ᠤᠯᠠᠮᠵᠢᠯᠠᠯᠳᠤ ᠵᠠᠩ ᠦᠢᠯᠡ — ᠬᠦᠨᠳᠦᠯᠡᠬᠦ ᠮᠡᠨᠳᠦᠯᠡᠬᠦ ᠶᠤᠰᠤᠨ
ᠨᠡᠶᠢᠲᠡᠯᠡᠭᠰᠡᠨ ᠴᠠᠭ᠄
2020/3/26
   ᠲᠠᠶᠢᠹᠤᠰᠧ ᠮᠤᠩᠭᠤᠯᠴᠤᠳ ᠡᠷᠳᠡ ᠲᠡᠭᠡᠳᠦ ᠠᠴᠠ ᠪᠦᠷᠢᠯᠳᠦᠨ ᠲᠤᠭᠳᠠᠭᠰᠠᠨ ᠮᠤᠩᠭᠤᠯ ᠤᠨ ᠰᠠᠶᠢᠬᠠᠨ ᠶᠤᠰᠤ ᠵᠠᠩᠰᠢᠯ ᠢᠶᠠᠨ ᠦᠶ᠎ᠡ ᠤᠯᠠᠷᠢᠨ ᠵᠠᠯᠭᠠᠮᠵᠢᠯᠠᠭᠰᠠᠭᠠᠷ ᠢᠷᠡᠵᠡᠢ᠃  ᠡᠳᠦᠷ ᠲᠤᠳᠤᠮ ᠤᠨ ᠠᠮᠢᠳᠤᠷᠠᠯ   ᠤᠨ ᠲᠤᠮᠳᠠ ᠶᠡᠷᠦ ᠠᠴᠠ ᠬᠦᠳᠡᠯᠵᠦ ᠪᠠᠷᠢᠬᠤ᠂ ᠶᠠᠪᠤᠵᠤ ᠰᠠᠭᠤᠬᠤ᠂ ᠬᠢᠵᠦ ᠦᠢᠯᠡᠳᠬᠦ ᠳᠤ ᠠᠯᠬᠤᠮ ᠪᠦᠷᠢ ᠶᠤᠰᠤ ᠵᠦᠢ ᠲᠠᠢ ᠪᠠᠶᠢᠳᠠᠭ ᠪᠢᠯᠡ᠃ ᠭᠡᠷ ᠲᠤ ᠪᠤᠶᠤ ᠭᠡᠭᠡᠷ᠎ᠡ ᠭᠠᠳᠠᠨ᠎ᠠ ᠲᠠᠨᠢᠬᠤ ᠲᠠᠨᠢᠬᠤ ᠦᠬᠡᠢ ᠬᠦᠮᠦᠨ ᠲᠠᠢ ᠤᠴᠠᠷᠠᠪᠠᠯ ᠪᠦᠷ ᠮᠡᠨᠳᠦ ᠮᠡᠳᠡᠬᠦ ᠶᠤᠰᠤ ᠲᠠᠢ᠃ ᠪᠤᠰᠤᠳ ᠤᠨ ᠮᠡᠨᠳᠦᠴᠢᠯᠡᠯ ᠳᠤ ᠡᠷᠭᠡᠪᠰᠢ ᠬᠠᠷᠢᠭᠤ ᠮᠡᠨᠳᠦᠯᠡᠵᠦ ᠪᠠᠶᠢᠬᠤ ᠭᠡᠷᠡᠭᠳᠡᠢ᠂ ᠦᠬᠡᠢ ᠪᠤᠯ ᠪᠤᠰᠤᠳ ᠢ ᠲᠤᠤᠷᠠᠰᠢᠶᠠᠭᠰᠠᠨ ᠪᠤᠶᠤ ᠶᠤᠰᠤ ᠮᠤᠷᠠᠯ ᠦᠬᠡᠢ ᠳᠤ ᠲᠤᠭᠠᠴᠠᠭᠳᠠᠨ᠎ᠠ᠃ ᠮᠡᠨᠳᠦᠴᠢᠯᠡᠬᠦ ᠳᠤ ᠵᠤᠯᠭᠠᠯᠳᠠ ᠶᠢᠨ ᠲᠤᠬᠠᠢ ᠶᠢᠨ ᠦᠶ᠎ᠡ ᠶᠢᠨ ᠡᠷᠡᠨ ᠬᠤᠭᠤᠴᠠᠭ᠎ᠠ᠂ ᠴᠠᠭ ᠤᠯᠠᠷᠢᠯ᠂ ᠠᠵᠢᠯ ᠦᠢᠯᠡᠰ ᠤᠨ ᠪᠠᠶᠢᠳᠠᠯ   ᠳᠤ ᠲᠤᠬᠢᠷᠠᠭᠤᠯᠤᠨ  ᠠᠯᠢ ᠵᠤᠬᠢᠰᠳᠠᠢ ᠪᠠᠷ ᠮᠡᠨᠳᠦᠯᠡᠨ᠎ᠡ᠃     ᠭᠡᠶᠢᠴᠢᠨ ᠵᠤᠴᠢᠨ   ᠢ ᠮᠤᠷᠢᠨ ᠤᠶᠠᠭᠠᠨ ᠲᠡᠭᠡᠷ᠎ᠡ ᠠᠴᠠ ᠤᠭᠳᠤᠨ ᠲᠤᠰᠴᠤ᠂  ᠴᠤᠯᠪᠤᠭᠤᠷ ᠢ ᠨᠢ ᠲᠤᠰᠤᠨ ᠠᠪᠴᠤ ᠮᠤᠷᠢᠨ ᠤᠶᠠᠭᠠᠨ ᠳᠤ  ᠤᠶᠠᠬᠤ ᠶᠢᠨ ᠬᠠᠮᠳᠤ᠂ ᠨᠤᠬᠠᠢ ᠪᠠᠨ ᠬᠤᠷᠢᠵᠤ ᠭᠡᠷ ᠲᠡᠭᠡᠨ ᠵᠠᠯᠠᠵᠤ ᠤᠷᠤᠭᠤᠯᠳᠠᠭ ᠃ ᠤᠭᠳᠤᠨ ᠭᠠᠷᠬᠤ ᠳᠠᠭᠠᠨ ᠮᠠᠯᠠᠭᠠᠢ ᠪᠠᠨ ᠡᠮᠦᠰᠴᠦ᠂ ᠬᠠᠨᠴᠤᠢ ᠪᠠᠨ ᠰᠢᠪᠳᠤᠷᠴᠤ  ᠵᠠᠰᠠᠨ᠎ᠠ᠃ ᠡᠮᠡᠭᠳᠡᠢ ᠬᠦᠮᠦᠨ ᠮᠠᠯᠠᠭᠠᠢ ᠡᠮᠦᠰᠬᠦ ᠦᠬᠡᠢ ᠪᠤᠯ ᠰᠦᠢᠬᠡ ᠲᠠᠳᠠᠭᠤᠷ ᠵᠡᠬᠦᠬᠦ ᠪᠤᠶᠤ ᠠᠯᠴᠢᠭᠤᠷ ᠲᠠᠯᠪᠢᠵᠤ᠂ ᠬᠤᠷᠮᠤᠢ ᠬᠤᠳᠠ ᠪᠠᠨ ᠵᠠᠰᠠᠨ ᠪᠠᠶᠢᠵᠤ ᠤᠭᠳᠤᠨ᠎ᠠ᠃  ᠶᠡᠷᠦ ᠠᠴᠠ ᠬᠠᠷ᠎ᠠ ᠲᠤᠯᠤᠭᠠᠢ ᠪᠠᠷ ᠬᠦᠮᠦᠨ ᠢ ᠤᠭᠳᠤᠳᠠᠭ ᠦᠬᠡᠢ᠃  ᠮᠡᠨᠳᠦᠯᠡᠬᠦ  