ᠬᠤᠯᠪᠤᠭ᠎ᠠ —  ᠬᠦᠯ ᠨᠢᠴᠦᠬᠦᠨ ᠡᠮᠴᠢ ᠪᠠᠨ ᠮᠠᠭᠳᠠᠶ᠎ᠠ
ᠨᠡᠶᠢᠲᠡᠯᠡᠭᠰᠡᠨ ᠴᠠᠭ᠄
2020/3/27
       ᠬᠦᠯ ᠨᠢᠴᠦᠬᠦᠨ ᠡᠮᠴᠢ ᠪᠠᠨ ᠮᠠᠭᠳᠠᠶ᠎ᠠ                                   ᠷᠠᠰᠢᠨᠤᠷᠫᠢᠯ ᠵᠤᠬᠢᠶᠠᠵᠤ ᠬᠡᠯᠡᠪᠡ                           ᠬᠦᠷᠡᠩ ᠽᠠᠨᠳᠠᠨ ᠬᠤᠭᠤᠷ ᠤᠨ ᠢᠶᠠᠨ       ᠬᠦᠭ ᠢ ᠨᠢ ᠲᠠᠭᠠᠷᠠᠭᠤᠯᠵᠤ ᠲᠠᠳᠠᠶ᠎ᠠ       ᠬᠦᠳᠡᠭᠡ ᠨᠤᠳᠤᠭ ᠲᠠᠭᠠᠨ ᠠᠯᠳᠠᠷᠰᠢᠭᠰᠠᠨ       ᠬᠦᠯ ᠨᠢᠴᠦᠬᠦᠨ ᠡᠮᠴᠢ ᠪᠠᠨ ᠮᠠᠭᠳᠠᠶ᠎ᠠ᠃           ᠠᠭᠤᠤ ᠲᠡᠷᠢᠬᠦᠯᠡᠭᠴᠢ ᠶᠢᠨ ᠰᠤᠷᠭᠠᠯ ᠢᠶᠠᠷ           ᠠᠶᠤᠤᠯᠢᠬᠠᠢ ᠴᠡᠭᠡᠵᠢ ᠪᠠᠨ ᠵᠡᠪᠰᠡᠭᠯᠡᠵᠡᠢ           ᠠᠴᠢᠳᠤ ᠨᠠᠮ ᠤᠨ ᠵᠢᠭᠠᠪᠤᠷᠢ ᠪᠠᠷ           ᠠᠵᠢᠯ ᠦᠢᠯᠡᠰ ᠢᠶᠠᠨ ᠵᠢᠯᠤᠭᠤᠳᠤᠭᠤᠯᠵᠠᠢ᠃       ᠪᠧᠲ᠋ᠢᠶᠦ᠋ᠨ ᠡᠮᠴᠢ ᠠᠴᠠ ᠰᠤᠷᠤᠯᠴᠠᠭᠠᠳ       ᠪᠠᠭᠠᠳᠤᠷ ᠵᠤᠷᠢᠭ ᠢᠶᠠᠨ ᠬᠦᠪᠴᠢᠯᠡᠵᠡᠢ       ᠪᠡᠷᠭᠡᠰᠢᠶᠡᠯ ᠲᠦᠪᠡᠭ ᠢ ᠢᠯᠠᠭᠠᠳ       ᠪᠠᠭ᠋ᠠᠷᠤᠮ᠎ᠠ ᠦᠢᠯᠡᠰ ᠢ ᠪᠦᠳᠦᠭᠡᠵᠡᠢ           ᠬᠦᠳᠡᠭᠡ ᠰᠠᠭᠤᠷᠢᠰᠢᠯ ᠤᠳᠤᠷ ᠢᠶᠠᠷ           ᠬᠦᠨᠵᠡᠭᠡᠶᠢᠷᠡᠵᠦ ᠶᠠᠪᠤᠳᠠᠭ ᠡᠮᠴᠢ ᠶᠤᠮ           ᠬᠤᠯᠠ  ᠤᠶᠢᠷ᠎ᠠ ᠭᠡᠵᠦ ᠢᠯᠭᠠᠯ ᠦᠬᠡᠢ           ᠬᠦᠷᠴᠦ ᠦᠢᠯᠡᠴᠢᠯᠡᠳᠡᠭ ᠡᠮᠴᠢ ᠶᠤᠮ       