ᠤᠯᠠᠮᠵᠢᠯᠠᠯᠳᠤ ᠤᠷ᠎ᠠ ᠮᠡᠷᠭᠡᠵᠢᠯ — ᠠᠷᠠᠰᠤ ᠰᠤᠷ ᠡᠳ᠋ᠰᠢᠬᠦᠯᠬᠦ
ᠨᠡᠶᠢᠲᠡᠯᠡᠭᠰᠡᠨ ᠴᠠᠭ᠄
2020/3/26
    ᠲᠠᠶᠢᠹᠤᠰᠧᠴᠤᠳ ᠬᠤᠨᠢ ᠢᠮᠠᠭᠠᠨ ᠤ ᠠᠷᠠᠰᠤ ᠶᠢ ᠡᠳ᠋ᠰᠢᠬᠦᠯᠵᠦ ᠪᠤᠯᠪᠠᠰᠤᠷᠠᠭᠤᠯᠤᠭᠠᠳ᠂  ᠠᠷᠠᠰᠤᠨ ᠤᠭᠴᠤᠷ ᠂ ᠢᠮᠠᠭᠠᠨ ᠲᠠᠬᠤ᠂ ᠬᠤᠷᠠᠭᠠᠨ ᠮᠠᠯᠠᠭᠠᠢ᠂ ᠰᠠᠩᠰᠠᠨ ᠲᠡᠪᠡᠯ  ᠮᠡᠳᠦ ᠶᠢᠨ ᠡᠪᠦᠯ ᠤᠨ ᠲᠡᠪᠡᠯ ᠬᠤᠪᠴᠠᠰᠤ ᠪᠤᠶᠤ ᠲᠡᠪᠢᠰᠭᠡᠷ ᠬᠤᠮ ᠤᠨ ᠵᠦᠢᠯ ᠬᠢᠳᠡᠭ ᠪᠦᠬᠡᠳ ᠠᠷᠠᠰᠤ ᠪᠠᠨ ᠢᠯᠬᠢᠯᠡᠵᠦ ᠬᠠᠪᠤᠷ ᠨᠠᠮᠤᠷ ᠤᠨ ᠬᠤᠪᠴᠠᠰᠤ ᠬᠢᠬᠦ ᠴᠤ ᠪᠠᠶᠢᠳᠠᠭ᠃  ᠡᠨᠡ   ᠨᠢ ᠴᠦᠮ ᠠᠷᠠᠰᠤ ᠢᠳᠡᠭᠡᠯᠡᠬᠦ ᠪᠠ ᠠᠷᠠᠰᠤ ᠡᠯᠳᠡᠬᠦ ᠭᠠᠷ ᠦᠢᠯᠡᠳᠪᠦᠷᠢᠯᠡᠯ ᠤᠨ ᠶᠠᠪᠤᠴᠠ ᠶᠢ ᠲᠠᠮᠵᠢᠨ᠎ᠠ᠃           ᠠᠷᠠᠰᠤ  ᠰᠤᠷ ᠢᠳᠡᠭᠡᠯᠡᠬᠦ  — ᠬᠤᠨᠢ ᠢᠮᠠᠭᠠᠨ ᠤ ᠠᠷᠠᠰᠤ ᠢᠳᠡᠭᠡᠯᠡᠬᠦ ᠳᠤ ᠠᠷᠠᠰᠤ ᠪᠠᠨ ᠤᠰᠤᠨ ᠳᠤ ᠬᠦᠢᠴᠡᠳ ᠲᠡᠪᠳᠦᠬᠡᠵᠦ ᠨᠤᠶᠢᠳᠠᠨ ᠪᠤᠯᠭᠠᠭᠰᠠᠨ ᠤ ᠲᠠᠷᠠᠭ᠎ᠠ᠂ ᠠᠷᠠᠰᠤᠨ ᠤ ᠬᠦᠷᠦᠰᠦᠨ ᠳᠤ ᠲᠠᠭᠠᠭᠰᠠᠨ ᠮᠢᠬ᠎ᠠ᠂ ᠬᠠᠯᠢᠰᠤ ᠪᠠ ᠰᠢᠬᠦᠰᠦ ᠶᠢ ᠨᠢ ᠴᠡᠪᠡᠷᠬᠡᠨ ᠬᠤᠰᠤᠨ ᠠᠪᠴᠤ᠂ ᠠᠷᠠᠰᠤᠨ ᠳᠠᠬᠢ ᠰᠢᠩᠭᠡᠭ ᠪᠠᠭᠠᠰᠤ ᠶᠢ ᠬᠤᠵᠢᠷ ᠲᠠᠢ ᠤᠰᠤ ᠪᠠᠷ ᠦᠰᠦ ᠶᠢ ᠨᠢ ᠪᠤᠳᠠᠷᠠᠳᠠᠯ᠎ᠠ ᠤᠬᠢᠶᠠᠵᠤ  ᠴᠡᠪᠡᠷᠯᠡᠨ᠎ᠡ᠃  ᠲᠡᠭᠡᠭᠡᠳ ᠭᠠᠩ ᠰᠠᠪᠠᠨ ᠳᠤ ᠬᠢᠭᠰᠡᠨ ᠴᠠᠭ᠎ᠠ ᠲᠡᠭᠡᠷ᠎ᠡ ᠪᠠᠨ ᠵᠤᠬᠢᠬᠤ ᠬᠡᠮᠵᠢᠶᠡᠨ ᠤ ᠲᠠᠪᠤᠰᠤ ᠱᠠᠤ ᠬᠢᠵᠦ ᠬᠤᠳᠬᠤᠭᠠᠳ  ᠂  ᠤᠬᠢᠶᠠᠵᠤ ᠴᠡᠪᠡᠷᠯᠡᠭᠰᠡᠨ ᠠᠷᠠᠰᠤ  ᠪᠠᠨ ᠬᠢᠵᠦ ᠲᠠᠯᠪᠢᠨ᠎ᠠ᠃ ᠡᠳᠦᠷ ᠪᠦᠷᠢ ᠴᠠᠭ᠎ᠠ ᠪᠠᠨ ᠬᠤᠳᠬᠤᠨ ᠡᠷᠬᠢᠬᠦᠯᠵᠦ᠂ 6 —7 ᠡᠳᠦᠷ ᠪᠤᠯᠪᠠᠯ ᠢᠳᠡᠭᠡ ᠤᠷᠤᠨ᠎ᠠ᠃ ᠠᠷᠠᠰᠤᠨ ᠤ ᠴᠠᠭ᠎ᠠ ᠶᠢ ᠰᠢᠪᠳᠤᠷᠴᠤ ᠬᠤᠰᠤᠬᠤ ᠦᠬᠡᠢ ᠪᠠᠷ ᠰᠠᠯᠬᠢᠨ ᠳᠤ ᠡᠯᠬᠦᠵᠦ ᠬᠠᠳᠠᠭᠠᠬᠤ ᠪᠤᠶᠤ ᠬᠠᠪᠳᠠᠭᠠᠢ ᠶᠠᠭᠤᠮᠠᠨ ᠲᠡᠭᠡᠷ᠎ᠡ ᠲᠡᠯᠬᠡᠵᠦ ᠬᠠᠳᠠᠭᠠᠨ᠎ᠠ᠃ ᠪᠠᠰᠠ ᠠᠷᠠᠰᠤᠨ ᠳᠠᠭᠠᠨ ᠲᠠᠪᠤᠰᠤ ᠱᠠᠤ ᠲᠠᠢ ᠴᠠᠭ᠎ᠠ ᠲᠦᠷᠬᠢᠵᠦ᠂ ᠬᠤᠶᠠᠷ ᠬᠦᠷᠦᠰᠦ ᠶᠢ ᠬᠠᠪᠰᠤᠷᠤᠨ ᠡᠪᠬᠡᠵᠦ ᠢᠳᠡᠭᠡᠯᠡᠬᠦ ᠴᠤ ᠪᠤᠢ᠃  ᠢᠩᠬᠢᠵᠦ ᠢᠳᠡᠭᠡᠯᠡᠬᠦ ᠳᠤ ᠡᠳᠦᠷ ᠪᠦᠷᠢ ᠰᠢᠨ᠎ᠡ ᠴᠠᠭ᠎ᠠ ᠨᠡᠮᠡᠨ ᠲᠦᠷᠬᠢᠵᠦ᠂ ᠰᠠᠶᠢᠳᠤᠷ ᠨᠤᠬᠤᠯᠠᠨ ᠵᠦᠬᠡᠯᠡᠷᠡᠬᠦᠯᠵᠦ 5 —6 ᠡᠳᠦᠷ ᠪᠤᠯᠤᠭᠠᠳ ᠢᠳᠡᠭᠡ ᠤᠷᠤᠭᠰᠠᠨ ᠤ ᠲᠠᠷᠠᠭ᠎ᠠ ᠲᠡᠯᠬᠡᠨ ᠬᠠᠳᠠᠭᠠᠵᠤ ᠠᠪᠤᠨ᠎ᠠ᠃  ᠰᠤᠷ ᠢᠳᠡᠭᠡᠯᠡᠬᠦ ᠴᠤ ᠡᠬᠦᠨ ᠯᠦᠭᠡ ᠠᠳᠠᠯᠢ᠃ ᠵᠤᠨ ᠤ ᠴᠠᠭ ᠲᠤ ᠵᠦᠰᠦᠭᠰᠡᠨ ᠰᠤᠷ ᠢᠶᠠᠨ ᠴᠢᠬᠢᠭ ᠲᠠᠢ ᠰᠢᠷᠤᠢ ᠳᠤ ᠪᠤᠯᠠᠵᠤ  ᠵᠦᠭᠡᠯᠡᠷᠡᠳᠡᠯ᠎ᠡ ᠴᠢᠬᠢᠭᠳᠦᠬᠦᠯᠦᠭᠰᠡᠨ  ᠤ ᠲᠠᠷᠠᠭ᠎ᠠ᠂ ᠲᠤᠭᠤᠭ᠎ᠠ ᠨᠡᠷᠡᠭᠡᠳ ᠭᠠᠷᠤᠭᠰᠠᠨ ᠰᠢᠩᠭᠡᠨ ᠴᠠᠭ᠎ᠠ ᠲᠤᠳᠤᠷ᠎ᠠ ᠪᠠᠭ᠎ᠠ ᠲᠠᠪᠤᠰᠤ ᠱᠠᠤ ᠬᠢᠵᠦ᠂ ᠲᠤᠳᠤᠷ᠎ᠠ  ᠨᠢ ᠴᠢᠬᠢᠭᠳᠦᠵᠦ ᠵᠦᠭᠡᠯᠡᠷᠡᠭᠰᠡᠨ ᠰᠤᠷ ᠢᠶᠠᠨ ᠬᠢᠭᠡᠳ ᠭᠡᠳᠦᠨ ᠡᠳᠦᠷ ᠲᠡᠪᠳᠦᠭᠡᠭᠡᠳ ᠢᠳᠡᠭᠡ ᠤᠷᠤᠭᠰᠠᠨ ᠬᠤᠶᠢᠨ᠎ᠠ ᠡᠯᠬᠦᠬᠦ ᠪᠤᠶᠤ ᠲᠡᠯᠬᠡᠵᠦ ᠬᠠᠳᠠᠭᠠᠨ᠎ᠠ  ᠃  ᠡᠬᠦᠨ ᠢ ︽ᠢᠳᠡᠭᠡᠯᠡᠭᠰᠡᠨ ᠰᠤᠷ︾ ᠬᠡᠨ᠎ᠡ᠃  ᠪᠦᠳᠦᠬᠦᠨ ᠦᠬᠡᠷ ᠤᠨ ᠠᠷᠠᠰᠤ ᠪᠠᠷ ᠪᠤᠯᠪᠠᠰᠤᠷᠠᠭᠤᠯᠵᠤ ᠭᠠᠷᠭᠠᠭᠰᠠᠨ ᠰᠤᠷ ᠨᠢ ᠪᠦᠬᠡᠯᠢᠭ ᠮᠦᠷᠳᠡᠭᠡᠨ ᠠᠷᠪᠢᠨ ᠭᠠᠷᠳᠠᠭ᠃  ᠦᠬᠡᠷ ᠤᠨ ᠠᠷᠠᠰᠤ ᠶᠢ ᠤᠰᠤᠨ ᠳᠤ ᠰᠠᠶᠢᠳᠤᠷ ᠲᠡᠪᠳᠦᠬᠡᠵᠦ᠂ ᠮᠤᠳᠤᠨ ᠲᠡᠷᠭᠡᠨ ᠤ ᠲᠡᠩᠭᠡᠯᠢᠭ ᠮᠡᠳᠦ ᠶᠢᠨ ᠭᠠᠳᠠᠷᠭᠤ ᠨᠢ ᠬᠦᠯᠢᠭᠡᠷ ᠪᠦᠬᠡᠷᠡᠩᠬᠡᠢ ᠮᠤᠳᠤᠨ ᠳᠤ  ᠨᠦᠮᠦᠷᠢᠬᠦᠯᠵᠦ ᠪᠠᠶᠢᠭᠠᠳ ᠬᠤᠷᠴᠠ ᠢᠷ ᠲᠠᠢ ᠬᠢᠳᠤᠭ᠎ᠠ ᠪᠠᠷ ᠦᠰᠦ ᠬᠤᠶᠢᠬ᠎ᠠ ᠶᠢ ᠨᠢ ᠨᠢᠮᠬᠡᠨ ᠬᠦᠷᠦᠰᠦ ᠲᠠᠢ ᠨᠢ ᠬᠠᠮᠳᠤ ᠬᠤᠰᠤᠵᠤ ᠠᠪᠤᠨ᠎ᠠ᠃ ᠦᠰᠦ ᠶᠢ ᠨᠢ ᠬᠤᠰᠤᠭᠰᠠᠨ ᠠᠷᠠᠰᠤ  ᠪᠠᠨ ᠲᠤᠯᠤᠭᠠᠢ ᠲᠠᠯ᠎ᠠ ᠠᠴᠠ ᠨᠢᠷᠤᠭᠤ ᠲᠠᠭᠠᠭᠤᠯᠤᠨ ᠰᠡᠬᠦᠯ ᠵᠦᠭ ᠨᠢ ᠵᠦᠰᠦᠵᠦ ᠠᠷᠠᠰᠤ ᠪᠠᠨ ᠬᠤᠶᠠᠷ ᠬᠠᠭᠠᠰ ᠪᠤᠯᠭᠠᠨ᠎ᠠ᠃ ᠬᠠᠭᠠᠰᠯᠠᠭᠰᠠᠨ ᠠᠷᠠᠰᠤ ᠪᠠᠨ ᠬᠤᠶᠠᠷ ᠬᠤᠷᠤᠭᠤ ᠦᠷᠭᠡᠨ ᠢᠶᠠᠷ ᠵᠤᠷᠪᠤᠰᠯᠠᠨ ᠵᠦᠰᠦᠨ᠎ᠡ᠃ ᠡᠨᠡ  ᠮᠡᠳᠦ  ᠪᠠᠷ ᠵᠦᠰᠦᠬᠦ ᠳᠤ᠂ ᠪᠦᠳᠦᠬᠦᠨ ᠦᠬᠡᠷ ᠤᠨ ᠠᠷᠠᠰᠤᠨ ᠠᠴᠠ ᠪᠠᠷᠤᠭ ᠲᠦᠴᠢ ᠲᠠᠪᠢᠨ ᠵᠤᠷᠪᠤᠰ ᠰᠤᠷ ᠭᠠᠷᠳᠠᠭ᠃ ᠡᠬᠦᠨ ᠢ ︽ᠴᠤᠯᠭᠤᠢ ᠰᠤᠷ︾ ᠬᠡᠨ᠎ᠡ᠃ ᠰᠤᠷ ᠢᠶᠠᠷ ᠨᠤᠭᠳᠤ ᠬᠠᠵᠠᠭᠠᠷ᠂ ᠴᠢᠳᠦᠷ ᠲᠤᠱᠠ᠂ ᠵᠢᠷᠢᠮ ᠭᠠᠨᠵᠤᠭ᠎ᠠ᠂ ᠬᠤᠳᠤᠷᠭ᠎ᠠ ᠬᠦᠮᠦᠯᠳᠦᠷᠭᠡ ᠵᠡᠷᠭᠡ ᠮᠤᠷᠢᠨ ᠤ ᠡᠳ᠋ᠯᠡᠯ ᠭᠡᠷᠡᠭᠰᠡᠯ ᠦᠢᠯᠡᠳᠬᠦ ᠪᠠ ᠰᠤᠷ ᠲᠠᠳᠠᠯᠭ᠎ᠠ ᠴᠤ ᠲᠠᠮᠤᠨ᠎ᠠ᠃ ᠡᠳ᠋ᠰᠢᠬᠦᠯᠦᠭᠰᠡᠨ ᠰᠤᠷ ᠢᠶᠠᠨ ᠦᠬᠡᠬᠦ ᠲᠤᠰᠤ ᠪᠠᠷ ᠲᠤᠰᠤᠯᠠᠵᠤ᠂ ᠬᠤᠷ᠎ᠠ ᠪᠤᠷᠤᠭᠠᠨ ᠳᠤ ᠲᠡᠪᠳᠦᠨ ᠬᠠᠳᠠᠵᠤ ᠠᠷᠵᠠᠶᠢᠬᠤ ᠠᠴᠠ ᠰᠡᠷᠭᠡᠶᠢᠯᠡᠨ᠎ᠡ᠃ ᠲᠠᠶᠢᠹᠤᠰᠧᠴᠤᠳ ᠤᠨ ᠬᠢᠭᠰᠡᠨ ᠰᠤᠷ ᠡᠳ᠋ᠯᠡᠯ ᠨᠢ ᠴᠡᠪᠡᠷ ᠴᠡᠮᠴᠡᠭᠡᠷ᠂  ᠬᠦᠩᠬᠡᠨ ᠵᠦᠬᠡᠯᠡᠨ᠂ ᠡᠳ᠋ᠯᠡᠬᠦ ᠳᠤ ᠮᠠᠰᠢ ᠠᠶᠠᠳᠠᠢ ᠪᠠᠶᠢᠳᠠᠭ᠃    
 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号