ᠬᠤᠯᠪᠤᠭ᠎ᠠ ᠪᠤᠯ ᠮᠤᠩᠭᠤᠯ ᠦᠨᠳᠦᠰᠦᠳᠡᠨ ᠤ ︽ᠳᠠᠭᠤᠯᠠᠵᠤ ᠬᠡᠯᠡᠬᠦ︾ ᠤᠷᠠᠯᠢᠭ ᠤᠨ ᠨᠢᠭᠡ ᠲᠥᠷᠥᠯ | ᠪᠤᠯᠤᠨ᠎ᠠ᠃ ᠬᠤᠯᠪᠣᠭ᠎ᠠ ᠨᠢ ᠢᠷᠦᠬᠡᠯ ᠮᠠᠭᠳᠠᠭᠠᠯ᠂ ᠪᠠᠭᠠᠳᠤᠷ ᠤᠨ ᠲᠤᠤᠯᠢ᠂ ᠬᠤᠭᠤᠷ ᠤᠨ ᠦᠯᠢᠭᠡᠷ ᠵᠡᠷᠭᠡ | ᠮᠤᠩᠭᠤᠯ ᠰᠤᠶᠤᠯ ᠤᠨ ᠬᠦᠷᠦᠰᠦ ᠰᠢᠷᠤᠢ ᠳᠤ ᠦᠨᠳᠦᠰᠦ ᠬᠠᠳᠬᠤᠵᠤ᠂ ᠬᠤᠭᠤᠷᠴᠢ ᠶᠢᠨ ᠠᠮᠠ ᠪᠠᠷ ᠲᠠᠮᠵᠢᠨ | ᠦᠪᠦᠷ ᠮᠤᠩᠭᠤᠯ ᠤᠨ ᠵᠡᠬᠦᠨ ᠤᠷᠤᠨ ᠳᠤ ᠡᠬᠦᠰᠦᠨ ᠲᠡᠯᠭᠡᠷᠡᠭᠰᠡᠨ ᠪᠦᠬᠡᠳ ᠮᠣᠩᠭᠤᠯ ᠦᠭᠡ ᠬᠡᠯᠡ ᠪᠠᠷ ᠠᠮᠢᠯᠠᠨ᠂ | ᠨᠡᠶᠢᠳᠡ ᠮᠣᠩᠭᠤᠯ ᠤᠨ ᠲᠤᠮᠳᠠ ᠲᠠᠷᠬᠠᠨ ᠲᠡᠯᠭᠡᠷᠡᠭᠰᠡᠨ ᠪᠠᠶᠢᠳᠠᠭ᠃ | ᠬᠤᠯᠪᠤᠭ᠎ᠠ ᠶᠢᠨ ᠠᠶᠠᠯᠭᠤ ᠨᠢ ᠤᠯᠠᠨ ᠶᠠᠩᠵᠤ ᠶᠢᠨ ᠪᠠᠶᠢᠳᠠᠭ ᠪᠦᠬᠡᠳ ᠠᠶᠢᠵᠠᠮ ᠴᠤᠬᠢᠯᠭ᠎ᠠ ᠨᠢ | ᠴᠤᠪᠤᠭᠤᠯᠢᠭ᠂ ᠦᠬᠡ ᠦᠬᠦᠯᠡᠪᠦᠷᠢ ᠨᠢ ᠪᠤᠷᠤᠭᠵᠢᠭᠤᠨ᠂ ᠬᠡᠯᠡ ᠬᠡᠯᠡᠯᠬᠡ ᠨᠢ ᠲᠦᠷᠰᠦᠯᠢᠭ ᠮᠦᠷᠳᠡᠭᠡᠨ | ᠠᠮᠢᠳᠤᠯᠢᠭ᠂ ᠲᠤᠭᠯᠠᠯᠳᠠ ᠨᠢ ᠱᠤᠭ ᠶᠦᠮᠦᠷᠯᠢᠭ᠂ ᠰᠡᠳᠦᠪ ᠨᠢ ᠦᠷᠭᠡᠨ ᠲᠡᠯᠭᠡᠷ ᠪᠠᠶᠢᠵᠤ ᠂ ᠡᠷᠳᠡᠮᠳᠡᠳ | ᠡᠬᠡᠯᠴᠤᠳ ᠪᠦᠷ ᠰᠤᠨᠢᠷᠬᠠᠵᠤ ᠴᠢᠳᠠᠬᠤ ᠮᠤᠩᠭᠤᠯ ᠦᠨᠳᠦᠰᠦᠳᠡᠨ ᠤ ᠲᠠᠭᠤᠷᠢᠯᠢᠭ ᠤᠨ ᠲᠤᠳᠤᠷᠠᠬᠢ ᠬᠠᠮᠤᠭ ᠠᠴᠠ | ᠤᠯᠠᠨ ᠲᠦᠮᠡᠨᠴᠢ ᠴᠢᠨᠠᠷᠳᠠᠢ ᠠᠷᠠᠳ ᠤᠨ ᠤᠷᠠᠯᠢᠭ ᠪᠤᠯᠤᠨ᠎ᠠ᠃ ᠬᠤᠯᠪᠤᠭ᠎ᠠ ᠶᠢᠨ ᠮᠦᠷ ᠪᠠᠳᠠᠭ ᠨᠢ ᠤᠬᠤᠷ | ᠠᠪᠰᠠᠷᠬᠠᠨ ᠪᠤᠯᠬᠤᠷ ᠠᠷᠠᠳ ᠲᠦᠮᠡᠨ ᠤ ᠲᠤᠮᠳᠠ ᠠᠮᠠᠷᠬᠠᠨ ᠤᠯᠠᠮᠵᠢᠯᠠᠭᠳᠠᠵᠤ ᠴᠢᠳᠠᠳᠠᠭ᠃ | ᠲᠠᠶᠢᠹᠤᠰᠧ ᠬᠤᠰᠢᠭᠤᠨ ᠤ ᠬᠦᠨᠪᠤᠯᠠᠭ ᠰᠤᠮᠤᠨ ᠤ ᠰᠤᠶᠤᠯ ᠤᠨ ᠦᠷᠳᠡᠭᠡᠨ ᠤ ᠺᠠᠳᠠᠷ ᠪᠠᠶᠢᠭᠰᠠᠨ | ᠷᠠᠰᠢᠨᠤᠷᠫᠢᠯ ︵1940 — 1996︶ ᠭᠤᠸᠠᠢ ᠪᠤᠯ ᠠᠮᠠᠨ ᠬᠤᠯᠪᠤᠭ᠎ᠠ ᠪᠠ ᠵᠤᠬᠢᠶᠠᠮᠠᠯ ᠬᠤᠯᠪᠤᠭ᠎ᠠ ᠶᠢ ᠪᠦᠷ | ᠰᠠᠶᠢᠨ ᠬᠡᠯᠡᠳᠡᠭ ᠠᠷᠠᠳ ᠤᠨ ᠤᠷᠠᠯᠢᠭᠴᠢᠨ ᠤ ᠨᠢᠬᠡ ᠪᠤᠯᠤᠨ᠎ᠠ᠃ ᠲᠡᠷᠡᠪᠡᠷ ᠬᠠᠷᠠᠬᠠᠨ ᠪᠠᠭ᠎ᠠ ᠠᠴᠠ ᠪᠠᠨ ᠬᠤᠭᠤᠷ | ᠬᠦᠭᠵᠢᠮ ᠳᠤ ᠪᠠᠬ᠎ᠠ ᠲᠠᠢ᠂ ᠬᠤᠯᠪᠤᠭ᠎ᠠ ᠰᠢᠯᠦᠭ ᠲᠤ ᠠᠪᠢᠶᠠᠰ ᠲᠠᠢ ᠪᠠᠶᠢᠵᠤ᠂ ᠨᠠᠶᠢᠷ ᠨᠠᠭᠠᠳᠤᠮ ᠳᠤ ᠢᠷᠦᠬᠡᠯ | ᠮᠠᠭᠳᠠᠭᠠᠯ ᠬᠡᠯᠡᠬᠦ᠂ ᠨᠡᠶᠢᠳᠡ ᠤᠯᠠᠨ ᠳᠤ ᠬᠤᠯᠪᠤᠭ᠎ᠠ ᠰᠢᠯᠦᠭ ᠤᠶᠠᠩᠭᠠᠯᠠᠬᠤ ᠠᠪᠢᠶᠠᠰ ᠴᠢᠳᠠᠪᠤᠷᠢ ᠪᠠᠷ ᠢᠶᠠᠨ | ᠠᠷᠠᠳ ᠤᠯᠠᠨ ᠳᠠᠭᠠᠨ ᠲᠠᠨᠢᠭᠳᠠᠵᠤ᠂ ᠬᠦᠮᠦᠰ ᠤᠨ ᠪᠠᠭ᠋ᠠᠷᠤᠯ ᠢ ᠲᠠᠳᠠᠭᠰᠠᠭᠠᠷ ᠢᠷᠡᠵᠡᠢ᠃ ᠰᠤᠷᠤᠭᠴᠢ ᠦᠶ᠎ᠡ ᠠᠴᠠ | ᠪᠠᠨ ᠡᠬᠢᠯᠡᠭᠡᠳ ᠠᠯᠳᠠᠷᠳᠤ ᠬᠤᠭᠤᠷᠴᠢ ᠮᠤᠤᠦ᠋ᠬᠢᠨ ᠢ ᠲᠠᠭᠤᠷᠢᠶᠠᠨ ︽ᠲᠡᠮᠦᠷ ᠪᠤᠬ᠎ᠠ︾᠂ ︽ᠬᠦᠬᠡ ᠲᠤᠷᠭᠠᠨ | ᠲᠡᠷᠯᠢᠭ︾ ᠵᠡᠷᠭᠡ ᠬᠤᠯᠪᠤᠭ᠎ᠠ ᠰᠢᠯᠦᠭ ᠤᠳ ᠢ ᠬᠡᠯᠡᠭᠰᠡᠭᠡᠷ ᠪᠠᠶᠢᠭᠠᠳ ᠬᠦᠨᠪᠤᠯᠠᠭ ᠨᠤᠳᠤᠭ ᠤᠨ ᠨᠡᠷᠡᠳᠦ ᠬᠤᠭᠤᠷᠴᠢ | ᠪᠠ ᠬᠤᠯᠪᠤᠭᠠᠴᠢ ᠪᠤᠯᠤᠭᠰᠠᠨ ᠪᠠᠶᠢᠨ᠎ᠠ᠃ | 1963 ᠤᠨ ᠳᠤ ᠰᠢᠯᠢ ᠶᠢᠨ ᠭᠤᠯ ᠠᠶᠢᠮᠠᠭ ᠤᠨ ᠠᠩᠬᠠᠳᠠᠭᠴᠢ ᠮᠠᠯᠵᠢᠬᠤ ᠤᠷᠤᠨ ᠤ ᠰᠤᠶᠤᠯ ᠤᠨ | ᠦᠷᠳᠡᠭᠡ — ᠬᠦᠨᠪᠤᠯᠠᠭ ᠰᠤᠶᠤᠯ ᠤᠨ ᠦᠷᠳᠡᠭᠡ ᠪᠠᠶᠢᠭᠤᠯᠤᠭᠳᠠᠨ᠂ ᠲᠠᠷᠠᠭ᠎ᠠ ᠵᠢᠯ ᠠᠴᠠ ᠨᠢ ᠰᠤᠶᠤᠯ ᠤᠨ | ᠦᠷᠳᠡᠭᠡᠨ ᠳᠡᠭᠡᠨ ᠠᠵᠢᠯ ᠤᠨ ᠴᠢᠯᠦᠬᠡᠨ ᠤ ᠲᠤᠭᠯᠠᠭᠴᠢ ᠡᠯᠰᠡᠵᠦ᠂ ᠲᠠᠭᠤᠤ ᠪᠦᠵᠢᠭ᠂ ᠬᠤᠭᠤᠷ ᠴᠤᠭᠤᠷ᠂ ᠱᠤᠭ | ᠶᠠᠷᠢᠶᠠᠨ ᠤ ᠲᠤᠭᠯᠠᠯᠳᠠ ᠪᠡᠯᠡᠳᠭᠡᠨ᠂ ᠵᠢᠯ ᠴᠠᠭᠠᠨ ᠰᠠᠷ᠎ᠠ᠂ ᠠᠷᠠᠳ ᠤᠨ ᠨᠠᠶᠢᠷ ᠨᠠᠭᠠᠳᠤᠮ ᠢᠶᠠᠷ ᠮᠠᠯᠴᠢᠨ ᠲᠦᠮᠡᠨ | ᠳᠡᠭᠡᠨ ᠰᠤᠨᠢᠷᠬᠠᠭᠤᠯᠳᠠᠭ ᠪᠠᠶᠢᠭᠰᠠᠨ ᠢᠶᠠᠨ 1971 ᠤᠨ ᠤ ᠡᠪᠦᠯ ᠪᠤᠯᠬᠤ ᠳᠤ ᠬᠤᠷᠢ ᠰᠢᠬᠠᠮ ᠬᠦᠮᠦᠨ ᠢᠶᠠᠷ | ᠪᠦᠷᠢᠯᠳᠦᠭᠰᠡᠨ ᠠᠵᠢᠯ ᠤᠨ ᠴᠢᠯᠦᠬᠡᠨ ᠤ ᠤᠯᠠᠭᠠᠨᠮᠦ᠋ᠴᠢᠷ ᠢ ᠪᠠᠶᠢᠭᠤᠯᠤᠭᠰᠠᠨ ᠪᠠᠶᠢᠪᠠ᠃ ᠠᠵᠢᠯ ᠤᠨ ᠴᠢᠯᠦᠬᠡᠨ ᠤ | ᠤᠯᠠᠭᠠᠨᠮᠦ᠋ᠴᠢᠷ ᠨᠢ ᠠᠩᠬ᠎ᠠ ᠪᠠᠶᠢᠭᠤᠯᠤᠭᠳᠠᠬᠤ ᠦᠶᠡᠰ ᠬᠤᠭᠤᠷ ᠬᠦᠭᠵᠢᠮ ᠭᠡᠵᠦ ᠪᠠᠶᠢᠬᠤ ᠦᠬᠡᠢ᠂ ᠵᠦᠪᠬᠡᠨ | ᠮᠤᠩᠭᠤᠯ ᠲᠤᠮᠳᠠᠳᠤ ᠰᠤᠷᠭᠠᠭᠤᠯᠢ ᠶᠢᠨ ᠲᠠᠭᠤᠤ ᠬᠦᠭᠵᠢᠮ ᠤᠨ ᠬᠢᠴᠢᠶᠡᠯ ᠤᠷᠤᠬᠤ ᠳᠤ ᠭᠡᠷᠡᠭᠯᠡᠳᠡᠭ ᠪᠠᠶᠠᠨ ᠬᠤᠭᠤᠷ | ᠪᠤᠯᠤᠨ ᠱᠠᠩᠵᠠ᠂ ᠶᠠᠩᠴᠢᠨ ᠢ ᠵᠢᠬᠡᠯᠡᠨ ᠲᠠᠭᠤᠤ ᠪᠦᠵᠢᠭ ᠲᠡᠭᠡᠨ ᠬᠦᠭᠵᠢᠮ ᠬᠠᠪᠰᠤᠷᠭᠠᠳᠠᠭ ᠪᠠᠶᠢᠵᠤ᠂ | ᠷᠠᠰᠢᠨᠤᠷᠫᠢᠯ ᠂ ᠲᠤᠷᠵᠢᠵᠠᠪ ᠵᠡᠷᠭᠡ ᠲᠤᠭᠯᠠᠭᠴᠢ ᠲᠦᠷᠪᠡᠨ ᠤᠳᠠᠰᠤᠳᠤ ᠬᠤᠭᠤᠷ ᠢᠶᠠᠨ ᠲᠠᠳᠠᠵᠤ ᠬᠤᠯᠪᠤᠭ᠎ᠠ | ᠬᠡᠯᠡᠳᠡᠭ ᠪᠦᠬᠡᠳ ᠬᠦᠳᠡᠭᠡ ᠪᠠᠭᠤᠵᠤ ᠲᠤᠭᠯᠠᠯᠳᠠ ᠭᠠᠷᠭᠠᠬᠤ ᠳᠠᠭᠠᠨ ᠵᠠᠷᠢᠮ ᠲᠤᠷ᠎ᠠ ᠪᠠᠭ᠋ᠠᠳᠠᠢ ᠮᠠᠯᠴᠢᠨ ᠵᠠᠯᠠᠭᠤᠴᠤᠳ | ᠲᠤ ᠬᠤᠭᠤᠷ ᠬᠤᠯᠪᠤᠭ᠎ᠠ ᠪᠠᠨ ᠵᠢᠭᠠᠵᠤ ᠤᠯᠠᠮᠵᠢᠯᠠᠳᠠᠭ ᠪᠠᠶᠢᠵᠠᠢ᠃ | ᠷᠠᠰᠢᠨᠤᠷᠫᠢᠯ ᠤᠨ ᠵᠤᠬᠢᠶᠠᠵᠤ ᠬᠡᠯᠡᠭᠰᠡᠨ ︽ᠤᠩᠭᠤᠴᠠᠢ ᠶᠢᠨ ᠲᠤᠮᠤᠭ︾ ︽ᠡᠷᠳᠡᠨᠢ ᠶᠢᠨ ᠤᠯᠠᠭᠠᠨ ᠪᠢᠴᠢᠭ | ︾᠂ ︽ᠬᠠᠶᠢᠷ᠎ᠠ ᠶᠢ ᠲᠠᠳᠠᠭᠰᠠᠨ ᠪᠠᠭᠤᠴᠠ︾᠂ ︽ᠬᠦᠯ ᠨᠢᠴᠦᠬᠦᠨ ᠡᠮᠴᠢ ᠪᠠᠨ ᠮᠠᠭᠳᠠᠶ᠎ᠠ ︾᠂ ︽ᠠᠯᠳᠠᠨ ᠪᠤᠳᠢ | ︾᠂ ︽ᠡᠷᠬᠢᠴᠡᠬᠦᠯᠦᠯ︾ ᠵᠡᠷᠭᠡ ᠠᠯᠢ ᠤᠯᠠᠨ ᠬᠤᠯᠪᠤᠭ᠎ᠠ ᠰᠢᠯᠦᠭ ᠤᠳ ᠨᠢ ᠮᠤᠩᠭᠤᠯ ᠰᠤᠨᠢᠨ ᠰᠡᠳᠬᠦᠯ ᠳᠤ | ᠨᠡᠶᠢᠳᠡᠯᠡᠭᠳᠡᠵᠦ ᠦᠩᠭᠡᠷᠡᠭᠰᠡᠨ ᠪᠦᠬᠡᠳ ᠤᠷᠤᠨ ᠠᠶᠢᠮᠠᠭ ᠤᠨ ᠤᠷᠠᠨ ᠰᠠᠶᠢᠬᠠᠨ ᠤ ᠴᠤᠭᠯᠠᠭᠠᠨ ᠳᠤ ᠰᠢᠯᠢᠳᠡᠭ | ᠲᠤᠭᠯᠠᠯᠳᠠ᠂ ᠰᠤᠳᠤᠨ ᠲᠤᠭᠯᠠᠭᠴᠢ ᠶᠢᠨ ᠱᠠᠩᠨᠠᠯ ᠬᠦᠬᠢᠬᠦᠯᠦᠯ ᠢ ᠤᠯᠠᠨ ᠤᠳᠠᠭ᠎ᠠ ᠲᠤᠰᠤᠭᠰᠠᠨ ᠪᠠᠶᠢᠳᠠᠭ᠃ | ᠷᠠᠰᠢᠨᠤᠷᠫᠢᠯ ᠤᠨ ᠬᠤᠭᠤᠷ ᠤᠨ ᠬᠤᠯᠪᠤᠭ᠎ᠠ ᠶᠢᠨ ᠶᠡᠷᠦᠩᠬᠡᠢ ᠤᠨᠴᠠᠯᠢᠭ ᠬᠡᠮᠡᠪᠡᠰᠦ᠂ ᠰᠠᠶᠢᠨ ᠰᠠᠶᠢᠬᠠᠨ ᠴᠠᠭ ᠲᠦᠷᠦ | ᠪᠠᠨ ᠮᠠᠭᠳᠠᠨ ᠲᠠᠭᠤᠯᠠᠬᠤ ᠪᠠᠷ ᠭᠤᠤᠯᠯᠠᠵᠤ᠂ ᠪᠠᠶᠠᠰᠤᠩᠭᠤᠢ ᠦᠵᠡᠯ ᠪᠢᠯᠬᠠᠭᠰᠠᠨ ᠪᠠᠶᠢᠳᠠᠭ᠃ ᠲᠤᠬᠠᠶᠢᠯᠠᠪᠠᠯ᠂ ᠨᠠᠮ | ᠲᠦᠷᠦ ᠨᠡᠶᠢᠬᠡᠮ ᠵᠢᠷᠤᠮ ᠢᠶᠠᠨ ᠮᠠᠭᠳᠠᠬᠤ᠂ ᠪᠦᠳᠦᠭᠡᠨ ᠪᠠᠶᠢᠭᠤᠯᠤᠯᠳᠠ᠂ ᠪᠦᠯᠬᠦᠮᠳᠡᠯ ᠲᠠᠪᠰᠢᠯᠳᠠ᠂ ᠪᠦᠳᠦᠮᠵᠢ | ᠠᠮᠵᠢᠯᠳᠠ ᠪᠠᠨ ᠮᠠᠭᠳᠠᠬᠤ᠂ ᠵᠢᠱᠢᠶᠡᠴᠢ ᠰᠠᠶᠢᠴᠤᠤᠯ ᠪᠠ ᠭᠠᠪᠢᠶᠠᠳᠤ ᠪᠠᠭᠠᠳᠤᠷᠴᠤᠳ ᠢᠶᠠᠨ ᠮᠠᠭᠳᠠᠬᠤ᠂ ᠡᠬᠡ | ᠤᠷᠤᠨ ᠤ ᠪᠠᠨ ᠦᠩᠬᠡ ᠦᠵᠡᠮᠵᠢ ᠬᠢᠭᠡᠳ ᠬᠦᠭᠵᠢᠯᠳᠠ ᠬᠤᠪᠢᠷᠠᠯᠳᠠ ᠶᠢ ᠮᠠᠭᠳᠠᠬᠤ᠂ ᠦᠰᠦᠭ ᠪᠢᠴᠢᠭ ᠬᠡᠯᠡ | ᠰᠤᠶᠤᠯ ᠪᠠ ᠰᠢᠨᠵᠢᠯᠡᠬᠦ ᠤᠠᠬᠠᠭᠠᠨ ᠲᠧᠭᠨᠢᠭ ᠮᠡᠷᠭᠡᠵᠢᠯ ᠤᠨ ᠠᠴᠢ ᠲᠤᠰᠠ ᠶᠢ ᠮᠠᠭᠳᠠᠬᠤ ᠵᠡᠷᠭᠡ ᠤᠯᠠᠨ ᠲᠠᠯ᠎ᠠ ᠶᠢᠨ | ᠰᠡᠳᠦᠪ ᠠᠭᠤᠯᠭ᠎ᠠ ᠲᠠᠢ ᠬᠤᠯᠪᠤᠭ᠎ᠠ ᠨᠤᠭᠤᠳ ᠢ ᠵᠤᠬᠢᠶᠠᠵᠤ ᠬᠡᠯᠡᠳᠡᠭ ᠪᠠᠶᠢᠵᠠᠢ᠃ | ᠰᠡᠬᠦᠯ ᠤᠨ ᠦᠶ᠎ᠡ ᠳᠤ᠂ ᠲᠠᠶᠢᠹᠤᠰᠧ ᠨᠤᠳᠤᠭ ᠲᠤ ᠲᠦᠷᠪᠡᠨ ᠤᠳᠠᠰᠤᠳᠤ ᠬᠤᠭᠤᠷ ᠲᠠᠳᠠᠬᠤ᠂ ᠢᠯᠠᠩᠭᠤᠶ᠎ᠠ | ᠬᠤᠭᠤᠷ ᠲᠠᠳᠠᠵᠤ ᠬᠤᠯᠪᠤᠭ᠎ᠠ ᠬᠡᠯᠡᠬᠦ ᠬᠦᠮᠦᠨ ᠲᠤᠩ ᠴᠦᠬᠡᠷᠡᠵᠦ᠂ ᠵᠦᠪᠬᠡᠨ ᠤᠯᠠᠭᠠᠨᠮᠦ᠋ᠴᠢᠷ ᠤᠨ ᠲᠤᠭᠯᠠᠯᠳᠠ | ᠲᠤᠮᠳᠠ ᠯᠠ ᠬᠠᠶᠠ ᠨᠢᠬᠡ ᠬᠠᠮᠳᠤ ᠶᠢᠨ ᠬᠤᠯᠪᠤᠭ᠎ᠠ ᠤᠯᠵᠤ ᠰᠤᠨᠤᠰᠬᠤ ᠪᠤᠯᠵᠠᠢ᠃ | 2010 ᠤᠨ ᠳᠤ ᠲᠠᠶᠢᠹᠤᠰᠧ ᠬᠤᠰᠢᠭᠤ ᠬᠤᠯᠪᠤᠭ᠎ᠠ ᠶᠢ ᠠᠶᠢᠮᠠᠭ ᠤᠨ ᠲᠡᠰ ᠤᠨ ᠪᠤᠳᠠᠰ ᠤᠨ ᠪᠤᠰᠤ | ᠰᠤᠶᠤᠯ ᠤᠨ ᠦᠪ ᠢᠶᠠᠷ ᠪᠦᠷᠢᠳᠭᠡᠬᠦᠯᠪᠡ᠃ | ᠤᠯᠠᠮᠵᠢᠯᠠᠭᠴᠢ ᠶᠢᠨ ᠲᠤᠪᠴᠢ ᠲᠠᠨᠢᠯᠴᠠᠭᠤᠯᠭ᠎ᠠ᠄ ᠲᠤᠷᠵᠢᠵᠠᠪ ︵1943 — 2019︶ ᠂ ᠡᠷᠡᠭᠳᠡᠢ᠂ | ᠮᠤᠩᠭᠤᠯ ᠦᠨᠳᠦᠰᠦᠳᠡᠨ᠂ ᠲᠠᠶᠢᠹᠤᠰᠧ ᠬᠤᠰᠢᠭᠤᠨ ᠤ ᠬᠦᠨᠪᠤᠯᠠᠭ ᠰᠤᠮᠤ ᠶᠢᠨ ᠬᠦᠮᠦᠨ᠃ ᠰᠢᠯᠢ ᠶᠢᠨ ᠭᠤᠤᠯ | ᠠᠶᠢᠮᠠᠭ ᠤᠨ ᠪᠠᠭᠰᠢ ᠶᠢᠨ ᠰᠤᠷᠭᠠᠭᠤᠯᠢ ᠠᠴᠠ ᠲᠡᠬᠦᠰᠴᠦ᠂ ᠤᠷᠢᠳ ᠬᠤᠵᠢᠳ ᠰᠤᠷᠭᠠᠭᠤᠯᠢ᠂ ᠤᠯᠠᠭᠠᠨᠮᠦ᠋ᠴᠢᠷ | ᠵᠢᠴᠢ ᠰᠤᠮᠤᠨ ᠤ ᠵᠠᠰᠠᠭ ᠤᠨ ᠤᠷᠳᠤᠨ ᠳᠤ ᠠᠵᠢᠯᠯᠠᠵᠤ ᠪᠠᠶᠢᠭᠰᠠᠨ ᠢᠶᠠᠨ 1996 ᠤᠨ ᠳᠤ ᠠᠵᠢᠯ ᠤᠨ | ᠠᠮᠠᠷᠠᠯᠳᠠ ᠠᠪᠴᠠᠢ᠃ ᠵᠠᠯᠠᠭᠤ ᠽᠠᠨᠳᠠᠨ ᠨᠠᠰᠤᠨ ᠳᠠᠭᠠᠨ ᠠᠵᠢᠯ ᠤᠨ ᠴᠢᠯᠦᠬᠡᠨ ᠤ ᠤᠯᠠᠭᠠᠨᠮᠦ᠋ᠴᠢᠷ ᠲᠤ | ᠲᠤᠭᠯᠠᠭᠴᠢ ᠪᠠᠶᠢᠬᠤ ᠳᠠᠭᠠᠨ ︽ᠴᠠᠬᠠᠷ ᠤᠷᠠᠨ ᠰᠠᠶᠢᠬᠠᠨ ᠤ ᠪᠦᠯᠬᠦᠮ︾ ᠤᠨ ᠬᠤᠭᠤᠷᠴᠢ ᠴᠡᠷᠢᠩᠳᠤᠩᠷᠤᠪ ᠭᠤᠸᠠᠢ | ᠠᠴᠠ ᠬᠤᠭᠤᠷ ᠲᠠᠳᠠᠵᠤ ᠬᠤᠯᠪᠤᠭ᠎ᠠ ᠭᠡᠯᠡᠬᠦ ᠶᠢ ᠰᠤᠷᠤᠭᠠᠳ᠂ ᠰᠤᠷᠴᠤ ᠡᠵᠡᠮᠰᠢᠭᠰᠡᠨ ᠢᠶᠠᠨ ᠦᠪᠡᠷ ᠤᠨ ᠬᠡᠦᠭᠡᠳ | ᠲᠡᠬᠦᠦᠨᠡᠷ ᠬᠢᠭᠡᠳ ᠨᠤᠳᠤᠭ ᠤᠨ ᠵᠠᠯᠠᠭᠤᠴᠤᠳ ᠪᠠᠭᠠᠴᠤᠳ ᠲᠠᠭᠠᠨ ᠤᠯᠠᠮᠵᠢᠯᠠᠨ᠂ ᠬᠤᠯᠪᠤᠭ᠎ᠠ ᠭᠡᠮᠡᠬᠦ ᠮᠤᠩᠭᠤᠯ | ᠦᠨᠳᠦᠰᠦᠳᠡᠨ ᠤ ᠡᠨᠡᠬᠦ ᠤᠯᠠᠮᠵᠢᠯᠠᠯᠳᠤ ᠤᠷᠠᠯᠢᠭ ᠢ ᠵᠠᠯᠭᠠᠮᠵᠢᠯᠠᠨ ᠬᠠᠮᠠᠭᠠᠯᠠᠬᠤ ᠲᠠᠯᠠᠪᠠᠷ ᠵᠢᠳᠬᠦᠨ ᠴᠢᠷᠮᠠᠶᠢᠵᠤ | ᠶᠠᠪᠤᠵᠠᠢ᠃ 2014 ᠤᠨ ᠳᠤ ᠬᠤᠯᠪᠤᠭ᠎ᠠ ᠤᠷᠠᠯᠢᠭ ᠤᠨ ᠠᠶᠢᠮᠠᠭ ᠤᠨ ᠲᠡᠰ ᠤᠨ ᠦᠪᠯᠡᠨ ᠤᠯᠠᠮᠵᠢᠯᠠᠭᠴᠢ | ᠪᠤᠯᠤᠭᠰᠠᠨ ᠪᠠᠶᠢᠨ᠎ᠠ᠃ |