ᠤᠯᠠᠮᠵᠢᠯᠠᠯᠳᠤ ᠤᠷ᠎ᠠ ᠮᠡᠷᠭᠡᠵᠢᠯ — ᠲᠡᠭᠡᠰᠦ ᠲᠠᠮᠤᠬᠤ
ᠨᠡᠶᠢᠲᠡᠯᠡᠭᠰᠡᠨ ᠴᠠᠭ᠄
2020/3/26
    ᠲᠠᠶᠢᠹᠤᠰᠧᠴᠤᠳ ᠡᠷᠳᠡᠨ ᠠᠴᠠ ᠠᠪᠤᠭᠠᠳ ᠲᠠᠪᠤᠨ ᠬᠤᠰᠢᠭᠤ ᠮᠠᠯ ᠤᠨ   ᠢᠶᠠᠨ ᠦᠰᠦ ᠨᠤᠤᠰᠤ᠂ ᠬᠢᠯᠭᠠᠰᠤ ᠵᠤᠭᠳᠤᠷ ᠢᠶᠠᠷ ᠲᠡᠭᠡᠰᠦ ᠲᠠᠮᠤᠵᠤ ᠭᠡᠷᠡᠭᠯᠡᠳᠡᠭ᠃ ᠠᠳᠤᠭᠤᠨ ᠤ ᠬᠢ ᠶᠢ ᠲᠡᠯ ᠬᠢᠯᠭᠠᠰᠤ᠂ ᠲᠡᠮᠡᠭᠡᠨ ᠤ ᠬᠢ ᠶᠢ ᠵᠤᠭᠳᠤᠷ ᠪᠤᠶᠤ ᠨᠤᠤᠰᠤ᠂  ᠬᠤᠨᠢᠨ ᠤ ᠬᠢ ᠶᠢ ᠤᠩᠭᠠᠰᠤ ᠨᠤᠤᠰᠤ᠂  ᠢᠮᠠᠭᠠᠨ ᠤ ᠬᠢ ᠶᠢ ᠨᠤᠤᠰᠤ ᠨᠤᠤᠯᠤᠷ ᠪᠤᠶᠤ ᠰᠤᠷ ᠭᠡᠬᠦ ᠮᠡᠳᠦ ᠪᠠᠷ ᠨᠡᠷᠡᠯᠡᠳᠡᠭ᠃ ᠡᠳᠡᠭᠡᠷ ᠢᠶᠠᠷ ᠲᠡᠭᠡᠰᠦ ᠲᠠᠮᠤᠵᠤ᠂ ᠮᠤᠩᠭᠤᠯ ᠭᠡᠷ ᠤᠨ ᠪᠦᠰᠡᠯᠡᠬᠦᠷ ᠠᠴᠠ ᠡᠬᠢᠯᠡᠨ᠂ ᠲᠡᠷᠭᠡ ᠤᠨᠤᠭᠠᠨ ᠤ ᠲᠠᠳᠠᠯᠭ᠎ᠠ ᠲᠠᠷᠤᠭᠤᠯᠭ᠎ᠠ᠂ ᠲᠡᠮᠡᠬᠡᠨ ᠤ ᠪᠤᠷᠠᠨᠳᠠᠭ᠂  ᠮᠤᠷᠢᠨ ᠤ ᠤᠯᠤᠩ᠂ ᠲᠤᠭᠤᠯ  ᠤᠨ ᠬᠦᠵᠦᠬᠦᠪᠴᠢ ᠵᠡᠷᠭᠡ ᠡᠳᠦᠷ ᠲᠤᠳᠤᠮ ᠤᠨ ᠦᠢᠯᠡᠳᠪᠦᠷᠢᠯᠡᠯ ᠠᠮᠢᠳᠤᠷᠠᠯ ᠳᠠᠭᠠᠨ ᠲᠤᠳᠠᠭᠳᠠᠵᠤ ᠪᠤᠯᠤᠰᠢ ᠦᠬᠡᠢ ᠡᠳ᠋ᠯᠡᠯ ᠭᠡᠷᠡᠭᠰᠡᠯ ᠢ ᠬᠢᠳᠡᠭ ᠶᠤᠮ᠃       ᠲᠡᠭᠡᠰᠦ ᠲᠠᠮᠤᠬᠤ ᠳᠤ ᠤᠷᠢᠳᠠᠪᠠᠷ ᠲᠡᠯ ᠬᠢᠯᠭᠠᠰᠤ ᠪᠠᠨ ᠰᠡᠮᠡᠴᠢᠨ ᠤᠷᠠᠵᠤ᠂  ᠵᠤᠯᠠᠵᠤ ᠪᠦᠬᠡᠷᠡᠩᠬᠡᠶᠢᠯᠡᠨ ᠤᠷᠢᠶᠠᠵᠤ ᠠᠪᠤᠨ᠎ᠠ᠃ ᠡᠨᠡ  ᠬᠦ᠋ ᠤᠷᠠᠵᠤ ᠬᠤᠶᠢᠯᠠᠭᠰᠠᠨ ᠲᠡᠯ ᠬᠢᠯᠭᠠᠰᠤ ᠪᠠᠨ ᠲᠠᠬᠢᠨ ᠰᠡᠮᠡᠴᠢᠨ ᠰᠤᠪᠤᠷᠠᠭᠤᠯᠵᠤ᠂ ᠬᠤᠷᠤᠭᠤᠨ ᠳᠠᠭᠠᠨ ᠤᠷᠢᠶᠠᠨ ᠨᠤᠷᠭᠠᠵᠤ ᠪᠦᠭᠡᠷᠡᠩᠬᠡᠶᠢᠯᠡᠭᠡᠳ ︽ᠤᠩᠭᠠᠰᠤᠨ ᠲᠦᠬᠦᠳᠡᠭ︾ ᠪᠤᠯᠭᠠᠨ᠎ᠠ᠃ ᠤᠩᠭᠠᠰᠤᠨ ᠲᠦᠬᠦᠳᠡᠭ ᠢᠶᠠᠨ ᠪᠤᠭᠤᠨᠢ ᠰᠤᠪᠤᠷᠠᠭᠤᠯᠤᠨ ᠡᠷᠴᠢᠯᠡᠵᠦ᠂ ᠲᠤᠮᠳᠠᠭᠤᠷ ᠨᠢ ᠨᠤᠭᠤᠯᠤᠨ ᠪᠦᠭᠳᠦᠷᠯᠡᠵᠦ ᠭᠡᠳᠦ ᠡᠷᠴᠢᠯᠡᠬᠡᠳ᠂ ᠲᠠᠬᠢᠨ ᠠᠮᠠᠨ ᠳᠠᠭᠠᠨ ᠵᠠᠭᠤᠵᠤ ᠪᠠᠶᠢᠭᠠᠳ ᠬᠤᠶᠠᠷ ᠭᠠᠷ ᠤᠨ ᠠᠯᠠᠭᠠᠨ ᠲᠡᠭᠡᠷ᠎ᠡ ᠪᠠᠨ ᠡᠷᠴᠢᠯᠡᠨ ᠪᠦᠮᠪᠦᠷᠢᠬᠦᠯᠵᠦ ᠲᠠᠮᠤᠳᠠᠭ᠃ ᠲᠤᠬᠤᠢ ᠢᠯᠡᠬᠦᠦ ᠲᠠᠮᠤᠭᠰᠠᠨ ᠤ ᠲᠠᠷᠠᠭ᠎ᠠ᠂  ᠮᠤᠩᠭᠤᠯ ᠤᠨ ᠭᠡᠷ ᠤᠨ ᠬᠠᠨ᠎ᠠ᠂ ᠰᠢᠷᠡᠭᠡ ᠰᠠᠨᠳᠠᠯᠢ ᠶᠢᠨ ᠬᠦᠯ ᠵᠡᠷᠭᠡ ᠶᠠᠭᠤᠮᠠᠨ ᠠᠴᠠ ᠦᠵᠦᠬᠦᠷ ᠢ ᠨᠢ ᠤᠶᠠᠵᠤ ᠪᠠᠶᠢᠭᠠᠳ᠂ ᠦᠨᠦᠬᠢ ᠲᠦᠬᠦᠳᠡᠭ  ᠢᠶᠠᠨ ᠵᠠᠳᠠᠯᠤᠨ ᠰᠤᠪᠤᠷᠠᠭᠤᠯᠤᠨ  ᠵᠠᠯᠭᠠᠭᠠᠳ ᠲᠠᠮᠤᠨ᠎ᠠ᠃ ᠲᠡᠭᠡᠰᠦ ᠲᠠᠮᠤᠬᠤ ᠳᠤ ᠬᠠᠵᠠᠭᠤ ᠳᠠᠭᠠᠨ ᠰᠠᠪᠠ ᠲᠠᠢ ᠤᠰᠤ ᠲᠠᠯᠪᠢᠭᠠᠳ᠂ ᠭᠠᠷ ᠤᠨ ᠠᠯᠠᠭ᠎ᠠ ᠪᠠᠨ  ᠨᠤᠷᠭᠠᠵᠤ ᠪᠠᠶᠢᠭᠠᠳ ᠠᠯᠠᠭᠠᠳᠠᠪᠠᠯ ᠲᠡᠭᠡᠰᠦᠨ ᠤ ᠡᠷᠴᠢ ᠨᠢ ᠴᠢᠩᠭ᠎ᠠ ᠪᠤᠯᠳᠠᠭ᠃  ᠪᠦᠰᠡᠯᠡᠬᠦᠷ᠂ ᠲᠠᠳᠠᠯᠭ᠎ᠠ  ᠵᠡᠷᠭᠡ ᠶᠢ ᠪᠦᠬᠡ ᠪᠤᠯᠭᠠᠬᠤ ᠶᠢᠨ ᠲᠦᠯᠦᠬᠡ ᠲᠠᠮᠤᠭᠰᠠᠨ ᠲᠡᠭᠡᠰᠦ ᠪᠠᠨ ᠲᠠᠬᠢᠵᠤ ᠨᠤᠭᠤᠯᠤᠨ ᠪᠦᠭᠳᠦᠷᠯᠡᠵᠦ ᠡᠷᠴᠢᠮ ᠲᠠᠢ ᠲᠠᠮᠤᠨ᠎ᠠ᠃ ᠡᠬᠦᠨ ᠢ ︽ᠲᠡᠭᠡᠰᠦ ᠨᠡᠶᠢᠳᠭᠡᠬᠦ  ︾ ᠭᠡᠳᠡᠭ᠃  ᠲᠡᠭᠡᠰᠦ ᠶᠢ ᠤᠯᠠᠨ ᠶᠠᠩᠵᠤ ᠪᠠᠷ ᠲᠠᠮᠤᠵᠤ ᠪᠤᠯᠤᠨ᠎ᠠ᠃ ᠠᠳᠤᠭᠤᠨ ᠤ ᠲᠡᠯ ᠰᠡᠬᠦᠯ ᠤᠨ ᠬᠢᠯᠭᠠᠰᠤ ᠪᠠᠷ ᠲᠠᠮᠤᠭᠰᠠᠨ ᠲᠡᠭᠡᠰᠦ ᠬᠠᠮᠤᠭ ᠤᠨ ᠪᠦᠬᠡ ᠪᠠᠶᠢᠵᠤ᠂ ᠲᠠᠳᠠᠯᠭ᠎ᠠ ᠲᠠᠷᠤᠭᠤᠯᠭ᠎ᠠ᠂  ᠡᠷᠦᠬᠡᠨ ᠤ ᠤᠭᠤᠰᠤᠷ᠂  ᠴᠢᠬᠳᠠᠭ᠎ᠠ᠂ ᠵᠡᠯ᠎ᠡ᠂ ᠲᠦᠷᠦ ᠬᠠᠮᠠᠭᠴᠢ  ᠵᠡᠷᠭᠡ ᠶᠢ ᠬᠢᠵᠦ ᠭᠡᠷᠡᠭᠯᠡᠨ᠎ᠡ᠃ ᠮᠦᠨ ᠬᠢᠯᠭᠠᠰᠤᠨ ᠲᠡᠭᠡᠰᠦ ᠶᠢ ᠵᠦᠪ ᠰᠤᠯᠤᠭᠠᠢ ᠡᠷᠴᠢ ᠲᠠᠭᠠᠷᠠᠭᠤᠯᠤᠨ ᠬᠠᠪᠳᠠᠭᠠᠶᠢᠯᠠᠨ ᠤᠶᠤᠵᠤ᠂ ᠭᠡᠷ ᠤᠨ ᠪᠦᠰᠡᠯᠡᠬᠦᠷ ᠲᠠᠷᠤᠭᠤᠯᠭ᠎ᠠ᠂ ᠤᠯᠤᠩ  ᠂ ᠠᠳᠠᠪᠴᠢ ᠨᠡᠮᠨᠡᠭᠡ  ᠶᠢᠨ ᠤᠭᠤᠰᠤᠷ ᠬᠢᠵᠦ ᠭᠡᠷᠡᠭᠯᠡᠳᠡᠭ᠃   ᠲᠡᠮᠡᠬᠡᠨ ᠤ ᠵᠤᠭᠳᠤᠷ ᠪᠤᠶᠤ ᠢᠮᠠᠭᠠᠨ ᠤ ᠰᠤᠷ ᠢ ᠬᠤᠨᠢᠨ ᠨᠤᠤᠰᠤ ᠲᠠᠢ ᠬᠤᠯᠢᠵᠤ ᠲᠠᠮᠤᠭᠰᠠᠨ ᠴᠤ ᠪᠤᠯᠤᠨ᠎ᠠ᠃ ᠲᠡᠮᠡᠭᠡᠨ ᠤ ᠵᠤᠭᠳᠤᠷ ᠲᠠᠢ ᠬᠤᠯᠢᠵᠤ ᠲᠠᠮᠤᠭᠰᠠᠨ ᠲᠡᠭᠡᠰᠦ ᠪᠤᠯ ᠮᠠᠰᠢ ᠵᠦᠬᠡᠯᠡᠨ ᠪᠠᠶᠢᠳᠠᠭ ᠲᠤᠯᠠ ᠤᠨᠠᠭᠠᠨ ᠤ ᠨᠤᠭᠳᠤ᠂ ᠲᠤᠭᠤᠯ ᠤᠨ ᠬᠦᠵᠦᠬᠦᠪᠴᠢ ᠬᠢᠬᠦ ᠳᠤ ᠲᠤᠬᠢᠷᠠᠮᠵᠢᠳᠠᠢ᠃  ᠬᠤᠨᠢ ᠲᠡᠮᠡᠬᠡᠨ ᠤ ᠨᠤᠤᠰᠤ ᠵᠤᠭᠳᠤᠷ ᠢ ᠮᠤᠷᠢᠨ ᠤ ᠲᠡᠯ ᠰᠡᠬᠦᠯ ᠤᠨ ᠬᠢᠯᠭᠠᠰᠤ ᠲᠠᠢ ᠬᠤᠯᠢᠵᠤ ᠲᠠᠮᠤᠭᠰᠠᠨ ᠲᠡᠭᠡᠰᠦ ᠨᠡᠩ ᠪᠦᠬᠡ ᠪᠤᠯᠳᠠᠭ᠃       ᠡᠬᠦᠨ ᠠᠴᠠ ᠭᠠᠳᠠᠨ᠎ᠠ᠂ ᠤᠯᠤᠰᠤ ᠪᠠᠷ ᠪᠠᠰᠠ ᠲᠡᠭᠡᠰᠦ ᠲᠠᠮᠤᠨ᠎ᠠ᠃ ᠤᠯᠤᠰᠤᠨ ᠲᠡᠭᠡᠰᠦ ᠨᠢ ᠪᠤᠷᠤᠭᠠᠨ ᠤᠰᠤᠨ ᠠᠴᠠ ᠠᠶᠤᠬᠤ ᠦᠬᠡᠢ ᠪᠠᠶᠢᠵᠤ᠂ ᠤᠯᠠᠩᠬᠢ ᠳᠠᠭᠠᠨ ᠲᠠᠳᠠᠯᠭ᠎ᠠ  ᠬᠢᠵᠦ ᠭᠡᠷᠡᠭᠯᠡᠳᠡᠭ᠃ ᠡᠬᠦᠨ ᠢ ︽ᠮᠠᠭᠤ ᠬᠦᠮᠦᠨ ᠠᠷᠢᠬᠢᠨ ᠳᠤ ᠴᠢᠩᠭᠠᠷᠠᠵᠤ᠂ ᠤᠯᠤᠰᠤᠨ ᠲᠡᠭᠡᠰᠦ ᠤᠰᠤᠨ ᠳᠤ ᠴᠢᠩᠭᠠᠷᠠᠨ᠎ᠠ︾  ᠬᠡᠰᠡᠨ ᠵᠦᠢᠷᠯᠡᠯ ᠠᠴᠠ ᠮᠡᠳᠡᠵᠦ ᠪᠤᠯᠤᠨ᠎ᠠ᠃ ᠲᠠᠮᠤᠭᠰᠠᠨ  ᠤᠯᠤᠰᠤ ᠪᠠᠷ ᠪᠠᠰᠠ ᠤᠯᠠ  ᠰᠢᠷᠢᠵᠦ ᠭᠤᠳᠤᠯ ᠱᠠᠬᠠᠢ ᠪᠠᠨ ᠤᠯᠠᠯᠠᠳᠠᠭ᠃
 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号