ᠤᠯᠠᠮᠵᠢᠯᠠᠯᠳᠤ ᠵᠠᠩ ᠦᠢᠯᠡ — ᠦᠷᠪᠦᠭᠡ ᠬᠦᠨᠳᠡᠬᠦ
ᠨᠡᠶᠢᠲᠡᠯᠡᠭᠰᠡᠨ ᠴᠠᠭ᠄
2020/3/26
    ᠲᠠᠶᠠᠭᠠᠷ ᠮᠤᠩᠭᠤᠯ ᠤᠨ ᠠᠳᠠᠯᠢ ᠲᠠᠶᠢᠹᠤᠰᠧᠴᠤᠳ ᠬᠡᠦᠭᠡᠳ ᠢ ᠶᠡᠬᠡᠳᠡ ᠡᠩᠬᠦᠷᠡᠶᠢᠯᠡᠵᠦ᠂ ᠲᠦᠷᠦᠮᠡᠭᠴᠡ ᠨᠢ ᠴᠡᠪᠡᠷ ᠰᠢᠨ᠎ᠡ ᠤᠷᠢᠶᠠᠯᠳᠠ ᠳᠤ ᠤᠷᠢᠶᠠᠵᠤ ᠠᠪᠳᠠᠭ᠃ ᠬᠡᠦᠭᠡᠳ ᠤᠨ ᠬᠦᠢᠰᠦ ᠤᠭᠳᠤᠯᠤᠭᠰᠠᠨ ᠪᠦᠰᠡᠬᠦᠢ ᠬᠦᠮᠦᠨ  ᠢ ︽ᠬᠦᠢ ᠡᠵᠢ︾᠂ ︽ᠬᠦᠢ ᠮᠦᠮᠦ︾ ᠬᠡᠵᠦ ᠬᠦᠨᠳᠦᠳᠭᠡᠨ᠎ᠡ᠃  ᠡᠬᠢᠨ ᠤ ᠬᠡᠦᠭᠡᠳ   ᠲᠤ ᠬᠦᠢ ᠡᠵᠢ ᠵᠠᠯᠠᠬᠤ  ᠳᠠᠭᠠᠨ ᠬᠠᠳᠠᠭ ᠪᠠᠷᠢᠵᠤ ᠵᠠᠯᠠᠬᠤ ᠶᠤᠰᠤᠳᠠᠢ᠃ ᠲᠠᠷᠠᠭᠠᠴᠢ ᠶᠢᠨ ᠬᠢ ᠶᠢ ᠨᠢ ᠮᠦᠨ ᠡᠨᠡ  ᠬᠦᠢ ᠡᠵᠢ ᠠᠪᠤᠨ᠎ᠠ᠃ ᠬᠡᠦᠬᠡᠳ ᠲᠦᠷᠦᠪᠡᠯ ᠠᠶᠢᠯ ᠤᠰᠤᠨ ᠤ ᠬᠢᠨ ᠴᠤ ︽ᠪᠤᠭᠤ ᠨᠠᠮᠨᠠᠭᠠᠴᠢ ᠤᠤ︖ ᠪᠤᠯᠠᠭ ᠵᠦᠢᠭᠡᠴᠢ ᠤᠤ︖︾ ᠬᠡᠮᠡᠨ ᠬᠦᠦ ᠲᠦᠷᠦᠭᠰᠡᠨ᠂ ᠬᠡᠦᠬᠡᠨ ᠲᠦᠷᠦᠭᠰᠡᠨ ᠢ ᠨᠢ ᠱᠤᠭᠤᠬᠤᠷᠬᠠᠨ ᠰᠤᠷᠠᠭᠯᠠᠨ᠎ᠠ᠃ ᠲᠠᠪᠤ ᠭᠤᠷᠪᠠᠨ ᠬᠤᠨᠤᠭ  ᠤᠨ ᠲᠠᠷᠠᠭ᠎ᠠ ᠬᠡᠦᠭᠡᠳ ᠤᠨ ᠬᠦᠢᠰᠦ ᠴᠦᠭᠯᠡᠬᠦᠯᠡᠷ ᠠᠶᠢᠯ ᠬᠤᠳᠠᠨ ᠤ ᠪᠦᠰᠡᠬᠦᠶᠢᠴᠤᠳ ᠢ ᠲᠠᠭᠤᠳᠠᠵᠤ᠂ ᠤᠬᠢᠶᠠᠯᠭ᠎ᠠ  ᠶᠢᠨ ᠴᠠᠢ ᠬᠡᠮᠡᠨ ᠴᠠᠶᠢᠯᠠᠯᠭ᠎ᠠ ᠬᠢᠨ᠎ᠡ᠃  ᠤᠳᠤ ᠪᠤᠯ ᠤᠯᠠᠩᠬᠢ ᠳᠠᠭᠠᠨ ᠭᠡᠦᠭᠡᠳ ᠲᠦᠷᠦᠭᠡᠳ ᠰᠠᠷ᠎ᠠ ᠲᠦᠬᠦᠷᠬᠦ ᠳᠤ ᠰᠠᠷ᠎ᠠ ᠶᠢᠨ ᠴᠠᠶᠢᠯᠠᠯᠭ᠎ᠠ ᠬᠢᠵᠦ ᠪᠤᠢ᠃ ᠴᠠᠶᠢᠯᠠᠯᠭ᠎ᠠ ᠳᠤ ᠬᠦᠢ ᠡᠵᠢ ᠶᠢ  ᠡᠷᠭᠡᠪᠰᠢ ᠬᠦᠨᠳᠦᠳᠭᠡᠨ ᠵᠠᠯᠠᠵᠤ᠂ ᠲᠡᠪᠡᠯ  ᠤᠨ ᠪᠠᠷᠠᠭ᠎ᠠ᠂  ᠭᠡᠪ ᠤᠨ ᠴᠠᠢ ᠵᠡᠷᠭᠡ ᠪᠡᠯᠡᠭ ᠪᠠᠷᠢᠵᠤ ᠭᠠᠷ  ᠴᠠᠶᠢᠯᠭᠠᠬᠤ ᠭᠡᠷᠡᠭᠳᠡᠢ᠃  ᠬᠦᠢ ᠡᠵᠢ ᠨᠢ ᠬᠡᠦᠭᠡᠳ ᠢ ᠤᠬᠢᠶᠠᠵᠤ᠂ ᠮᠠᠨᠴᠤᠢ ᠶᠢᠨ ᠬᠠᠮᠳᠤ ᠮᠢᠯᠢᠶᠠᠵᠤ ᠮᠠᠨᠴᠤᠶᠢᠯᠠᠨ᠎ᠠ᠃ ᠮᠠᠨᠴᠤᠢ ᠬᠡᠵᠦ ᠬᠤᠨᠢᠨ ᠤ ᠠᠷᠠᠰᠤ ᠪᠤᠶᠤ ᠵᠡᠭᠡᠷ᠎ᠡ  ᠶᠢᠨ ᠠᠷᠠᠰᠤ ᠶᠢ ᠢᠯᠬᠢᠯᠡᠵᠦ ᠤᠶᠤᠭᠰᠠᠨ᠂ ᠬᠡᠦᠭᠡᠳ ᠤᠨ ᠲᠤᠯᠤᠭᠠᠢ ᠶᠢ ᠮᠠᠯᠠᠭᠠᠶᠢᠯᠠᠨ ᠤᠷᠢᠶᠠᠵᠤ ᠪᠤᠭᠤᠬᠤ ᠭᠡᠷᠡᠭᠰᠡᠯ ᠪᠠᠶᠢᠵᠤ᠂ ᠮᠠᠯᠠᠭᠠᠢ ᠲᠡᠭᠡᠷ᠎ᠡ ᠨᠢ ᠭᠠᠤᠯᠢᠨ ᠵᠤᠭᠤᠰ ᠪᠤᠶᠤ ᠬᠦᠷᠡᠯ ᠪᠠᠭᠤᠮᠠᠯ ᠵᠡᠷᠭᠡ ᠶᠢ ᠬᠠᠳᠠᠭᠰᠠᠨ ᠪᠠᠶᠢᠳᠠᠭ᠃   ᠰᠡᠬᠦᠯ ᠤᠨ ᠦᠶ᠎ᠡ ᠳᠤ ᠪᠦᠷ ᠬᠤᠸᠠᠷ ᠬᠠᠳᠬᠤᠵᠤ ᠤᠶᠤᠭᠰᠠᠨ ᠪᠦᠰ ᠮᠠᠨᠴᠤᠢ ᠭᠡᠷᠡᠭᠯᠡᠬᠦ ᠪᠤᠯᠵᠠᠢ᠃       ᠬᠡᠦᠬᠡᠳ ᠢ ᠵᠢᠯ ᠲᠡᠭᠡᠷ᠎ᠡ ᠨᠢ ᠪᠤᠶᠤ ᠭᠤᠷᠪᠠᠨ ᠨᠠᠰᠤᠨ ᠲᠡᠭᠡᠷ᠎ᠡ ᠨᠢ ᠦᠯᠵᠡᠶᠢᠳᠦ ᠡᠳᠦᠷ ᠢ ᠰᠤᠩᠭᠤᠨ ᠤᠢ ᠬᠢᠵᠦ ᠦᠷᠪᠦᠭᠡ ᠶᠢ ᠨᠢ ᠬᠦᠨᠳᠡᠨ᠎ᠡ᠃ ᠵᠠᠷᠢᠮ ᠡᠩᠬᠦᠷᠡᠢ ᠬᠡᠦᠭᠡᠳ ᠪᠤᠯ ᠲᠠᠪᠤ ᠲᠤᠯᠤᠭ᠎ᠠ ᠨᠠᠰᠤᠯᠠᠳᠠᠯ᠎ᠠ ᠤᠩᠭᠤᠨ ᠦᠰᠦ ᠲᠠᠢ ᠪᠠᠨ ᠪᠠᠶᠢᠳᠠᠭ ᠪᠠ ᠤᠷᠤᠢ ᠲᠡᠭᠡᠷ᠎ᠡ ᠨᠢ ᠤᠯᠠᠭᠠᠨ ᠲᠤᠤᠰᠠ ᠪᠠᠷ ᠲᠡᠪᠡᠭ ᠭᠡᠵᠢᠬᠡ ᠪᠤᠭᠤᠭᠰᠠᠨ ᠪᠠᠶᠢᠳᠠᠭ᠃ ᠬᠡᠦᠬᠡᠳ ᠤᠨ ᠤᠢ ᠳᠤ ᠠᠶᠢᠯ ᠠᠶᠢᠮᠠᠭ ᠪᠤᠶᠤ ᠲᠦᠷᠦᠯ ᠰᠠᠳᠤᠨ ᠢᠶᠠᠨ ᠵᠠᠯᠠᠵᠤ᠂ ᠦᠷᠪᠦᠭᠡ ᠬᠠᠶᠢᠴᠢᠯᠠᠬᠤ ᠨᠠᠶᠢᠷ ᠬᠢᠨ᠎ᠡ᠂ ᠪᠠᠰᠠ ᠦᠷᠪᠦᠭᠡ ᠬᠦᠨᠳᠡᠬᠦ᠂ ᠲᠠᠬᠢ ᠬᠠᠶᠢᠴᠢᠯᠠᠬᠤ ᠭᠡᠳᠡᠭ᠃ ᠦᠷᠪᠦᠭᠡ ᠶᠢ ᠬᠠᠮᠢᠶ᠎ᠠ ᠨᠠᠮᠢᠶ᠎ᠠ ᠦᠬᠡᠢ  ᠬᠠᠶᠠᠵᠤ ᠤᠷᠬᠢᠬᠤ ᠦᠬᠡᠢ᠂  ᠬᠤᠷᠢᠶᠠᠨ  ᠠᠪᠤᠭᠠᠳ ᠬᠠᠳᠠᠭ ᠲᠤ ᠪᠤᠭᠤᠵᠤ ᠡᠩᠬᠦᠷᠡᠶᠢᠯᠡᠨ ᠬᠠᠳᠠᠭᠠᠯᠠᠳᠠᠭ᠃ ᠦᠷᠪᠦᠭᠡ ᠬᠠᠶᠢᠴᠢᠯᠠᠬᠤ ᠳᠤ ᠴᠠᠭ ᠤᠨ ᠡᠷᠳᠡ ᠶᠢ ᠡᠷᠬᠢᠮᠯᠡᠨ᠂ ᠪᠠᠭ᠎ᠠ ᠦᠳᠡ   ᠶᠢᠨ ᠦᠶ᠎ᠡ ᠪᠠᠷ ᠨᠠᠶᠢᠷ ᠢᠶᠠᠨ  ᠬᠢᠵᠦ ᠂ ᠨᠠᠷᠠ  ᠰᠢᠩᠬᠡᠬᠦ ᠠᠴᠠ ᠡᠮᠦᠨ᠎ᠡ ᠦᠨᠳᠦᠷᠯᠡᠬᠦᠯᠳᠡᠭ  ᠪᠠᠶᠢᠨ᠎ᠠ᠃ ᠤᠢ ᠬᠢᠵᠦ ᠪᠠᠶᠢᠭ᠎ᠠ ᠬᠡᠦᠭᠡᠳ ᠲᠡᠭᠡᠨ ᠰᠢᠨ᠎ᠡ ᠬᠤᠪᠴᠠᠰᠤ  ᠡᠮᠦᠰᠭᠡᠭᠡᠳ᠂ ᠨᠠᠰᠤᠳᠠᠨ ᠲᠤᠮᠤᠭᠠᠳᠠᠨ ᠨᠢ ᠠᠪᠴᠤ ᠰᠢᠷᠡᠭᠡᠨ ᠤ ᠲᠡᠷᠢᠬᠦᠨ ᠳᠤ ᠰᠠᠭᠤᠬᠤ ᠪᠠ ᠦᠷᠪᠦᠭᠡ ᠬᠠᠶᠢᠴᠢᠯᠠᠬᠤ ᠳᠤ ᠵᠠᠯᠠᠭᠰᠠᠨ ᠢᠪᠡᠭᠡᠯ ᠵᠢᠯ ᠲᠠᠢ ᠲᠤᠮᠤᠭᠠᠳᠠᠨ ᠨᠢ ᠵᠡᠷᠭᠡᠴᠡᠨ ᠰᠠᠭᠤᠨ᠎ᠠ᠃ ᠴᠠᠢ ᠠᠶᠠᠭᠠᠯᠠᠵᠤ ᠴᠠᠭᠠᠨ ᠢᠳᠡᠭᠡ ᠠᠮᠰᠠᠭᠰᠠᠨ ᠤ ᠲᠠᠷᠠᠭ᠎ᠠ᠂ ᠬᠡᠦᠬᠡᠳ ᠤᠨ ᠦᠷᠪᠦᠭᠡ ᠶᠢ  ᠬᠦᠨᠳᠡᠬᠦ ᠠᠬᠠᠮᠠᠳ ᠬᠦᠮᠦᠨ ︽ᠵᠠ᠂ ᠬᠡᠦᠭᠡᠳ ᠤᠨ ᠢᠶᠠᠨ ᠦᠷᠪᠦᠭᠡ ᠶᠢ ᠬᠦᠨᠳᠡᠶ᠎ᠡ︾ ᠬᠡᠮᠡᠨ ᠪᠠᠷᠢᠭᠤᠯ ᠳᠤᠨᠢ ᠬᠠᠳᠠᠭ ᠵᠠᠩᠬᠢᠳᠤᠭᠰᠠᠨ ᠬᠠᠶᠢᠴᠢ  ᠪᠠᠷ ᠬᠡᠦᠬᠡᠳ ᠤᠨ ᠦᠷᠪᠦᠭᠡ ᠶᠢ ᠶᠠᠯᠢᠬᠦᠢ ᠤᠷᠤᠮᠳᠠᠵᠤ ᠠᠪᠤᠭᠠᠳ᠂ ᠲᠤᠰᠬᠠᠢ ᠪᠡᠯᠡᠳᠭᠡᠭᠰᠡᠨ ᠲᠠᠪᠠᠭ ᠲᠤ ᠬᠢᠵᠦ᠂ ᠬᠡᠦᠬᠡᠳ ᠤᠨ ᠵᠤᠯᠠᠢ ᠳᠤ ᠰᠢᠷ᠎ᠠ ᠲᠤᠰᠤ ᠲᠦᠷᠬᠢᠵᠦ ᠢᠷᠦᠬᠡᠵᠦ ᠮᠢᠯᠢᠶᠠᠨ᠎ᠠ᠃   ᠵᠠᠯᠭᠠᠭᠠᠳ ᠰᠠᠭᠤᠯᠴᠠᠭᠰᠠᠨ ᠲᠠᠷᠠᠭᠠᠯᠠᠯ ᠢᠶᠠᠷ ᠡᠨᠡ ᠮᠡᠳᠦᠴᠢᠯᠡᠨ ᠬᠦᠢᠴᠡᠳᠭᠡᠬᠦ ᠪᠦᠬᠡᠳ ︽ᠤᠷᠳᠤ ᠨᠠᠰᠤᠯᠠᠵᠤ ᠤᠳᠠᠭᠠᠨ ᠵᠢᠷᠭ᠎ᠠ︾᠂ ︽ᠡᠷᠳᠡᠮ  ᠤᠨ ᠲᠡᠭᠡᠳᠦ ᠶᠢ ᠰᠤᠷ᠂ ᠢᠳᠡᠭᠡᠨ ᠤ ᠲᠡᠭᠡᠵᠢ ᠶᠢ ᠢᠳᠡ︾  ᠂ ︽ᠨᠠᠮᠰᠠᠷᠠᠢ ᠰᠢᠭ᠋ ᠪᠠᠶᠠᠨ᠂ ᠨᠠᠶᠢᠳᠠᠨᠵᠤᠷᠤᠭ᠌ ᠰᠢᠭ ᠦᠨᠢᠷ ᠪᠤᠯ︾᠂ ︽ᠠᠪᠤ ᠳᠠᠭᠠᠨ ᠠᠴᠢᠯᠠᠯ ᠲᠠᠢ᠂ ᠡᠵᠢ ᠳᠡᠭᠡᠨ ᠡᠯᠪᠡᠷᠢᠯ ᠲᠠᠢ ᠶᠠᠪᠤ︾ ᠭᠡᠬᠦᠴᠢᠯᠡᠨ ᠢᠷᠦᠭᠡᠯ ᠬᠠᠶᠢᠷᠠᠯᠠᠨ᠎ᠠ᠃  ᠡᠨᠡ  ᠦᠶ᠎ᠡ ᠳᠤ ᠪᠠᠰᠠ ᠫᠢᠯᠠᠨ ᠳᠤ ᠶᠠᠩᠵᠤ ᠪᠦᠷᠢ ᠶᠢᠨ ᠶᠠᠭᠤᠮ᠎ᠠ ᠬᠢᠭᠡᠳ ᠬᠡᠦᠭᠡᠳ ᠢᠶᠠᠷ ᠠᠯᠢ ᠲᠤᠷᠠᠳᠠᠢ ᠶᠢ ᠨᠢ ᠰᠢᠯᠢᠵᠦ ᠠᠪᠤᠭᠤᠯᠤᠭᠠᠳ᠂ ᠬᠡᠦᠭᠡᠳ ᠶᠠᠭᠤ ᠠᠪᠤᠪᠠᠯ  ᠶᠠᠭᠤ ᠪᠠᠷ ᠨᠢ ᠪᠡᠯᠭᠡᠳᠡᠵᠦ᠂ ᠬᠤᠵᠢᠮ ᠬᠤᠶᠢᠰᠢᠳᠠ ᠶᠢ ᠨᠢ ᠵᠦᠩᠨᠡᠨ᠎ᠡ᠃ ᠵᠢᠱᠢᠶᠡᠯᠡᠪᠡᠯ᠂ ᠬᠠᠯᠪᠠᠭ᠎ᠠ ᠶᠢ ᠠᠪᠤᠪᠠᠯ ᠠᠮᠠᠨ ᠭᠡᠰᠢᠭ ᠲᠠᠢ  ᠂ ᠱᠠᠭ᠎ᠠ ᠶᠢ ᠠᠪᠤᠪᠠᠯ ᠮᠠᠯ ᠤᠨ ᠪᠤᠶᠠᠨ ᠲᠠᠢ᠂  ᠵᠡᠬᠦᠦ ᠤᠳᠠᠰᠤ ᠢ ᠪᠠᠷᠢᠪᠠᠯ ᠤᠷᠠᠨ ᠪᠤᠯᠤᠨ᠎ᠠ᠂ ᠨᠢᠰᠬᠡᠯ ᠢ ᠰᠤᠩᠭᠤᠪᠠᠯ ᠨᠢᠰᠭᠡᠯᠴᠢ ᠪᠤᠯᠤᠨ᠎ᠠ ᠬᠡᠬᠦᠴᠢᠯᠡᠨ ᠪᠡᠯᠭᠡᠳᠡᠨ᠎ᠡ᠃  ᠦᠷᠪᠦᠭᠡ ᠬᠠᠶᠢᠴᠢᠯᠠᠬᠤ ᠳᠤ ᠪᠠᠰᠠ ᠢᠷᠦᠬᠡᠯ ᠪᠠᠶᠢᠳᠠᠭ᠂ ᠶᠡᠭᠡ ᠲᠦᠯᠦᠪ ᠠᠭᠤᠯᠭ᠎ᠠ ᠨᠢ᠄        ᠤᠮ ᠰᠠᠶᠢᠨ ᠠᠮᠤᠭᠤᠯᠠᠩ ᠪᠤᠯᠳᠤᠭᠠᠢ        ᠡᠩᠬᠡ ᠰᠠᠶᠢᠨ ᠵᠢᠷᠭᠠᠯᠠᠩ ᠪᠤᠯᠳᠤᠭᠠᠢ        ᠤᠵᠤᠭᠤᠷ ᠲᠡᠭᠡᠳᠦᠰ ᠠᠴᠠ ᠤᠯᠠᠮᠵᠢᠯᠠᠯ ᠲᠠᠢ        ᠤᠷᠢᠳᠤ ᠶᠢᠨ ᠪᠤᠭᠤᠷᠤᠯ ᠤᠨ ᠶᠤᠰᠤᠨ ᠢᠶᠠᠷ        ᠤᠷᠭᠤᠬᠤ ᠨᠠᠷᠠᠨ ᠬᠡᠶᠢᠭᠰᠡᠨ        ᠤᠨᠠᠭᠠᠨ ᠦᠳᠡ ᠶᠢᠨ ᠮᠦᠴᠡ ᠳᠤ        ᠤᠷᠠᠨ ᠢᠷ ᠲᠠᠢ ᠬᠠᠶᠢᠴᠢ ᠪᠠᠷ        ᠤᠭᠤᠷᠠᠭ ᠬᠤᠩᠭᠤᠷ ᠲᠠᠬᠢ ᠶᠢ ᠴᠢᠨᠢ        ᠢᠪᠡᠭᠡᠯ ᠵᠢᠯ ᠲᠠᠢ ᠬᠦᠮᠦᠨ ᠢᠶᠠᠷ        ᠢᠯᠪᠢᠬᠦᠯᠦᠨ ᠪᠠᠶᠢᠵᠤ ᠤᠷᠤᠮᠳᠠᠵᠤ        ᠬᠤᠷᠴᠠ ᠢᠷ ᠲᠠᠢ ᠲᠤᠩᠭᠤᠷᠠᠭ ᠢᠶᠠᠷ        ᠬᠤᠰᠤᠨ ᠪᠠᠶᠢᠵᠤ  ᠠᠪᠤᠨᠠᠮ᠃        ᠮᠦᠩᠬᠦᠨ ᠲᠤᠯᠤᠭᠠᠢ ᠴᠢᠨᠢ ᠮᠦᠩᠬᠡ ᠪᠤᠯ        ᠮᠦᠩᠬᠦ ᠵᠤᠭᠤᠰ ᠢᠶᠠᠷ ᠪᠠᠶᠠᠨ ᠪᠤᠯ        ᠲᠠᠪᠤᠨ  ᠬᠤᠰᠢᠭᠤ ᠮᠠᠯ ᠢᠶᠠᠨ        ᠲᠠᠯ᠎ᠠ ᠲᠦᠬᠦᠷᠡᠩ ᠪᠡᠯᠴᠢᠬᠡᠵᠦ        ᠲᠠᠩᠰᠤᠭ ᠰᠠᠶᠢᠬᠠᠨ ᠢᠳᠡᠭᠡᠨ ᠢᠶᠠᠨ        ᠲᠠᠪᠰᠠᠭ ᠲᠦᠬᠦᠷᠡᠩ ᠬᠤᠷᠢᠶᠠᠵᠤ        ᠲᠦᠷᠦ ᠳᠡᠭᠡᠨ ᠭᠠᠪᠢᠶ᠎ᠠ ᠲᠠᠢ        ᠲᠦᠮᠡᠨ ᠳᠡᠭᠡᠨ ᠲᠦᠰᠢᠭ ᠲᠠᠢ        ᠠᠪᠤ ᠳᠠᠭᠠᠨ ᠠᠴᠢᠯᠠᠯ ᠲᠠᠢ        ᠡᠵᠢ ᠳᠡᠭᠡᠨ ᠡᠯᠪᠡᠷᠢᠯ ᠲᠠᠢ        ᠠᠰᠢᠳᠠ ᠶᠢᠨ ᠵᠢᠷᠭᠠᠯ ᠢ ᠡᠳ᠋ᠯᠡᠵᠦ        ᠠᠮᠤᠷ ᠮᠡᠨᠳᠦ ᠵᠢᠷᠭᠠᠳᠤᠭᠠᠢ        ᠂᠂᠂᠂᠂᠂᠂᠂᠂᠂᠂᠂᠂᠂        ᠂᠂᠂᠂᠂᠂᠂᠂᠂᠂᠂᠂᠂᠂᠂ ᠬᠡᠬᠦ ᠮᠡᠳᠦ᠃     ᠦᠷᠪᠦᠬᠡᠨ ᠨᠠᠶᠢᠷ ᠲᠤ ᠢᠷᠡᠬᠦ ᠬᠦᠮᠦᠰ ᠬᠡᠦᠬᠡᠳ ᠤᠨ  ᠮᠢᠯᠢᠶᠡᠳᠠᠰᠤ ᠬᠡᠮᠡᠨ ᠴᠠᠭᠠᠨ ᠢᠳᠡᠭᠡ᠂ ᠲᠡᠪᠡᠯ ᠤᠨ ᠪᠠᠷᠠᠭ᠎ᠠ᠂ ᠵᠤᠭᠤᠰ ᠮᠦᠩᠬᠦ ᠵᠡᠷᠭᠡ ᠭᠠᠷ ᠪᠡᠯᠡᠭ ᠲᠠᠢ ᠢᠷᠡᠬᠦ ᠪᠠ ᠲᠡᠭᠡᠷ᠎ᠡ ᠦᠶ᠎ᠡ ᠶᠢᠨ ᠬᠦᠮᠦᠰ ᠪᠤᠯ ᠬᠡᠦᠬᠡᠳ ᠲᠡᠭᠡᠨ ᠬᠠᠯᠠᠭᠤᠨ ᠬᠤᠰᠢᠭᠤ ᠲᠠᠢ ᠮᠠᠯ ᠤᠨᠤᠭᠤᠯᠬᠤ ᠬᠡᠮᠡᠨ ᠬᠤᠷᠠᠭ᠎ᠠ᠂ ᠤᠨᠠᠭ᠎ᠠ ᠲᠠᠭ᠎ᠠ ᠠᠮᠠᠯᠠᠬᠤ ᠴᠤ ᠪᠤᠢ᠃ ᠲᠡᠭᠡᠬᠦ  ᠳᠡᠭᠡᠨ ᠦᠷᠡᠵᠢᠵᠦ ᠦᠰᠬᠦ ᠶᠢ ᠪᠡᠯᠭᠡᠳᠡᠨ᠂ ︽ᠬᠦᠦ ᠳᠡᠭᠡᠨ ᠬᠠᠯᠠᠭᠤᠨ ᠬᠤᠰᠢᠭᠤ ᠲᠠᠢ ᠦᠬᠢᠨ ᠴᠠᠭᠠᠨ ᠬᠤᠷᠠᠭ᠎ᠠ ᠤᠨᠤᠭᠤᠯᠤᠶ᠎ᠠ︾ ᠬᠡᠬᠦ ᠮᠡᠳᠦ ᠪᠠᠷ ᠡᠮ᠎ᠡ ᠬᠦᠢᠰᠦ ᠲᠠᠢ ᠮᠠᠯ ᠦᠭᠳᠡᠭ ᠪᠠᠶᠢᠨ᠎ᠠ᠃ ᠨᠠᠶᠢᠷ ᠢ ᠶᠡᠭᠡ ᠪᠠᠷ ᠬᠢᠪᠡᠯ ᠤᠭᠤᠴᠠ ᠲᠠᠯᠪᠢᠬᠤ ᠪᠠ ᠡᠩ ᠤᠨ ᠭᠡᠪᠴᠢᠶ᠎ᠡ ᠪᠠᠷ ᠪᠤᠯ ᠮᠦᠴᠢ ᠮᠢᠬ᠎ᠠ ᠭᠠᠷᠭᠠᠵᠤ᠂ ᠵᠤᠴᠢᠳ ᠲᠠᠭᠠᠨ ᠬᠡᠦᠬᠡᠳ ᠢᠶᠠᠷ ᠠᠷᠢᠬᠢ ᠪᠠᠷᠢᠭᠤᠯᠤᠨ ᠨᠠᠷᠬᠢᠵᠤ ᠨᠠᠶᠢᠷᠯᠠᠨ᠎ᠠ᠃
 
ᠢᠷᠡᠯᠲᠡ᠄ ︽ᠲᠠᠶᠢᠹᠦᠰᠧ ᠵᠡᠬᠦᠨ ᠭᠠᠷ — ᠬᠦᠨᠪᠤᠯᠠᠭ︾
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号