ᠡᠷ᠎ᠡ ᠶᠢᠨ ᠭᠤᠷᠪᠠᠨ ᠨᠠᠭᠠᠳᠤᠮ  —  ᠰᠤᠷ  ᠬᠠᠷᠪᠤᠬᠤ
ᠨᠡᠶᠢᠲᠡᠯᠡᠭᠰᠡᠨ ᠴᠠᠭ᠄
2020/6/8
   ᠰᠤᠷ ᠬᠠᠷᠪᠤᠬᠤ ᠶᠢ ᠪᠠᠰᠠ ᠨᠤᠮᠤ ᠰᠤᠮᠤ ᠬᠠᠷᠪᠤᠬᠤ ᠭᠡᠳᠡᠭ᠃ ᠨᠤᠮᠤ ᠶᠢᠨ ᠠᠷᠠᠯ ᠢ ᠬᠤᠯᠤᠰᠤ ᠪᠤᠶᠤ ᠲᠡᠬᠦᠨ  ᠯᠦᠭᠡ ᠲᠦᠰᠦᠭᠡᠳᠡᠢ ᠤᠶᠠᠨ ᠬᠠᠷᠢᠮᠠᠬᠠᠢ ᠴᠢᠨᠠᠷ ᠲᠠᠢ ᠪᠠᠬᠢᠯᠢᠭ᠌ ᠮᠠᠲ᠋ᠧᠷᠢᠶᠠᠯ ᠢᠶᠠᠷ ᠮᠠᠳᠠᠵᠤ ᠬᠢᠳᠡᠭ  ᠃  ᠪᠠᠰᠠ ᠠᠷᠠᠯ  ᠤᠨ ᠨᠢᠷᠤᠭᠤ ᠡᠯᠢᠬᠡ ᠪᠠᠳᠤ ᠪᠠᠬᠢᠯᠢᠭ᠌ ᠪᠠᠶᠢᠬᠤ ᠶᠢ ᠪᠤᠳᠤᠯᠬᠢᠯᠠᠵᠤ᠂ ᠬᠠᠪᠢᠰᠤ ᠪᠤᠶᠤ ᠰᠡᠶᠢᠯᠪᠦᠷᠢ ᠰᠢᠬᠢᠳᠭᠡᠭᠡ ᠬᠠᠪᠰᠤᠷᠴᠤ ᠨᠠᠭᠠᠳᠠᠭ᠃ ᠨᠤᠮᠤ ᠶᠢᠨ ᠬᠦᠪᠴᠢ ᠶᠢ ᠰᠤᠷ᠂ ᠰᠢᠷᠪᠦᠰᠦ᠂ ᠶᠤᠩᠬᠤᠷ ᠮᠡᠳᠦ ᠶᠢᠨ ᠡᠳ᠋ ᠢᠶᠠᠷ ᠨᠡᠶᠢᠳᠭᠡᠵᠦ ᠲᠠᠮᠤᠨ᠎ᠠ᠃ ᠰᠤᠮᠤ ᠨᠢ ᠵᠠᠪᠡ ᠪᠠ ᠡᠰᠢ ᠬᠤᠶᠠᠷ ᠬᠡᠰᠡᠭ ᠢᠶᠠᠷ ᠪᠦᠷᠢᠯᠳᠦᠨ᠎ᠡ᠃ ᠡᠰᠢ ᠶᠢ ᠬᠦᠩᠬᠡᠨ ᠮᠦᠷᠳᠡᠭᠡᠨ ᠰᠢᠷᠪᠦᠰᠦᠯᠢᠭ ᠠᠰᠬᠠᠨ ᠮᠤᠳᠤ ᠪᠠᠷ ᠬᠢᠵᠦ᠂ ᠵᠡᠪᠡ ᠶᠢ ᠲᠡᠮᠦᠷᠯᠢᠭ ᠢᠶᠠᠷ ᠤᠷᠠᠯᠠᠨ ᠢᠷᠯᠡᠵᠦ ᠲᠠᠭᠠᠷᠠᠭᠤᠯᠤᠨ᠎ᠠ᠃ ᠰᠤᠮᠤᠨ ᠤ ᠡᠰᠢᠨ ᠳᠤ ᠪᠠᠰᠠ ᠦᠳᠦ ᠲᠠᠭᠠᠷᠠᠭᠤᠯᠵᠤ ᠬᠢᠳᠡᠭ᠃ ᠡᠨᠡ   ᠨᠢ ᠰᠤᠮᠤᠨ ᠤ ᠴᠢᠭᠯᠡᠯ᠂ ᠤᠨᠤᠴᠠ ᠪᠠ ᠲᠡᠩᠴᠡᠬᠦᠷᠢ ᠶᠢ ᠪᠠᠳᠤᠯᠠᠬᠤ ᠦᠢᠯᠡᠳᠦᠯ ᠲᠠᠢ᠃      ᠰᠤᠷ ᠬᠠᠷᠪᠤᠬᠤ ᠬᠦᠳᠡᠯᠬᠡᠬᠡᠨ ᠨᠢ ᠭᠠᠷ ᠤᠨ ᠬᠦᠴᠦ᠂ ᠮᠦᠷᠦᠨ ᠤ ᠬᠦᠴᠦ᠂ ᠨᠢᠷᠤᠭᠤᠨ ᠤ ᠬᠦᠴᠦ᠂  ᠭᠡᠪᠡᠯᠢ ᠶᠢᠨ ᠬᠦᠴᠦ᠂ ᠬᠦᠯ ᠤᠨ ᠬᠦᠴᠦ ᠶᠢ ᠴᠢᠩᠭᠠᠷᠠᠭᠤᠯᠵᠤ᠂  ᠪᠤᠯᠴᠢᠩ ᠰᠢᠷᠪᠦᠰᠦ ᠶᠢ ᠬᠦᠭᠵᠢᠬᠦᠯᠦᠨ᠂ ᠨᠢᠳᠦᠨ ᠬᠠᠷᠠᠭ᠎ᠠ ᠶᠢ ᠰᠠᠶᠢᠵᠢᠷᠠᠭᠤᠯᠳᠠᠭ᠃ ᠰᠤᠷ ᠬᠠᠷᠪᠤᠯᠳᠠ ᠳᠤ ᠮᠤᠷᠢᠨ ᠲᠡᠭᠡᠷ᠎ᠡ ᠠᠴᠠ ᠬᠠᠷᠪᠤᠬᠤ ᠪᠠ ᠵᠤᠭᠰᠤᠭ᠎ᠠ ᠪᠠᠷ ᠬᠠᠷᠪᠤᠬᠤ ᠬᠡᠵᠦ ᠬᠤᠶᠠᠷ ᠬᠡᠯᠪᠡᠷᠢ ᠪᠠᠶᠢᠵᠠᠢ᠃ ᠬᠠᠷᠪᠤᠬᠤ ᠫᠠᠢ ᠶᠢ ᠨᠢᠮᠬᠡᠨ ᠢᠰᠡᠭᠡᠢ ᠪᠤᠶᠤ ᠪᠦᠰ ᠢᠶᠠᠷ ᠲᠦᠷᠪᠡᠯᠵᠢᠯᠡᠨ ᠡᠰᠭᠡᠵᠦ᠂ ᠭᠤᠤᠯ ᠳᠤᠨᠢ ᠭᠡᠳᠦᠨ ᠦᠩᠬᠡ ᠶᠢᠨ ᠪᠦᠰ ᠢᠶᠠᠷ ᠴᠠᠭᠠᠷᠢᠭ ᠭᠠᠷᠭᠠᠨ ᠤᠷᠠᠯᠠᠨ ᠵᠤᠬᠢᠶᠠᠵᠤ ᠂  ᠬᠤᠶᠠᠷ ᠮᠤᠳᠤᠨ ᠳᠤ  ᠲᠡᠯᠡᠵᠦ ᠬᠠᠳᠠᠨ᠎ᠠ᠃ ᠮᠤᠷᠢᠨ ᠲᠡᠭᠡᠷ᠎ᠡ ᠠᠴᠠ  ᠬᠠᠷᠪᠤᠬᠤ ᠨᠢ ᠮᠤᠷᠢ ᠲᠠᠢ ᠪᠠᠨ ᠲᠠᠪᠬᠢᠭᠤᠯᠤᠨ ᠢᠷᠡᠵᠦ  ᠨᠠᠶᠠᠨ ᠠᠯᠬᠤᠮ ᠤᠨ ᠲᠤᠭᠳᠠᠭᠰᠠᠨ ᠵᠠᠢ ᠳᠤ ᠬᠦᠷᠦᠮᠡᠭᠴᠡ᠂ ᠪᠤᠱᠢᠭᠤ ᠱᠠᠯᠠᠮᠠᠭᠠᠢ ᠪᠠᠷ ᠴᠤᠯᠪᠤᠭᠤᠷ ᠢᠶᠠᠨ ᠪᠦᠰᠡᠨ ᠳᠡᠭᠡᠨ  ᠬᠠᠪᠴᠢᠭᠤᠯᠤᠭᠠᠳ᠂ ᠬᠠᠵᠠᠭᠠᠷ ᠤᠨ ᠵᠢᠯᠤᠭᠤ ᠪᠠᠨ ᠪᠦᠬᠦᠷᠭᠡᠨ ᠳᠡᠭᠡᠨ ᠡᠯᠬᠦᠵᠦ᠂ ᠵᠡᠬᠦᠨ ᠭᠠᠷ ᠲᠠᠭᠠᠨ ᠨᠤᠮᠤ ᠪᠠᠨ ᠠᠳᠬᠤᠨ᠂ ᠪᠠᠷᠠᠭᠤᠨ ᠭᠠᠷ ᠢᠶᠠᠷ ᠢᠶᠠᠨ ᠬᠦᠪᠴᠢᠯᠡᠨ ᠲᠠᠳᠠᠵᠤ ᠬᠠᠷᠪᠤᠨ᠎ᠠ᠃ ᠵᠤᠭᠰᠤᠭ᠎ᠠ ᠪᠠᠷ ᠬᠠᠷᠪᠤᠬᠤ   ᠳᠤ ᠫᠠᠢ ᠠᠴᠠ ᠪᠠᠷᠤᠭ  ᠵᠠᠭᠤᠨ ᠠᠯᠬᠤᠮ ᠤᠨ  ᠵᠠᠶᠢᠳᠠᠢ ᠵᠤᠭᠰᠤᠵᠤ᠂  ᠡᠷᠡᠬᠡᠢ ᠬᠤᠷᠤᠭᠤᠨ ᠳᠠᠭᠠᠨ ᠡᠷᠡᠭᠡᠶᠢᠪᠴᠢ ᠬᠢᠵᠦ᠂ ᠭᠠᠷ ᠤᠨ ᠪᠤᠯᠴᠢᠩ ᠢᠶᠠᠨ ᠨᠠᠷᠢᠨ ᠪᠦᠰ ᠢᠶᠠᠷ ᠤᠷᠢᠶᠠᠨ᠂ ᠪᠦᠰᠡ ᠪᠠᠨ ᠰᠠᠶᠢᠳᠤᠷ ᠴᠢᠩᠭᠠᠯᠠᠵᠤ ᠪᠠᠶᠢᠭᠠᠳ ᠬᠠᠷᠪᠤᠳᠠᠭ᠃ ᠬᠠᠷᠪᠤᠬᠤ ᠲᠤᠮᠳᠠ ᠠᠳᠠᠯᠢ ᠱᠤᠭᠤᠮ ᠠᠴᠠ ᠨᠢᠬᠡ ᠴᠠᠭᠠᠷᠢᠭ ᠲᠤ ᠤᠨᠤᠭᠰᠠᠨ ᠰᠤᠷᠴᠢᠳ ᠢ ᠲᠠᠬᠢᠨ ᠬᠠᠷᠪᠤᠭᠤᠯᠵᠤ ᠰᠢᠯᠭᠠᠷᠠᠭᠤᠯᠤᠨ᠎ᠠ᠃ ᠤᠨᠤᠭᠰᠠᠨ ᠬᠤᠪᠢ ᠶᠢᠨ ᠶᠡᠭᠡ ᠪᠠᠭ᠎ᠠ ᠪᠠᠷ ᠰᠢᠯᠭᠠᠷᠠᠭᠤᠯᠵᠤ  ᠂ ᠡᠷᠡᠭᠡᠢ ᠮᠡᠷᠭᠡᠨ ᠬᠠᠷᠪᠤᠭᠠᠴᠢ ᠪᠠᠨ ᠱᠠᠩᠨᠠᠨ᠎ᠠ᠃      ᠰᠡᠬᠦᠯ ᠤᠨ ᠦᠶ᠎ᠡ ᠳᠤ᠂ ᠨᠤᠮᠤ ᠰᠤᠮᠤ ᠬᠤᠪᠤᠷᠳᠠᠭᠰᠠᠨ ᠠᠴᠠ ᠫᠤᠤ ᠪᠠᠷ  ᠫᠠᠢ ᠬᠠᠷᠪᠤᠵᠤ ᠮᠡᠷᠭᠡᠨ ᠬᠠᠷᠪᠤᠭᠠᠴᠢ ᠶᠢ ᠰᠢᠯᠭᠠᠷᠠᠭᠤᠯᠬᠤ ᠪᠤᠯᠵᠠᠢ᠃ ᠲᠠᠶᠢᠹᠤᠰᠧ ᠳᠤ ᠭᠠᠩᠸᠠᠴᠢᠷ᠂ ᠬᠦᠩᠭ᠎ᠠ᠂ ᠢᠰᠢᠪᠠᠯᠳᠠᠨ᠂ ᠲᠠᠰᠢᠷᠢᠨᠴᠢᠨ᠂ ᠰᠢᠷ᠎ᠠ ᠸᠠᠩᠵᠢᠯ ᠵᠡᠷᠭᠡ ᠰᠠᠶᠢᠨ ᠬᠠᠷᠪᠤᠭᠠᠴᠢ ᠨᠠᠷ ᠪᠠᠶᠢᠪᠠ᠃ ᠲᠡᠳᠡ ᠪᠤᠯ ᠡᠳᠦᠷ   ᠨᠢ ᠲᠦᠴᠢᠨ ᠠᠯᠬᠤᠮ ᠤᠨ ᠵᠠᠢ ᠳᠤ ᠦᠨᠳᠡᠭᠡ ᠲᠠᠯᠪᠢᠵᠤ ᠠᠯᠳᠠᠯ ᠦᠬᠡᠢ ᠬᠠᠷᠪᠤᠨ᠂ ᠰᠦᠨᠢ ᠪᠤᠯ ᠭᠤᠴᠢᠨ ᠠᠯᠬᠤᠮ ᠤᠨ ᠵᠠᠢ ᠳᠤ ᠬᠦᠵᠢ ᠨᠤᠴᠤᠭᠠᠭᠠᠳ ᠠᠯᠳᠠᠯ ᠦᠬᠡᠢ ᠬᠠᠷᠪᠤᠳᠠᠭ ᠮᠡᠷᠭᠡᠨ ᠫᠤᠤᠴᠢᠳ ᠪᠠᠶᠢᠭᠰᠠᠨ ᠪᠤᠯᠬᠤᠷ ᠲᠠᠶᠢᠹᠤᠰᠧ ᠴᠡᠷᠢᠭ ᠤᠨ ᠨᠡᠷ᠎ᠡ ᠰᠦᠷ  ᠬᠤᠯᠠ ᠤᠶᠢᠷ᠎ᠠ ᠳᠤ ᠮᠠᠨᠳᠤᠵᠤ᠂  ᠲᠡᠭᠡᠷᠡᠮ ᠬᠤᠯᠠᠭᠠᠢ ᠬᠠᠯᠳᠠᠵᠤ ᠴᠢᠳᠠᠬᠤ ᠦᠬᠡᠢ ᠪᠠᠶᠢᠯ᠎ᠠ  ᠭᠡᠳᠡᠭ᠃        ᠤᠶᠢᠷ᠎ᠠ ᠶᠢᠨ ᠵᠢᠯ ᠠᠴᠠ᠂ ᠲᠠᠶᠢᠹᠤᠰᠧ ᠬᠤᠰᠢᠭᠤᠨ ᠤ ᠮᠤᠩᠭᠤᠯ ᠦᠨᠳᠦᠰᠦᠳᠡᠨ ᠤ ᠰᠤᠷᠭᠠᠭᠤᠯᠢ ᠨᠢ ᠰᠤᠷ ᠬᠠᠷᠪᠤᠯᠳᠠ ᠶᠢ ᠲᠤᠷ᠎ᠠ ᠰᠤᠨᠢᠷᠬᠠᠯ ᠤᠨ ᠬᠢᠴᠢᠶᠡᠯ   ᠤᠨ ᠨᠢᠬᠡ ᠪᠤᠯᠭᠠᠵᠤ᠂  ᠭᠠᠷᠠᠭ ᠲᠤ ᠨᠢᠬᠡ ᠤᠳᠠᠭ᠎ᠠ ᠰᠤᠷ ᠬᠠᠷᠪᠤᠯᠳᠠ ᠶᠢᠨ ᠬᠢᠴᠢᠶᠡᠯ  ᠤᠷᠤᠬᠤ ᠶᠢ ᠪᠠᠷᠢᠮᠳᠠᠯᠠᠨ᠂ ᠮᠤᠩᠭᠤᠯ  ᠬᠡᠦᠭᠡᠳ ᠤᠳ ᠲᠡᠭᠡᠨ ᠤᠯᠠᠮᠵᠢᠯᠠᠯᠳᠤ ᠰᠤᠷ ᠬᠠᠷᠪᠤᠯᠳᠠ ᠶᠢᠨ ᠠᠷᠭ᠎ᠠ ᠮᠡᠷᠭᠡᠵᠢᠯ ᠢ ᠵᠢᠭᠠᠨ ᠤᠯᠠᠮᠵᠢᠯᠠᠵᠤ᠂  ᠦᠨᠳᠦᠰᠦᠳᠡᠨ ᠤ ᠦᠪ ᠰᠤᠶᠤᠯ ᠢᠶᠠᠨ ᠡᠷᠬᠢᠮᠨᠡᠨ ᠬᠠᠶᠢᠷᠠᠯᠠᠬᠤ ᠤᠬᠠᠮᠰᠠᠷ ᠰᠡᠳᠬᠢᠯᠬᠡ ᠶᠢ ᠨᠡᠮᠡᠭᠳᠡᠬᠦᠯᠵᠦ ᠪᠠᠶᠢᠭ᠎ᠠ ᠶᠤᠮ᠃ ᠨᠤᠮᠤ ᠰᠤᠮᠤ ᠭᠡᠳᠡᠭ ᠶᠠᠭᠤᠮ᠎ᠠ ᠶᠢ ᠠᠳᠬᠤᠵᠤ ᠦᠵᠡᠬᠡᠳᠦᠢ ᠪᠠᠶᠢᠭᠰᠠᠨ ᠮᠤᠩᠭᠤᠯ ᠬᠡᠦᠬᠡᠳ ᠤᠳ ᠤᠳᠤ ᠨᠢᠬᠡᠨᠳᠡ ᠰᠤᠷ ᠬᠠᠷᠪᠤᠯᠳᠠ ᠶᠢᠨ ᠦᠨᠳᠦᠰᠦᠨ ᠮᠡᠷᠭᠡᠵᠢᠯ ᠢ ᠪᠦᠷᠢᠮᠦᠰᠦᠨ ᠡᠵᠡᠮᠰᠢᠭᠡᠳ᠂ ᠵᠠᠷᠢᠮ ᠨᠢ ᠪᠠᠰᠠ ᠤᠷᠤᠯᠳᠤᠭᠠᠨ ᠲᠡᠮᠡᠴᠡᠭᠡᠨ ᠳᠤ ᠤᠷᠤᠯᠴᠠᠬᠤ ᠬᠢᠷᠢ ᠲᠦᠪᠰᠢᠨ ᠳᠤ ᠬᠦᠷᠦᠭᠰᠡᠨ ᠪᠠᠶᠢᠨ᠎ᠠ  ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号