ᠡᠯᠢᠬᠡ ᠵᠢᠷᠦᠬᠡᠨ ᠤ ᠬᠠᠶᠢᠷ᠎ᠠ   ᠪᠠᠨ       ᠠᠷᠠᠳ ᠲᠠᠭᠠᠨ ᠶᠡᠬᠦᠯᠡᠭᠰᠡᠨ ᠡᠮᠴᠢ ᠶᠤᠮ       ᠡᠷᠡᠬᠦᠯ ᠬᠠᠮᠠᠭᠠᠯᠠᠯ ᠤᠨ ᠠᠵᠢᠯ ᠲᠡᠭᠡᠷ᠎ᠡ       ᠠᠯᠢᠪᠠ ᠪᠠᠨ ᠵᠤᠷᠢᠭᠤᠯᠤᠭᠰᠠᠨ ᠡᠮᠴᠢ ᠶᠤᠮ᠃           ᠦᠪᠡᠷ ᠤᠨ ᠬᠦᠴᠦ ᠪᠠᠷ ᠢᠶᠠᠨ ᠲᠡᠭᠵᠢᠷᠡᠵᠦ           ᠡᠪᠡᠰᠦᠨ ᠡᠮ ᠲᠡᠬᠦᠳᠡᠭ  ᠶᠤᠮ           ᠡᠪᠡᠳᠴᠢᠨ ᠵᠠᠰᠠᠵᠤ ᠦᠭᠴᠢᠭᠡᠭᠡᠳ           ᠦᠨ᠎ᠡ ᠬᠠᠩᠰᠢ ᠪᠤᠳᠤᠳᠠᠭ ᠦᠬᠡᠢ ᠶᠤᠮ᠃       ᠦᠢᠯᠡᠳᠪᠦᠷᠢᠯᠡᠯ ᠬᠦᠳᠡᠯᠮᠦᠷᠢ ᠶᠢᠨ ᠹᠠᠷᠤᠨᠲ ᠳᠤ       ᠦᠵᠦᠬᠦᠷᠯᠡᠵᠦ ᠮᠠᠩᠯᠠᠶᠢᠯᠠᠵᠤ ᠶᠠᠪᠤᠳᠠᠭ ᠶᠤᠮ       ᠡᠪᠡᠳᠴᠢᠨ ᠪᠦᠬᠦᠨ ᠢ  ᠡᠳᠡᠭᠡᠷᠡᠬᠦᠯᠦᠭᠡᠳ       ᠡᠷᠳᠡᠮ ᠴᠢᠳᠠᠯ ᠢᠶᠠᠷ ᠢᠶᠠᠨ ᠠᠯᠳᠠᠷᠰᠢᠭᠰᠠᠨ ᠶᠤᠮ᠃           ᠰᠤᠶᠤᠯ ᠤᠨ ᠬᠤᠷ᠎ᠠ ᠪᠠᠷ ᠤᠮᠳᠠᠯᠠᠭᠰᠠᠨ           ᠰᠤᠳᠤᠨ ᠰᠠᠶᠢᠨ ᠤᠳᠠᠴᠢ  ᠶᠤᠮ           ᠰᠢᠨ᠎ᠡ ᠴᠠᠭ ᠡᠷᠡᠨ ᠤ ᠪᠠᠨ           ᠰᠢᠯᠢᠳᠡᠭ ᠨᠢᠬᠡᠨ ᠴᠢᠳᠠᠪᠤᠷᠢᠳᠠᠨ ᠶᠤᠮ᠃       ᠬᠦᠯ ᠨᠢᠴᠦᠬᠦᠨ ᠡᠮᠴᠢ ᠪᠠᠨ       ᠬᠦᠳᠡᠭᠡ ᠶᠢᠨ ᠮᠠᠯᠴᠢᠳ ᠨᠢ ᠬᠠᠶᠢᠷᠠᠯᠠᠨ᠎ᠠ       ᠬᠦᠭᠯᠡᠭᠰᠡᠨ ᠬᠤᠭᠤᠷ ᠢᠶᠠᠨ ᠲᠠᠳᠠᠭᠠᠳ       ᠬᠦᠩᠬᠢᠨᠡᠳᠡᠯ᠎ᠡ ᠮᠠᠭᠳᠠᠨ ᠲᠠᠭᠤᠯᠠᠶ᠎ᠠ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号