠬᠦᠯᠳᠦᠵᠦ ᠪᠠᠶᠢᠭᠠᠳ ᠨᠢᠬᠡ ᠬᠢᠵᠠᠯᠠᠩ ᠪᠤᠬ᠎ᠠ ᠨᠢ ᠠᠮᠠᠰᠠᠷ ᠶᠡᠭᠡ ᠲᠠᠢ ᠬᠤᠳᠳᠤᠭ ᠳᠤ ᠬᠠᠯᠳᠤᠷᠢᠨ ᠤᠨᠠᠵᠠᠢ᠃  ᠬᠤᠳᠠ  ᠤᠰᠤ ᠪᠠᠷ ᠢᠶᠠᠨ  ᠶᠡᠭᠡ ᠲᠡᠪᠵᠢᠶᠡᠨ ᠪᠤᠯᠵᠤ᠂  ᠭᠠᠷᠭᠠᠵᠤ ᠠᠪᠬᠤ ᠠᠷᠭ᠎ᠠ ᠦᠬᠡᠢ ᠭᠠᠷ ᠨᠤᠬᠤᠯᠠᠨ ᠰᠠᠨᠳᠤᠷᠴᠤ ᠪᠠᠶᠢᠬᠤ ᠳᠤ ᠡᠷᠳᠡᠨᠢᠳᠠᠯᠠᠢ ᠬᠠᠷᠭᠤᠵᠤ᠂  ᠪᠦᠬᠦᠶᠢᠵᠦ ᠪᠠᠶᠢᠭᠠᠳ ᠪᠤᠬᠠᠨ ᠤ ᠬᠤᠶᠠᠷ ᠡᠪᠡᠷ ᠢ ᠨᠢ  ᠤᠯᠵᠤ ᠠᠳᠬᠤᠮᠠᠭᠴᠠ ᠪᠠᠨ ᠬᠡᠳᠦ ᠪᠦᠯᠢᠬᠡᠳ ᠲᠠᠳᠠᠵᠤ ᠭᠠᠷᠭᠠᠭᠰᠠᠨ ᠭᠡᠳᠡᠭ᠃  1944 —1948 ᠤᠨ ᠪᠤᠯᠳᠠᠯ᠎ᠠ ᠡᠷᠳᠡᠨᠢᠳᠠᠯᠠᠢ ᠮᠠᠯᠠᠭᠠᠢ ᠶᠢᠨ ᠰᠦᠮ᠎ᠡ ᠶᠢᠨ  ᠲᠠᠶᠢᠹᠤᠰᠧ  ᠵᠡᠬᠦᠨ ᠭᠠᠷ ᠤᠨ ᠰᠦᠯᠳᠡ ᠶᠢᠨ ᠲᠠᠬᠢᠯᠭ᠎ᠠ ᠶᠢᠨ ᠨᠠᠶᠢᠷ ᠲᠤ  ᠲᠠᠪᠤ ᠤᠳᠠᠭ᠎ᠠ᠂  ᠲᠠᠶᠢᠹᠤᠰᠧ  ᠵᠡᠬᠦᠨ ᠭᠠᠷ ᠤᠨ ᠤᠪᠤᠭᠠᠨ ᠤ ᠲᠠᠬᠢᠯᠭ᠎ᠠ ᠶᠢᠨ ᠨᠠᠶᠢᠷ ᠲᠤ  ᠲᠤᠯᠤᠭ᠎ᠠ ᠤᠳᠠᠭ᠎ᠠ ᠲᠡᠷᠢᠬᠦᠯᠡᠵᠦ᠂ ᠰᠤᠮᠤᠨ   ᠤ ᠠᠷᠠᠳ ᠤᠨ ᠶᠡᠭᠡ ᠨᠠᠶᠢᠷ ᠲᠤ ᠬᠤᠶᠠᠷ ᠤᠳᠠᠭ᠎ᠠ ᠲᠡᠷᠢᠬᠦᠯᠡᠨ ᠭᠤᠷᠪᠠ ᠤᠳᠠᠭ᠎ᠠ  ᠲᠡᠳᠡᠯᠡᠵᠦ᠂ 1940 ᠤᠨ ᠠᠴᠠ ᠬᠤᠶᠢᠰᠢ ᠲᠤᠰ ᠬᠤᠰᠢᠭᠤᠨ ᠤ ᠬᠦᠯᠦ ᠴᠠᠭᠠᠨ ᠰᠤᠮᠤᠨ ᠤ ᠪᠠᠷᠠᠭᠤᠨ ᠤᠪᠤᠭᠠᠨ  ᠤ ᠲᠠᠬᠢᠯᠭ᠎ᠠ ᠶᠢᠨ ᠨᠠᠶᠢᠷ ᠲᠤ ᠵᠠᠪᠰᠠᠷ ᠦᠬᠡᠢ ᠲᠤᠯᠤᠭ᠎ᠠ ᠤᠳᠠᠭ᠎ᠠ  ᠲᠡᠷᠢᠬᠦᠯᠡᠵᠡᠢ᠃   ᠡᠷᠳᠡᠨᠢᠳᠠᠯᠠᠢ ᠪᠤᠯ 1953 ᠤᠨ ᠳᠤ  ᠪᠤᠯᠤᠭᠰᠠᠨ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠩᠬᠠᠳᠤᠭᠠᠷ ᠤᠳᠠᠭᠠᠨ ᠤ ᠲᠠᠮᠢᠷ  ᠤᠨ ᠴᠤᠭᠯᠠᠭᠠᠨ ᠳᠤ ᠴᠠᠬᠠᠷ ᠠᠶᠢᠮᠠᠭ ᠢ ᠲᠦᠯᠦᠬᠡᠯᠡᠨ ᠤᠷᠤᠯᠴᠠᠭᠰᠠᠨ ᠮᠤᠩᠭᠤᠯ ᠪᠦᠬᠡ ᠶᠢᠨ ᠨᠢᠬᠡᠨ ᠪᠢᠯᠡ  ᠃ 1981 ᠤᠨ ᠳᠤ ᠬᠦᠨᠪᠤᠯᠠᠭ ᠰᠤᠮᠤᠨ ᠤ ᠨᠠᠢᠮᠠᠳᠤᠭᠠᠷ ᠤᠳᠠᠭᠠᠨ ᠤ ᠠᠷᠠᠳ ᠤᠨ ᠶᠡᠭᠡ ᠨᠠᠶᠢᠷ ᠲᠡᠭᠡᠷ᠎ᠡ ᠰᠤᠮᠤᠨ ᠤ ᠵᠠᠰᠠᠭ ᠤᠨ ᠤᠷᠳᠤᠨ ᠠᠴᠠ ᠡᠷᠳᠡᠨᠢᠳᠠᠯᠠᠢ ᠵᠡᠷᠭᠡ ᠲᠤᠯᠤᠭᠠᠨ  ᠠᠬᠠᠮᠠᠳ  ᠪᠦᠬᠡ   ᠪᠠᠨ ᠲᠠᠷᠬᠠᠯᠠᠭᠰᠠᠨ ᠪᠦᠬᠡᠳ  ︽ᠲᠠᠶᠢᠹᠤᠰᠧ ᠤᠨ ᠰᠢᠷᠦᠬᠦᠨ ᠬᠠᠷ᠎ᠠ  ︾ ᠴᠤᠯᠠ ᠲᠠᠢ ᠲᠠᠷᠬᠠᠨ ᠪᠦᠬᠡ ᠡᠷᠳᠡᠨᠢᠳᠠᠯᠠᠢ ᠭᠤᠸᠠᠢ ᠰᠢᠯᠤᠭᠤᠨ  ᠬᠦᠪᠡᠭᠡᠳᠦ ᠴᠠᠭᠠᠨ ᠬᠤᠰᠢᠭᠤᠨ ᠤ ᠵᠠᠯᠠᠭᠤ ᠪᠦᠬᠡ ᠪᠠᠳᠤᠨᠠᠰᠤᠨ ᠤ ᠤᠷᠠᠨ ᠪᠠᠷᠢᠯᠳᠤᠭᠠᠨ ᠢ ᠨᠢ ᠦᠵᠡᠨ ᠲᠤᠭᠤᠵᠤ᠂   ᠬᠡᠶᠢᠮᠦᠷᠢᠳᠦ ᠵᠠᠩᠬᠢᠶ᠎ᠠ ᠪᠠᠨ ᠲᠡᠬᠦᠨ ᠳᠤ ᠶᠡᠬᠦᠯᠡᠵᠦ ᠦᠭᠬᠦᠭᠰᠡᠨ ᠶᠤᠮ᠃      ᠲᠤᠬᠠᠢ ᠶᠢᠨ ᠦᠶ᠎ᠡ ᠳᠤ  ᠲᠠᠶᠢᠹᠤᠰᠧ ᠠᠴᠠ ᠪᠠᠰᠠ ᠫᠧᠷᠡᠩᠯᠠᠢ᠂ ᠡᠷᠳᠡᠨᠢ᠂ ᠲᠤᠪᠵᠠᠢ᠂ ᠭᠤᠰᠢᠩᠰᠧ᠂ ᠲᠠᠮᠷᠢᠨᠵᠠᠪ᠂ ᠯᠤᠪᠰᠠᠩᠪᠠᠯᠳᠠᠨ ᠵᠡᠷᠭᠡ ᠶᠢᠨ ᠨᠡᠷᠡᠳᠦ ᠪᠦᠬᠡ ᠴᠤᠯᠭᠤᠷᠠᠨ ᠭᠠᠷᠴᠤ᠂  ᠤᠷᠠᠨ ᠪᠠᠷᠢᠯᠳᠤᠭᠠᠨ ᠤᠷ᠎ᠠ ᠮᠡᠷᠭᠡᠵᠢᠯ ᠢᠶᠠᠷ ᠢᠶᠠᠨ ᠤᠯᠠᠨ  ᠤᠳᠠᠭᠠᠨ ᠤ ᠨᠠᠶᠢᠷ ᠨᠠᠭᠠᠳᠤᠮ ᠤᠨ ᠦᠵᠦ ᠲᠡᠷᠢᠬᠦᠨ   ᠳᠤ ᠲᠡᠪᠢᠵᠦ᠂  ᠲᠠᠶᠢᠹᠤᠰᠧ ᠨᠤᠳᠤᠭ ᠤᠨ ᠢᠶᠠᠨ ᠠᠯᠳᠠᠷ ᠨᠡᠷ᠎ᠡ ᠶᠢ ᠪᠢᠴᠢᠭᠯᠡᠵᠦ ᠶᠠᠪᠤᠭᠰᠠᠨ  ᠶᠤᠮ᠃ 1957 ᠤᠨ ᠳᠤ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠪᠠᠶᠢᠭᠤᠯᠤᠭᠳᠠᠭᠰᠠᠨ ᠠᠷᠪᠠᠨ ᠵᠢᠯ ᠤᠨ ᠤᠢ ᠶᠢᠨ ᠪᠠᠶᠠᠷ ᠢ ᠪᠡᠯᠬᠡᠯᠡᠬᠦ ᠶᠡᠭᠡ ᠨᠠᠶᠢᠷ ᠲᠤ  ᠲᠠᠶᠢᠹᠤᠰᠧ ᠤᠨ ᠨᠡᠷᠡᠳᠦ ᠪᠦᠬᠡ ᠫᠧᠷᠡᠩᠯᠠᠢ᠂ ᠡᠷᠳᠡᠨᠢ᠂ ᠲᠤᠪᠵᠠᠢ  ᠤᠷᠤᠯᠴᠠᠵᠠᠢ᠃  ᠬᠤᠷᠢᠳᠤᠭᠠᠷ ᠵᠠᠭᠤᠨ ᠤ  ᠵᠢᠷᠠᠭᠠᠳ ᠤᠨ ᠤ ᠡᠬᠢ ᠪᠠᠷ᠂  ᠲᠠᠶᠢᠹᠤᠰᠧ ᠤᠨ ᠨᠢᠬᠡᠨ ᠦᠶ᠎ᠡ ᠶᠢᠨ ᠨᠡᠷᠡᠳᠦ ᠪᠦᠬᠡ ᠡᠷᠳᠡᠨᠢᠬᠦ᠋ᠷᠡᠯ᠂ ᠪᠠᠳᠤᠲᠡᠮᠦᠷ᠂ ᠡᠷᠬᠡᠮᠪᠢᠯᠢᠭ᠂ ᠮᠦᠩᠬᠡ ᠨᠠᠷ ᠨᠠᠶᠢᠷ ᠨᠠᠭᠠᠳᠤᠮ ᠳᠤ  ᠨᠡᠷ᠎ᠡ ᠪᠠᠨ ᠲᠠᠭᠤᠳᠠᠭᠤᠯᠵᠤ ᠨᠤᠳᠤᠭ ᠤᠨ ᠢᠶᠠᠨ ᠬᠡᠶᠢᠮᠦᠷᠢ ᠶᠢ ᠡᠷᠬᠦᠵᠦ  ᠶᠠᠪᠤᠭᠰᠠᠨ ᠪᠤᠯ ᠲᠠᠯᠠ  ᠨᠠᠶᠠᠭᠠᠳ ᠤᠨ ᠤ ᠦᠶᠡᠰ ᠡᠷᠳᠡᠨᠢᠪᠠᠶᠠᠷ᠂ ᠴᠢᠩᠪᠠᠳᠤ᠂ ᠪᠠᠯᠳᠠᠩᠫᠦ᠋ᠷᠪᠦ᠂ ᠰᠡᠴᠡᠨ᠂ ᠪᠠᠶᠠᠵᠢᠬᠤ ᠵᠡᠷᠭᠡ ᠰᠢᠯᠢᠳᠡᠭ  ᠪᠦᠬᠡᠴᠢᠳ᠂  ᠰᠡᠬᠦᠯ ᠤᠨ ᠦᠶ᠎ᠡ ᠳᠤ ᠴᠤᠯᠮᠤᠨ᠂ ᠨᠠᠷᠠᠨᠮᠠᠨᠳᠤᠬᠤ᠂ ᠬᠦᠴᠦᠨᠳᠦ᠂ ᠰᠤᠳᠤᠪᠢᠯᠢᠭ᠌ ᠵᠡᠷᠭᠡ ᠰᠢᠯᠢᠳᠡᠭ  ᠵᠠᠯᠠᠭᠤᠰ  ᠨᠠᠶᠢᠷ ᠤᠨ ᠲᠠᠯᠠᠪᠠᠢ ᠳᠤ ᠨᠡᠷ᠎ᠡ ᠪᠠᠨ  ᠲᠠᠭᠤᠷᠢᠰᠬᠠᠵᠤ᠂ ᠨᠠᠷᠮᠠᠢ ᠲᠦᠮᠡᠨ   ᠤ ᠪᠠᠨ ᠰᠡᠳᠬᠢᠯ ᠢ ᠪᠠᠶᠠᠰᠬᠠᠨ᠂ ᠮᠤᠩᠭᠤᠯ ᠪᠦᠬᠡ ᠶᠢᠨ   ᠤᠳᠤᠮ ᠰᠤᠳᠤᠷ ᠢ ᠤᠯᠠᠮᠵᠢᠯᠠᠨ ᠵᠠᠯᠭᠠᠮᠵᠢᠯᠠᠵᠤ ᠶᠠᠪᠤᠭᠰᠠᠨ ᠪᠠᠶᠢᠯ᠎ᠠ  ᠃      2015 ᠤᠨ ᠤ  ᠡᠪᠦᠯ᠂ ᠲᠠᠶᠢᠹᠤᠰᠧ ᠬᠤᠰᠢᠭᠤᠨ ᠤ ᠬᠦᠨᠪᠤᠯᠠᠭ  ᠰᠤᠮᠤ ᠨᠢ ᠮᠤᠩᠭᠤᠯ ᠰᠤᠶᠤᠯ ᠢᠶᠠᠨ  ᠤᠯᠠᠮᠵᠢᠯᠠᠵᠤ ᠪᠦᠬᠡ ᠶᠢᠨ ᠦᠢᠯᠡᠰ ᠢᠶᠠᠨ  ᠬᠦᠭᠵᠢᠬᠦᠯᠬᠦ  ᠵᠤᠷᠢᠯᠳᠠ ᠪᠠᠷ᠂ ᠲᠤᠬᠠᠢ ᠶᠢᠨ ᠦᠶ᠎ᠡ ᠶᠢᠨ ᠵᠡᠬᠦᠨ ᠦᠵᠦᠮᠦᠴᠢᠨ ᠬᠤᠰᠢᠭᠤᠨ ᠤ ᠨᠠᠮ ᠤᠨ ᠬᠤᠷᠢᠶᠠᠨ ᠤ ᠱᠦᠵᠢ ᠦᠯᠵᠡᠢ ᠭᠤᠸᠠᠢ ᠶᠢᠨ ᠲᠡᠮᠵᠢᠯᠬᠡ ᠲᠤᠤᠷ᠎ᠠ᠂ ᠵᠡᠬᠦᠨ ᠦᠵᠦᠮᠦᠴᠢᠨ ᠬᠤᠰᠢᠭᠤᠨ ᠤ ᠮᠠᠨᠳᠤᠬᠤᠪᠤᠯᠠᠭ  ᠪᠠᠯᠭᠠᠰᠤ   ᠯᠤᠭ᠎ᠠ ᠨᠦᠬᠦᠷᠯᠡᠯ ᠤᠨ ᠬᠠᠷᠢᠴᠠᠭ᠎ᠠ ᠪᠠᠶᠢᠭᠤᠯᠵᠤ᠂  ᠦᠵᠦᠮᠦᠴᠢᠨ ᠪᠦᠬᠡ ᠠᠴᠠ ᠰᠤᠷᠤᠯᠴᠠᠨ᠂  ᠪᠦᠬᠡ ᠶᠢᠨ ᠰᠤᠷᠢᠭ᠎ᠠ   ᠪᠠᠨ ᠴᠢᠩᠭᠠᠳᠬᠠᠵᠤ ᠪᠢᠯᠡ᠃       ᠲᠠᠶᠢᠹᠤᠰᠧ ᠨᠤᠳᠤᠭ ᠤᠨ ᠮᠤᠩᠭᠤᠯ ᠪᠦᠬᠡ ᠶᠢᠨ ᠡᠮᠦᠰᠭᠡᠯ ᠵᠠᠰᠠᠯ᠂  ᠪᠠᠷᠢᠯᠳᠤᠬᠤ ᠶᠤᠰᠤ ᠲᠦᠷᠢᠮ ᠬᠢᠭᠡᠳ ᠮᠡᠭᠡ ᠮᠡᠷᠭᠡᠵᠢᠯ ᠨᠢ ᠴᠠᠬᠠᠷ ᠰᠢᠯᠢ ᠶᠢᠨ ᠭᠤᠤᠯ ᠤᠨ ᠪᠤᠰᠤᠳ ᠬᠤᠰᠢᠭᠤ ᠨᠤᠳᠤᠭ ᠤᠨ ᠬᠢ ᠲᠠᠢ ᠠᠳᠠᠯᠢ᠃      ᠲᠠᠶᠢᠹᠤᠰᠧ ᠪᠦᠬᠡᠴᠤᠳ ᠵᠠᠳᠠᠭᠠᠢ ᠵᠤᠳᠤᠭ ᠡᠮᠦᠰᠦᠨ᠎ᠡ᠃  ᠵᠠᠳᠠᠭᠠᠢ ᠵᠤᠳᠤᠭ ᠢ ᠪᠠᠰᠠ ᠡᠷᠪᠡᠬᠡᠢ ᠵᠤᠳᠤᠭ ᠭᠡᠳᠡᠭ᠃  ᠵᠤᠳᠤᠭ ᠢ ᠪᠤᠯᠢᠭᠠᠷᠢ ᠠᠷᠠᠰᠤ ᠪᠠᠷ ᠬᠢᠵᠦ᠂ ᠴᠢᠨᠠᠷᠯᠢᠭ ᠪᠦᠰ ᠢᠶᠠᠷ  ᠲᠤᠳᠤᠷᠯᠠᠨ᠂  ᠰᠡᠡᠴᠢᠭ᠂ ᠬᠠᠨᠴᠤᠢ ᠬᠦᠪᠡᠭᠡ ᠪᠠᠷ ᠨᠢ ᠮᠦᠩᠬᠦ ᠪᠤᠶᠤ ᠭᠠᠤᠯᠢᠨ ᠲᠤᠪᠤᠷᠤᠤ ᠶᠢ  ᠡᠩᠨᠡᠬᠦᠯᠦᠨ ᠬᠠᠳᠠᠵᠤ᠂  ᠠᠷᠤ ᠭᠤᠤᠯ ᠳᠤᠨᠢ ᠲᠤᠮᠤᠬᠠᠨ ᠭᠡᠭᠴᠢ ᠮᠦᠩᠬᠦ ᠪᠤᠶᠤ ᠭᠠᠤᠯᠢᠨ ᠲᠤᠯᠢ ᠰᠠᠭᠤᠯᠭᠠᠭᠠᠳ᠂ ᠲᠡᠭᠡᠷ᠎ᠡ ᠨᠢ ︽ᠲᠠᠶᠢᠹᠤᠰᠧ︾᠂ ︽ᠬᠦᠨᠪᠤᠯᠠᠭ︾ ᠦᠰᠦᠭ ᠪᠤᠶᠤ  ᠬᠤᠷᠯᠤ᠂ ᠦᠯᠵᠡᠢ ᠵᠠᠩᠬᠢᠶ᠎ᠠ᠂  ᠬᠡ ᠤᠭᠠᠯᠵᠠ ᠵᠡᠷᠭᠡ ᠶᠢᠨ ᠠᠯᠢ ᠨᠢᠬᠡ ᠶᠢ  ᠬᠦᠭᠡᠮᠡᠯ ᠭᠠᠷᠭᠠᠨ ᠰᠢᠢᠯᠪᠦᠷᠢᠯᠡᠵᠦ᠂  ᠵᠤᠳᠤᠭ ᠢ  ᠭᠤᠶᠤᠮᠰᠤᠭ ᠮᠦᠷᠳᠡᠭᠡᠨ ᠪᠠᠬᠢᠯᠢᠭ᠌ ᠪᠤᠯᠭᠠᠳᠠᠭ᠃      ᠪᠦᠬᠡ ᠶᠢᠨ ᠦᠮᠦᠳᠦ  ︵ᠪᠠᠩᠵᠠᠯ︶ ᠶᠢ  ᠴᠠᠭᠠᠨ ᠦᠩᠬᠡ ᠶᠢᠨ ᠪᠦᠰ ᠢᠶᠠᠷ ᠨᠤᠭᠤᠯᠤᠭ᠎ᠠ ᠬᠤᠨᠢᠶᠠᠰᠤ ᠭᠠᠷᠭᠠᠨ ᠡᠯᠪᠡᠭ ᠠᠭᠤᠵᠢᠭᠤ ᠤᠶᠤᠨ᠎ᠠ᠃ ᠲᠡᠷᠡ   ᠨᠢ ᠪᠦᠬᠡᠴᠢᠳ ᠤᠨ ᠪᠡᠶ᠎ᠡ ᠭᠠᠯᠪᠢᠷ᠂ ᠤᠮᠤᠭ ᠵᠢᠪᠬᠤᠭ᠎ᠠ ᠶᠢ ᠪᠠᠳᠠᠷᠠᠭᠤᠯᠬᠤ ᠪᠠᠷ ᠪᠠᠷᠠᠬᠤ ᠦᠬᠡᠢ᠂  ᠪᠠᠷᠢᠯᠳᠤᠬᠤ ᠳᠤ ᠡᠪᠳᠡᠢ᠂  ᠬᠦᠯᠦᠰᠦ  ᠭᠠᠷᠪᠠᠴᠤ ᠨᠠᠭᠠᠯᠳᠤᠵᠤ ᠲᠠᠳᠠᠯᠳᠤᠬᠤ ᠦᠬᠡᠢ᠂ ᠨᠠᠷᠠᠨ ᠤ ᠭᠡᠷᠡᠯ ᠢ ᠤᠶᠢᠯᠭᠠᠵᠤ ᠪᠡᠶ᠎ᠡ ᠴᠤᠭᠴᠠ ᠶᠢ ᠰᠡᠷᠢᠬᠦᠴᠡᠬᠦᠯᠬᠦ ᠦᠢᠯᠡᠳᠦᠯ ᠲᠠᠢ᠃      ᠲᠤᠤᠬᠤᠤ ᠶᠢ ᠲᠤᠤᠱᠢᠤ ᠪᠤᠶᠤ ᠡᠪᠦᠳᠦᠭᠴᠢ ᠭᠡᠵᠦ ᠪᠠᠰᠠ ᠬᠡᠯᠡᠳᠡᠭ᠃  ᠶᠡᠭᠡᠩᠬᠢ ᠳᠡᠭᠡᠨ ᠤᠯᠠᠭᠠᠨ᠂ ᠨᠤᠭᠤᠭᠠᠨ᠂ ᠴᠡᠩᠭᠡᠷ ᠵᠡᠷᠭᠡ ᠬᠤᠷᠴᠠ ᠦᠩᠬᠡ ᠶᠢᠨ ᠪᠦᠰ᠂ ᠲᠤᠷᠭ᠎ᠠ᠂ ᠬᠤᠷᠭᠤᠢ ᠪᠠᠷ ᠬᠢᠵᠦ᠂  ᠡᠯᠳᠡᠪ ᠦᠩᠬᠡ  ᠶᠢᠨ ᠲᠤᠷᠭᠠᠨ ᠤᠳᠠᠰᠤ ᠪᠠᠷ ᠰᠢᠪᠡᠵᠦ ᠤᠷᠠᠯᠠᠭᠠᠳ᠂ ᠡᠮᠦᠨ᠎ᠡ ᠨᠢ ᠪᠠᠰᠠ ᠨᠠᠭᠠᠮᠠᠯ  ᠂ ᠬᠠᠳᠬᠤᠮᠠᠯ ᠬᠡᠯᠪᠡᠷᠢ ᠪᠠᠷ ᠰᠤᠨᠢᠨ ᠰᠠᠶᠢᠬᠠᠨ ᠵᠢᠷᠤᠭ ᠲᠦᠷᠰᠦ ᠶᠢ ᠤᠷᠠᠯᠠᠨ ᠤᠶᠤᠭᠰᠠᠨ ᠪᠠᠶᠢᠳᠠᠭ᠃  ᠲᠠᠶᠢᠹᠤᠰᠧ ᠪᠦᠬᠡᠴᠤᠳ ᠨᠤᠳᠤᠭ ᠤᠨ ᠨᠡᠷ᠎ᠡ ᠪᠤᠶᠤ ᠦᠯᠵᠡᠢ ᠵᠠᠩᠬᠢᠶ᠎ᠠ᠂ ᠬᠡ ᠤᠭᠠᠯᠵᠠᠨ ᠲᠡᠪᠢᠰᠭᠡᠷ ᠲᠠᠢ ᠲᠤᠤᠬᠤᠤ ᠡᠮᠦᠰᠬᠦ ᠨᠢ ᠤᠯᠠᠨ  ᠂  ᠬᠠᠶᠠ  ᠪᠠᠰᠠ ᠲᠦᠷᠪᠡᠨ ᠬᠦᠴᠦᠳᠡᠨ᠂  ᠠᠰᠠᠵᠤ ᠪᠠᠶᠢᠭ᠎ᠠ ᠭᠠᠯ ᠮᠡᠳᠦ ᠶᠢᠨ ᠵᠢᠷᠤᠭ ᠲᠦᠷᠰᠦ ᠲᠠᠢ ᠲᠤᠤᠬᠤᠤ ᠬᠠᠷᠠᠭᠳᠠᠳᠠᠭ᠃    ᠵᠤᠳᠤᠭ ᠤᠨ ᠬᠤᠷᠮᠤᠢ ᠲᠡᠭᠡᠬᠦᠷ ᠪᠦᠰᠡᠯᠡᠳᠡᠭ ᠲᠤᠷᠭᠠᠨ ᠡᠳ᠋ᠯᠡᠯ ᠢ ᠬᠤᠷᠮᠤᠶᠢᠪᠴᠢ ᠪᠤᠶᠤ ᠯᠡᠪᠡᠷᠢ ᠭᠡᠳᠡᠭ᠃  ᠬᠦᠬᠡ ᠲᠡᠭᠷᠢ᠂ ᠠᠯᠳᠠᠨ ᠨᠠᠷᠠ᠂ ᠡᠬᠡ ᠲᠡᠯᠡᠬᠡᠢ ᠶᠢᠨ ᠦᠩᠬᠡ ᠬᠡᠮᠡᠨ ᠪᠡᠯᠭᠡᠰᠢᠶᠡᠵᠦ᠂  ᠬᠤᠷᠮᠤᠶᠢᠪᠴᠢ ᠶᠢ ᠤᠯᠠᠩᠬᠢ  ᠳᠠᠭᠠᠨ ᠬᠦᠬᠡ᠂  ᠰᠢᠷ᠎ᠠ ︵ᠪᠤᠶᠤ ᠤᠯᠠᠭᠠᠨ︶᠂ ᠨᠤᠭᠤᠭᠠᠨ ᠭᠤᠷᠪᠠᠨ ᠦᠩᠬᠡ   ᠪᠠᠷ ᠢᠯᠭᠠᠷᠠᠭᠤᠯᠵᠤ ᠬᠢᠨ᠎ᠡ᠃ ᠬᠤᠷᠮᠤᠶᠢᠪᠴᠢ ᠨᠢ ᠵᠤᠳᠤᠭ ᠤᠨ ᠬᠤᠷᠮᠤᠢ᠂ ᠦᠮᠦᠳᠦᠨ ᠤ ᠵᠠᠬ᠎ᠠ ᠶᠢ ᠴᠢᠩᠭᠠᠯᠠᠨ ᠲᠠᠷᠤᠬᠤ  ᠪᠦᠬᠡᠳ ᠪᠦᠬᠡᠴᠢᠨ ᠬᠦᠮᠦᠨ ᠳᠤ ᠦᠩᠬᠡ ᠰᠦᠷ ᠨᠡᠮᠡᠵᠦ ᠭᠤᠶᠤᠯᠠᠵᠤ ᠴᠢᠮᠡᠭᠯᠡᠬᠦ ᠦᠢᠯᠡᠳᠦᠯ ᠲᠠᠢ᠃     ᠪᠦᠬᠡ ᠪᠠᠷᠢᠯᠳᠤᠬᠤ ᠳᠤ  ᠪᠤᠯᠢᠭᠠᠷᠢ ᠭᠤᠳᠤᠯ  ᠪᠤᠶᠤ ᠰᠡᠪᠬᠢᠨ ᠭᠤᠳᠤᠯ ᠡᠮᠦᠰᠦᠨ᠎ᠡ᠃  ᠬᠡᠬᠦ ᠳᠡᠭᠡᠨ᠂ ᠪᠠᠷᠢᠯᠳᠤᠭᠠᠨ ᠲᠤᠮᠳᠠ  ᠬᠠᠯᠳᠤᠷᠢᠵᠤ ᠭᠤᠯᠭᠤᠷᠢᠬᠤ ᠪᠤᠶᠤ  ᠭᠤᠳᠤᠯ ᠤᠨ ᠤᠯᠠ᠂ ᠵᠤᠯᠤᠭ ᠲᠦᠷᠡᠢ ᠤᠷᠠᠭᠳᠠᠵᠤ ᠬᠠᠭᠵᠠᠷᠠᠬᠤ ᠠᠴᠠ  ᠰᠡᠷᠭᠡᠶᠢᠯᠡᠨ᠂  ᠡᠯᠳᠡᠵᠦ ᠵᠦᠬᠡᠯᠡᠷᠡᠬᠦᠯᠦᠭᠰᠡᠨ ᠲᠠᠪᠤ ᠵᠢᠷᠭᠤᠭᠠᠨ ᠲᠤᠬᠤᠢ ᠤᠷᠳᠤ ᠰᠤᠷ ᠢ ᠨᠠᠷᠢᠪᠳᠤᠷ ᠵᠦᠰᠦᠵᠦ᠂  ᠨᠢᠬᠡ ᠦᠵᠦᠬᠦᠷ ᠲᠤᠨᠢ ᠵᠢᠵᠢᠭᠭᠡᠨ ᠭᠠᠷᠠᠬ᠎ᠠ ᠲᠠᠭᠠᠷᠠᠭᠤᠯᠬᠤ ᠪᠤᠶᠤ ᠭᠤᠭᠴᠤᠭ᠎ᠠ ᠭᠠᠷᠭᠠᠭᠠᠳ᠂ ᠭᠤᠳᠤᠯ ᠢᠶᠠᠨ ᠨᠤᠭᠳᠤᠯᠵᠤ ᠪᠤᠭᠤᠭᠰᠠᠨ ᠪᠠᠶᠢᠳᠠᠭ᠃  ᠭᠤᠳᠤᠯ ᠶᠡᠬᠡᠳᠬᠦ᠂ ᠬᠦᠯ ᠬᠤᠯᠭᠤᠬᠤ ᠠᠴᠠ ᠰᠡᠷᠭᠡᠶᠢᠯᠡᠵᠦ  ᠂ ᠭᠤᠳᠤᠯ ᠤᠨ ᠲᠤᠳᠤᠷ᠎ᠠ ᠪᠠᠨ ᠪᠦᠰ ᠤᠶᠢᠮᠤᠰᠤ ᠡᠮᠦᠰᠳᠡᠭ᠃     ᠵᠠᠩᠬᠢᠶ᠎ᠠ ᠲᠠᠢ ᠪᠦᠬᠡ ᠪᠤᠯ ᠵᠠᠩᠬᠢᠶ᠎ᠠ ᠪᠠᠨ ᠵᠡᠬᠦᠨ᠎ᠡ᠃  ᠵᠠᠩᠬᠢᠶ᠎ᠠ ᠪᠤᠯ ᠨᠢᠬᠡ ᠪᠦᠬᠡ ᠶᠢᠨ ᠪᠠᠷᠢᠯᠳᠤᠭᠠᠨ ᠤ ᠬᠢᠷᠢ ᠬᠡᠮ ᠪᠠ ᠠᠮᠵᠢᠯᠳᠠ ᠪᠦᠳᠦᠮᠵᠢ ᠶᠢ ᠢᠯᠡᠳᠭᠡᠭᠰᠡᠨ ᠭᠡᠷᠡᠴᠢ ᠲᠡᠮᠳᠡᠭ  ᠪᠤᠯᠬᠤ ᠪᠦᠬᠡᠳ ᠪᠦᠬᠡ ᠶᠢᠨ ᠰᠦᠷ ᠵᠢᠪᠬᠤᠭ᠎ᠠ  ᠶᠢ ᠨᠡᠮᠡᠭᠳᠡᠬᠦᠯᠳᠡᠭ ᠵᠠᠰᠠᠯ ᠴᠢᠮᠡᠭ ᠪᠤᠯᠬᠤ ᠶᠤᠮ᠃ ᠶᠡᠭᠡ ᠨᠠᠶᠢᠷ ᠲᠤ ᠲᠠᠷᠬᠠᠯᠠᠭᠤᠯᠵᠤ ᠪᠠᠶᠢᠭ᠎ᠠ ᠠᠬᠠᠮᠠᠳ ᠪᠦᠬᠡ ᠪᠤᠶᠤ ᠵᠠᠯᠠᠭᠤ ᠨᠠᠰᠤᠨ ᠳᠠᠭᠠᠨ ᠤᠳᠤᠳᠠᠢ ᠶᠠᠪᠤᠭᠰᠠᠨ ᠵᠠᠩᠬᠢᠶ᠎ᠠ ᠲᠠᠢ ᠠᠬᠠᠮᠠᠳ ᠪᠦᠬᠡᠴᠤᠳ ᠨᠢ ᠦᠷ᠎ᠡ ᠠᠴᠢᠨᠠᠷ  ᠲᠠᠭᠠᠨ ᠪᠤᠶᠤ  ᠬᠤᠰᠢᠭᠤ ᠨᠤᠳᠤᠭ ᠤᠨ ᠢᠶᠠᠨ  ᠰᠠᠶᠢᠨ ᠪᠠᠷᠢᠯᠳᠤᠵᠤ ᠶᠠᠪᠤᠭ᠎ᠠ ᠵᠠᠯᠠᠭᠤ ᠬᠤᠶᠢᠴᠢ ᠪᠦᠬᠡ ᠳᠡᠭᠡᠨ ᠦᠪᠡᠷ ᠤᠨ ᠵᠠᠩᠬᠢᠶ᠎ᠠ ᠪᠠᠨ ᠶᠡᠬᠦᠯᠡᠵᠦ ᠦᠭᠳᠡᠭ ᠵᠢᠷᠤᠮ ᠲᠠᠢ᠃  ᠪᠠᠰᠠ ᠨᠠᠶᠢᠷ ᠨᠠᠭᠠᠳᠤᠮ ᠳᠤ ᠰᠠᠶᠢᠨ ᠪᠠᠷᠢᠯᠳᠤᠵᠤ᠂ ᠠᠷᠠᠳ ᠤᠯᠠᠨ᠂ ᠤᠷᠤᠨ ᠨᠤᠳᠤᠭ ᠲᠠᠭᠠᠨ  ᠨᠡᠷ᠎ᠡ ᠭᠠᠷᠤᠭᠰᠠᠨ ᠨᠤᠳᠤᠭ ᠤᠨ ᠢᠶᠠᠨ ᠰᠢᠯᠢᠳᠡᠭ ᠪᠦᠬᠡ ᠶᠢ ᠬᠤᠰᠢᠭᠤ ᠰᠤᠮᠤᠨ ᠠᠴᠠ ᠪᠠᠨ ᠵᠠᠩᠬᠢᠶᠠᠯᠠᠳᠠᠭ ᠶᠠᠪᠤᠳᠠᠯ ᠴᠤ ᠪᠤᠢ᠃ ᠵᠠᠩᠬᠢᠶ᠎ᠠ ᠶᠢᠨ ᠭᠤᠤᠯ ᠢ ᠭᠤᠷᠪᠠᠨ ᠬᠠᠳᠠᠭ ᠢᠶᠠᠷ ᠭᠤᠷᠮᠤᠰᠤᠯᠠᠨ ᠪᠢᠳᠡᠬᠦᠦ ᠲᠤᠭᠤᠷᠢᠭ ᠵᠠᠩᠬᠢᠳᠤᠨ ᠬᠢᠵᠦ᠂ ᠵᠠᠩᠬᠢᠶ᠎ᠠ ᠶᠢᠨ ᠲᠠᠯᠪᠠᠭ᠎ᠠ ᠶᠢ ᠲᠤᠭᠤᠷᠢᠭ ᠬᠦᠵᠦᠬᠦᠪᠴᠢ  ᠶᠢᠨ ᠬᠠᠭᠠᠰ ᠭᠡᠰᠡᠭ ᠢ ᠡᠵᠡᠯᠡᠬᠦᠯᠦᠨ ᠪᠦᠷᠬᠦᠬᠦᠯᠵᠦ ᠵᠠᠩᠬᠢᠳᠤᠨ᠎ᠠ᠃ ᠵᠠᠩᠬᠢᠶ᠎ᠠ   ᠶᠢ ᠴᠠᠭᠠᠨ᠂ ᠤᠯᠠᠭᠠᠨ᠂ ᠴᠡᠩᠬᠡᠷ᠂ ᠨᠤᠭᠤᠭᠠᠨ᠂ ᠰᠢᠷ᠎ᠠ  ᠬᠡᠬᠦ ᠮᠡᠳᠦ ᠦᠩᠬᠡ ᠶᠢᠨ ᠭᠭᠢᠪ  ᠲᠤᠷᠭ᠎ᠠ ᠪᠠᠷ ᠵᠠᠩᠬᠢᠳᠤᠨ᠎ᠠ᠂ ᠬᠠᠷ᠎ᠠ ᠦᠩᠬᠡ ᠤᠷᠤᠭᠤᠯᠬᠤ ᠦᠬᠡᠢ᠃     ᠲᠠᠶᠢᠹᠤᠰᠧ ᠪᠦᠬᠡᠴᠤᠳ ᠤᠨ ᠲᠡᠪᠢᠯᠬᠡ ᠪᠤᠯ ᠮᠦᠨ ᠴᠤ ᠰᠢᠯᠢ ᠶᠢᠨ ᠭᠤᠤᠯ ᠮᠠᠶ᠋ᠢᠭ ᠤᠨ ᠲᠡᠪᠢᠯᠬᠡ ᠪᠤᠯᠤᠨ᠎ᠠ᠃  ᠭᠠᠷ ᠬᠦᠯ ᠢᠶᠠᠨ ᠵᠦᠪ ᠰᠤᠯᠤᠭᠠᠢ ᠪᠠᠷ ᠡᠬᠡᠯᠵᠢᠯᠡᠨ ᠬᠠᠶᠠᠯᠠᠵᠤ᠂ ᠴᠡᠭᠡᠵᠢᠨ ᠪᠡᠶ᠎ᠡ ᠶᠢ ᠵᠢᠭᠠᠬᠠᠨ ᠲᠦᠷᠢᠰᠬᠢᠨ ᠲᠡᠪᠢᠬᠦ   ᠳᠤ ᠬᠦᠵᠦᠬᠦᠨ ᠳᠠᠬᠢ ᠵᠠᠩᠬᠢᠶ᠎ᠠ ᠨᠢ ᠠᠷᠰᠯᠠᠨ ᠤ ᠵᠤᠭᠳᠤᠷ ᠪᠤᠶᠤ ᠠᠰᠠᠵᠤ ᠪᠠᠶᠢᠭ᠎ᠠ ᠭᠠᠯ ᠠᠳᠠᠯᠢ ᠪᠠᠷ ᠬᠤᠶᠠᠷ ᠮᠦᠷᠦᠨ ᠲᠡᠭᠡᠷ᠎ᠡ ᠨᠢ ᠡᠬᠡᠯᠵᠢᠯᠡᠨ ᠪᠤᠰᠴᠣ  ᠢᠷᠡᠳᠡᠭ ᠭᠤᠶᠢᠳᠠ ᠰᠠᠶᠢᠬᠠᠨ ᠲᠡᠪᠢᠯᠬᠡ ᠶᠤᠮ᠃     ᠪᠦᠬᠡᠴᠤᠳ ᠨᠠᠶᠢᠷ ᠤᠨ ᠲᠠᠯᠠᠪᠠᠢ ᠳᠤ ᠤᠷᠤᠬᠤ  ᠦᠶᠡᠰ᠂  ᠪᠦᠬᠡ ᠤᠷᠢᠭᠴᠢ ᠨᠡᠷ ᠠᠴᠠ ︽ᠪᠦᠬᠡ ᠶᠢ ᠪᠠᠨ ᠲᠠᠯᠪᠢ︾ ᠬᠡᠮᠡᠨ ᠰᠠᠷᠠᠭᠤᠯ ᠴᠡᠭᠡᠯᠬᠡᠨ ᠬᠤᠭᠤᠯᠠᠢ ᠪᠠᠷ ᠬᠠᠩᠬᠢᠨᠠᠳᠠᠯ᠎ᠠ ᠠᠶᠠᠯᠠᠭᠤᠯᠵᠤ  ᠂ ᠭᠤᠷᠪᠠᠨᠳᠠ ᠤᠷᠢᠭᠰᠠᠨ ᠤ ᠲᠠᠷᠠᠭ᠎ᠠ  ᠂ ᠪᠦᠬᠡᠴᠤᠳ ᠵᠡᠬᠦᠨ ᠪᠠᠷᠠᠭᠤᠨ ᠬᠤᠶᠠᠷ ᠭᠠᠷ ᠠᠴᠠ ᠮᠠᠭᠰᠢᠨ ᠲᠡᠪᠢᠵᠦ ᠭᠠᠷᠳᠠᠭ᠃    ᠲᠠᠶᠢᠹᠤᠰᠧ ᠤᠨ ᠬᠢᠨ ᠪᠦᠬᠡ ᠤᠨᠤᠭᠠᠬᠤ ᠳᠤ ᠤᠯᠠᠩᠬᠢ ᠳᠠᠭᠠᠨ ᠤᠯᠠᠮᠵᠢᠯᠠᠯᠳᠤ ᠤᠨᠤᠭᠠᠯᠳᠠ ᠪᠠ ᠱᠠᠳᠤᠯᠵᠢᠨ ᠤᠨᠤᠭᠠᠯᠳᠠ ︵ ᠬᠦᠰᠦᠨᠦᠭᠴᠢᠯᠡᠨ ᠤᠨᠤᠭᠠᠬᠤ︶ ᠶᠢᠨ ᠠᠷᠭ᠎ᠠ ᠶᠢ   ᠭᠡᠷᠡᠭᠯᠡᠳᠡᠭ᠃  ᠤᠯᠠᠮᠵᠢᠯᠠᠯᠳᠤ ᠠᠷᠭ᠎ᠠ ᠪᠠᠷ ᠪᠦᠬᠡ ᠤᠨᠤᠭᠠᠬᠤ ᠳᠤ  ᠲᠦᠷᠦᠯ ᠰᠠᠳᠤᠨ᠂ ᠨᠢᠬᠡ ᠨᠤᠳᠤᠭ ᠤᠨ ᠬᠦᠮᠦᠰ ᠢ ᠬᠤᠭᠤᠷᠤᠨᠳᠤ ᠨᠢ ᠲᠠᠭᠠᠷᠠᠭᠤᠯᠬᠤ ᠠᠴᠠ ᠴᠢᠳᠠᠬᠤ ᠶᠢᠨ ᠲᠤᠳᠤᠷ᠎ᠠ ᠵᠠᠶᠢᠯᠠᠰᠬᠢᠨ᠎ᠠ᠃     ᠲᠠᠶᠢᠹᠤᠰᠧ ᠳᠤ  ᠲᠡᠷᠢᠬᠦᠨ ᠪᠦᠬᠡ ᠶᠢ ︽ᠦᠵᠦ ᠪᠦᠬᠡ︾ ᠬᠡᠵᠦ᠂ ᠲᠡᠳ᠋ ᠪᠦᠬᠡ ᠶᠢ ︽ᠵᠠᠢ ᠪᠦᠬᠡ︾ ᠭᠡᠳᠡᠭ᠃ ᠵᠠᠯᠠᠭᠤ ᠽᠠᠨᠳᠠᠨ ᠨᠠᠰᠤᠨ ᠳᠠᠭᠠᠨ ᠭᠠᠷᠮᠠᠭᠠᠢ ᠰᠠᠶᠢᠨ ᠪᠠᠷᠢᠯᠳᠤᠵᠤ ᠶᠠᠪᠤᠭᠰᠠᠨ ᠠᠬᠠᠮᠠᠳ ᠪᠦᠬᠡ ᠪᠠᠷᠢᠯᠳᠤᠬᠤ  ᠪᠠᠨ ᠵᠤᠭᠰᠤᠬᠤ ᠦᠶᠡᠰ᠂ ᠲᠡᠬᠦᠨ ᠤ ᠠᠮᠵᠢᠯᠳᠠ ᠵᠢᠳᠬᠦᠯ ᠢ ᠨᠢ ᠦᠨᠡᠯᠡᠨ ᠲᠡᠮᠳᠡᠭᠯᠡᠵᠦ᠂ ᠬᠤᠰᠢᠭᠤ ᠰᠤᠮᠤᠨ ᠤ ᠨᠠᠶᠢᠷ ᠨᠠᠭᠠᠳᠤᠮ ᠲᠡᠭᠡᠷ᠎ᠡ ︽ᠲᠠᠷᠬᠠᠨ ᠪᠦᠬᠡ︾ ᠴᠤᠯᠠ   ᠶᠢ ᠱᠠᠩᠨᠠᠨ ᠤᠯᠭᠤᠳᠠᠭ ᠶᠤᠰᠤ ᠵᠢᠷᠤᠮ ᠢᠶᠠᠷ᠂  1981 ᠤᠨ ᠳᠤ ᠬᠦᠨᠪᠤᠯᠠᠭ ᠰᠤᠮᠤᠨ ᠤ ᠨᠠᠢᠮᠠᠳᠤᠭᠠᠷ ᠤᠳᠠᠭᠠᠨ ᠤ ᠠᠷᠠᠳ ᠤᠨ ᠶᠡᠭᠡ ᠨᠠᠶᠢᠷ ᠲᠡᠭᠡᠷ᠎ᠡ ᠲᠠᠶᠢᠹᠤᠰᠧ ᠬᠤᠰᠢᠭᠤᠨ ᠤ ᠬᠦᠨᠪᠤᠯᠠᠭ ᠰᠤᠮᠤᠨ ᠤ ᠵᠠᠰᠠᠭ ᠤᠨ ᠤᠷᠳᠤᠨ ᠠᠴᠠ ᠡᠷᠳᠡᠨᠢᠳᠠᠯᠠᠢ  ᠂ ᠫᠧᠷᠡᠩᠯᠠᠢ᠂ ᠡᠷᠳᠡᠨᠢ᠂ ᠲᠤᠪᠵᠠᠢ᠂ ᠭᠤᠰᠢᠩᠰᠧ᠂ ᠲᠠᠮᠷᠢᠨᠵᠠᠪ᠂ ᠯᠤᠪᠰᠠᠩᠪᠠᠯᠳᠠᠨ ᠵᠡᠷᠭᠡ ᠲᠤᠯᠤᠭᠠᠨ  ᠠᠬᠠᠮᠠᠳ  ᠪᠦᠬᠡ   ᠪᠠᠨ ᠲᠠᠷᠬᠠᠯᠠᠭᠰᠠᠨ ᠪᠠᠶᠢᠳᠠᠭ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号