ᠳᠡᠭᠡᠨ ᠠᠯᠢ ᠵᠤᠬᠢᠰᠳᠠᠢ ᠲᠠᠭᠤᠳᠠᠯᠭ᠎ᠠ ᠪᠠᠷ ︽××× ᠠᠮᠤᠷᠬᠠᠨ ᠮᠤᠷᠢᠯᠠᠵᠤ ᠪᠠᠶᠢᠨ᠎ᠠ ᠤᠤ︾᠂ ︽ᠪᠡᠶ᠎ᠡ ᠯᠠᠭᠱᠠᠨ ᠲᠤᠩᠭᠠᠯᠠᠭ ᠤᠤ︾  ᠬᠡᠵᠦ᠂ ᠦᠯᠦ ᠲᠠᠨᠢᠬᠤ ᠬᠦᠮᠦᠨ ᠪᠤᠯ ︽ᠠᠪᠤᠭᠠᠢ ︵ᠡᠰᠡᠬᠦᠯ᠎ᠡ ᠲᠠ ᠭᠡᠵᠦ ᠬᠦᠨᠳᠦᠳᠭᠡᠨ ᠲᠠᠭᠤᠳᠠᠨ᠎ᠠ︶ ᠠᠮᠤᠷᠬᠠᠨ ᠮᠤᠷᠢᠯᠠᠵᠤ ᠢᠷᠡᠪᠡ ᠤᠤ︾  ᠬᠡᠮᠡᠨ᠂  ᠠᠬᠠᠮᠠᠳ ᠲᠤᠮᠤᠭᠠᠳᠠᠨ ᠢ ︽ᠲᠠ ᠪᠠᠭᠤ︾᠂ ︽ ᠲᠤᠳᠤᠭᠰᠢ ᠪᠠᠨ ᠮᠤᠷᠢᠯᠠ︾ ᠬᠡᠮᠡᠨ ᠬᠦᠨᠳᠦᠳᠭᠡᠯ ᠤᠨ ᠦᠬᠡ ᠬᠡᠯᠡᠵᠦ ᠭᠡᠷ ᠲᠡᠭᠡᠨ ᠤᠷᠤᠭᠤᠯᠤᠭᠰᠠᠨ ᠤ ᠲᠠᠷᠠᠭ᠎ᠠ ᠰᠠᠶ᠋ᠢ ᠮᠡᠨᠳᠦ ᠮᠡᠳᠡᠨ᠎ᠡ᠃ ᠢᠷᠡᠭᠰᠡᠨ ᠵᠤᠴᠢᠨ ᠴᠤ ᠬᠠᠷᠢᠭᠤ ᠳᠤᠨᠢ ︽ᠰᠠᠶᠢᠨ᠂  ᠲᠠ ᠰᠠᠶᠢᠨ ᠪᠠᠶᠢᠨ᠎ᠠ ᠤᠤ︾᠂ ︽ᠭᠡᠷ ᠬᠤᠳᠠᠯᠠᠭᠠᠷ ᠮᠡᠨᠳᠦ ᠤᠤ︾  ᠬᠡᠬᠦᠴᠢᠯᠡᠨ ᠮᠡᠨᠳᠦ ᠮᠡᠳᠡᠬᠦ ᠶᠤᠰᠤ ᠲᠠᠢ᠃ ᠲᠠᠷᠠᠭ᠎ᠠ  ᠨᠢ ᠬᠠᠷᠢᠯᠴᠠᠨ ︽ᠠᠵᠢᠯ ᠦᠢᠯᠡᠰ ᠪᠦᠳᠦᠮᠵᠢᠳᠡᠢ ᠤᠤ︾᠂ ︽ᠲᠦᠯ ᠮᠠᠯ ᠰᠠᠶᠢᠨ ᠪᠢᠵᠡ︾᠂ ︽ᠲᠠᠪᠠᠳᠠᠢ ᠰᠠᠶᠢᠬᠠᠨ ᠵᠤᠰᠠᠵᠤ ᠪᠠᠶᠢᠨ᠎ᠠ ᠤᠤ︾᠂ ︽ᠲᠠᠭᠠᠳᠠᠢ ᠰᠠᠶᠢᠠᠬᠠᠨ  ᠨᠠᠮᠤᠷᠵᠢᠵᠤ ᠪᠠᠶᠢᠨ᠎ᠠ ᠤᠤ︾᠂ ︽ᠦᠩ ᠲᠠᠢ ᠰᠠᠶᠢᠬᠠᠨ ᠡᠪᠦᠯᠵᠢᠵᠦ ᠪᠠᠶᠢᠨ᠎ᠠ ᠤᠤ︾ ᠬᠡᠬᠦ ᠮᠡᠳᠦ ᠪᠠᠷ ᠠᠵᠢᠯ ᠦᠢᠯᠡᠰ ᠤᠨ ᠪᠤᠶᠤ ᠴᠠᠭ ᠤᠯᠠᠷᠢᠯ ᠤᠨ ᠴᠢᠨᠠᠷᠳᠠᠢ ᠮᠡᠨᠳᠦᠴᠢᠯᠡᠭᠡ ᠬᠢᠳᠡᠭ ᠪᠠᠶᠢᠨ᠎ᠠ᠃     ᠶᠡᠷᠦ ᠨᠢ ᠶᠠᠮᠠᠷ ᠴᠠᠭ ᠲᠤ ᠶᠠᠮᠠᠷ ᠬᠦᠮᠦᠨ ᠲᠠᠢ ᠤᠴᠠᠷᠠᠭᠰᠠᠨ ᠴᠤ ᠦᠯᠵᠡᠢ ᠪᠡᠯᠬᠡ ᠲᠠᠢ ᠰᠠᠶᠢᠬᠠᠨ ᠮᠡᠨᠳᠦ ᠶᠢᠨ ᠦᠬᠡ ᠬᠡᠯᠡᠨ᠎ᠡ᠃ ᠵᠢᠱᠢᠶᠡᠯᠡᠪᠡᠯ᠂  ᠦᠷᠯᠦᠬᠡ ᠡᠷᠳᠡ ᠨᠠᠰᠤᠳᠠᠢ ᠬᠦᠮᠦᠨ ᠲᠠᠢ ᠵᠤᠯᠭᠠᠪᠠᠯ ︽ᠲᠠᠭᠠᠳᠠᠢ ᠰᠠᠶᠢᠬᠠᠨ ᠨᠤᠶᠢᠷᠰᠤᠪᠠᠤ︾᠂ ︽ᠬᠡᠢ ᠰᠢᠷ᠎ᠠ ᠰᠠᠶᠢᠨ ᠤᠤ︾ ᠬᠡᠮᠡᠨ ᠮᠡᠨᠳᠦᠴᠢᠯᠡᠵᠦ᠂ ᠮᠠᠯ ᠠᠳᠤᠭᠤᠯᠠᠵᠤ ᠪᠠᠶᠢᠭ᠎ᠠ ᠬᠦᠮᠦᠨ ᠲᠠᠢ ᠤᠴᠠᠷᠠᠪᠠᠯ ︽ᠮᠠᠯ ᠤᠨ ᠲᠠᠷᠭᠤ ᠬᠦᠴᠦᠨ ᠰᠠᠶᠢᠨ ᠪᠢᠵᠡ︾᠂ ︽ᠬᠤᠨᠢ ᠴᠢᠨᠢ ᠬᠤᠳᠤᠭᠤᠷ ᠲᠦᠬᠦᠷᠡᠩ︾ ᠬᠡᠮᠡᠨ ᠪᠡᠯᠭᠡᠰᠢᠶᠡᠵᠦ᠂ ᠦᠨᠢᠶ᠎ᠡ ᠰᠠᠭᠠᠵᠤ ᠪᠠᠶᠢᠭ᠎ᠠ ᠬᠦᠮᠦᠨ ᠲᠠᠢ ᠤᠴᠠᠷᠠᠪᠠᠯ ︽ᠰᠠᠭᠠᠯᠢ ᠰᠦ ᠴᠢᠨᠢ ᠰᠠᠪᠠ ᠲᠦᠬᠦᠷᠡᠩ︾ ᠬᠡᠬᠦ ᠮᠡᠳᠦ ᠪᠠᠷ ᠢᠷᠦᠬᠡᠨ ᠮᠡᠨᠳᠦᠯᠡᠨ᠎ᠡ᠃  ᠨᠦᠬᠦᠬᠡ ᠬᠦᠮᠦᠨ ᠴᠤ ᠬᠠᠷᠢᠭᠤ ᠳᠤᠨᠢ ᠡᠷᠭᠡᠪᠰᠢ ︽ᠰᠠᠶᠢᠨ ᠰᠠᠶᠢᠨ︾᠂ ︽ᠲᠠᠨ ᠤ ᠠᠮᠠᠨ ᠤ ᠪᠡᠯᠬᠡ ᠪᠠᠷ ᠪᠤᠯᠤᠭ︾ ᠬᠡᠬᠦᠴᠢᠯᠡᠨ ᠶᠤᠰᠤ ᠬᠦᠢᠴᠡᠳᠭᠡᠨ᠎ᠡ᠃     ᠠᠶᠢᠯ ᠳᠤ ᠵᠤᠴᠢᠯᠠᠬᠤ ᠳᠠᠭᠠᠨ ᠠᠶᠢᠯ ᠤᠨ ᠭᠠᠳᠠᠨ᠎ᠠ ᠪᠤᠶᠤ ᠤᠶᠠᠭᠠᠨ ᠲᠡᠭᠡᠷ᠎ᠡ ᠰᠢᠭᠤᠳ ᠲᠠᠪᠬᠢᠨ ᠤᠴᠢᠳᠠᠭ ᠦᠬᠡᠢ᠃  ᠬᠡᠴᠢᠨᠡᠨ ᠶᠠᠭᠠᠷᠠᠤ ᠤᠴᠢᠷ ᠲᠠᠢ ᠶᠠᠪᠤᠭᠰᠠᠨ ᠴᠤ ᠬᠤᠯᠠᠬᠠᠨ ᠠᠴᠠ ᠵᠢᠯᠤᠭᠤ ᠲᠠᠳᠠᠨ ᠠᠯᠭᠤᠷ ᠶᠠᠪᠤᠵᠤ᠂ ᠤᠶᠠᠭᠠᠨ ᠠᠴᠠ ᠵᠠᠶᠢᠰᠬᠠᠨ ᠮᠤᠷᠢᠨ ᠠᠴᠠ ᠪᠠᠨ  ᠪᠠᠭᠤᠭᠠᠳ᠂ ᠠᠭᠰᠠᠭᠰᠠᠨ ᠬᠢᠳᠤᠭ᠎ᠠ ᠪᠠᠨ ᠪᠠᠭᠤᠯᠭᠠᠵᠤ ᠤᠨᠵᠢᠭᠤᠯᠤᠨ᠂ ᠡᠩᠬᠡᠷ ᠵᠠᠭᠠᠮ᠎ᠠ ᠪᠠᠨ ᠵᠠᠰᠠᠵᠤ᠂ ᠠᠮᠤᠷ ᠮᠡᠨᠳᠦ ᠠᠰᠠᠭᠤᠭᠠᠳ ᠰᠠᠶ᠋ᠢ ᠭᠡᠷ ᠲᠤ ᠪᠠᠭᠤᠨ᠎ᠠ᠃ ᠠᠶᠢᠯ  ᠳᠤ ᠲᠡᠭᠡᠰᠦ ᠲᠠᠰᠢᠭᠤᠷ᠂ ᠴᠢᠳᠦᠷ ᠨᠤᠭᠳᠤ ᠠᠪᠴᠤ ᠤᠷᠤᠳᠠᠭ ᠦᠬᠡᠢ᠃  ᠵᠡᠷ ᠵᠡᠪᠰᠡᠭ ᠤᠨ ᠵᠦᠢᠯ ᠢ ᠪᠠᠷᠢᠵᠤ ᠤᠷᠤᠬᠤ ᠶᠢ ᠴᠡᠭᠡᠷᠯᠡᠨ᠎ᠡ᠃  ᠠᠪᠴᠤ ᠤᠷᠤᠬᠤ ᠴᠢᠬᠤᠯᠠᠳᠠᠢ ᠪᠤᠯ ᠭᠡᠷ ᠤᠨ ᠡᠵᠡᠨ ᠠᠴᠠ ᠵᠦᠪᠰᠢᠶᠡᠷᠡᠯ ᠠᠪᠴᠤ᠂ ᠡᠰᠢ ᠲᠠᠯ᠎ᠠ ᠪᠠᠷ ᠨᠢ ᠪᠠᠷᠢᠵᠤ ᠤᠷᠤᠭᠠᠳ ᠢᠷ ᠲᠠᠢ ᠲᠠᠯ᠎ᠠ ᠶᠢ ᠨᠢ ᠭᠠᠳᠠᠭᠰᠢ ᠬᠠᠨᠳᠤᠭᠤᠯᠤᠨ ᠲᠠᠯᠪᠢᠨ᠎ᠠ᠃ ᠵᠤᠴᠢᠨ ᠬᠦᠮᠦᠨ ᠭᠡᠷ ᠤᠨ ᠡᠵᠡᠨ ᠤ ᠦᠬᠡ ᠪᠠᠷ ᠰᠠᠭᠤᠨ᠎ᠠ᠂ ᠬᠤᠶᠢᠮᠤᠷ ᠲᠤ ᠰᠠᠭᠤᠳᠠᠭ ᠦᠬᠡᠢ᠃ ᠬᠡᠳᠦᠶᠢᠪᠡᠷ ᠬᠦᠨᠳᠦᠳᠦ ᠵᠤᠴᠢᠨ ᠢ ᠬᠤᠶᠢᠮᠤᠷ ᠲᠤ ᠵᠠᠯᠠᠵᠤ ᠰᠠᠭᠤᠯᠭᠠᠳᠠᠭ ᠪᠤᠯᠪᠠᠴᠤ᠂ ᠡᠬᠦᠳᠡ ᠠᠰᠯᠠᠵᠤ  ᠰᠠᠭᠤᠬᠤ ᠪᠤᠶᠤ ᠪᠤᠷᠬᠠᠨ   ᠤ ᠡᠮᠦᠨ᠎ᠡ ᠰᠠᠭᠤᠬᠤ ᠦᠬᠡᠢ᠃ ᠡᠩ ᠤᠨ ᠵᠤᠴᠢᠨ ᠪᠤᠯ ᠡᠷᠡᠭᠳᠡᠢ ᠡᠮᠡᠭᠳᠡᠢ ᠶᠢᠨ ᠬᠤᠪᠢᠶᠠᠷᠢ ᠪᠠᠷ ᠭᠡᠷ ᠤᠨ ᠪᠠᠷᠠᠭᠤᠨ ᠵᠡᠬᠦᠨ ᠲᠠᠯ᠎ᠠ ᠳᠤ ᠰᠠᠭᠤᠨ᠎ᠠ  ᠂ ᠬᠡᠬᠦ ᠳᠡᠭᠡᠨ ᠭᠠᠯ ᠲᠤᠯᠭ᠎ᠠ ᠠᠴᠠ ᠲᠡᠭᠡᠭᠰᠢ ᠰᠠᠭᠤᠳᠠᠭ ᠦᠬᠡᠢ᠃  ᠪᠠᠷᠠᠭᠤᠨ ᠲᠠᠯ᠎ᠠ  ᠳᠤ ᠰᠠᠭᠤᠭᠰᠠᠳ ᠡᠷᠭᠡᠪᠰᠢ ᠵᠡᠬᠦᠨ ᠡᠪᠦᠳᠦᠭ ᠢᠶᠠᠨ ᠨᠤᠭᠤᠯᠵᠤ᠂ ᠪᠠᠷᠠᠭᠤᠨ ᠡᠪᠦᠳᠦᠭ ᠢᠶᠠᠨ ᠴᠤᠮᠴᠤᠶᠢᠯᠭᠠᠨ  ᠰᠠᠭᠤᠬᠤ ᠪᠠ ᠵᠡᠬᠦᠨ ᠲᠠᠯ᠎ᠠ ᠳᠤ ᠰᠠᠭᠤᠭᠰᠠᠳ ᠡᠰᠡᠷᠬᠦ ᠪᠠᠷ ᠨᠢ ᠪᠠᠷᠠᠭᠤᠨ ᠡᠪᠦᠳᠦᠭ ᠢᠶᠠᠨ ᠨᠤᠭᠤᠯᠵᠤ᠂ ᠵᠡᠬᠦᠨ ᠡᠪᠦᠳᠦᠭ ᠢᠶᠠᠨ ᠴᠤᠮᠴᠤᠶᠢᠯᠭᠠᠨ ᠰᠠᠭᠤᠨ᠎ᠠ᠃ ᠬᠡᠦᠬᠡᠳ ᠪᠤᠯ ᠰᠦᠬᠦᠳᠴᠦ ᠰᠠᠭᠤᠳᠠᠭ᠃ ᠨᠠᠰᠤᠳᠠᠨ ᠲᠤᠮᠤᠭᠠᠳᠠᠨ ᠤ ᠲᠡᠷᠭᠡᠳᠡ ᠵᠠᠪᠢᠯᠠᠵᠤ ᠰᠠᠭᠤᠬᠤ ᠦᠬᠡᠢ᠂ ᠨᠡᠩ ᠴᠤ ᠠᠷᠢᠬᠢ ᠤᠤᠭᠤᠵᠤ ᠲᠠᠮᠠᠬᠢ ᠲᠠᠳᠠᠬᠤ ᠶᠢ ᠴᠡᠭᠡᠷᠯᠡᠨ᠎ᠡ᠃ ᠡᠷᠳᠡ  ᠳᠡᠭᠡᠨ ᠡᠷ᠎ᠡ ᠬᠦᠮᠦᠨ ᠲᠦᠴᠢᠨ ᠨᠠᠰᠤᠨ ᠠᠴᠠ ᠤᠷᠳᠤᠭᠤᠷ ᠠᠷᠢᠬᠢ ᠲᠠᠮᠠᠬᠢ ᠡᠳ᠋ᠯᠡᠳᠡᠭ ᠦᠬᠡᠢ ᠪᠠᠶᠢᠵᠠᠢ᠃     ᠭᠡᠷ ᠠᠴᠠ ᠭᠠᠷᠬᠤ ᠳᠠᠭᠠᠨ ᠡᠷᠭᠡᠪᠰᠢ ᠮᠠᠯᠠᠭᠠᠢ ᠪᠦᠰᠡ ᠲᠠᠢ ᠶᠠᠪᠤᠬᠤ ᠪᠦᠬᠡᠳ ᠤᠷᠤᠭᠯᠠᠭᠰᠠᠨ ᠡᠷᠡᠭᠳᠡᠢ ᠪᠤᠯ ᠲᠠᠯᠢᠩ ᠬᠦᠬᠦᠷ᠂ ᠭᠡᠳᠡ ᠲᠤᠤᠬᠠᠢ᠂ ᠬᠤᠢ ᠲᠠᠢ ᠬᠢᠳᠤᠭ᠎ᠠ ᠵᠡᠬᠦᠵᠦ ᠶᠠᠪᠤᠨ᠎ᠠ᠃  ᠠᠬᠠᠮᠠᠳ ᠲᠠᠢ ᠵᠤᠯᠭᠠᠬᠤ ᠳᠠᠭᠠᠨ ᠬᠦᠬᠦᠷ ᠵᠦᠷᠢᠬᠦᠯᠵᠦ ᠠᠮᠤᠷ ᠡᠷᠢᠨ᠎ᠡ᠃ ᠦᠶ᠎ᠡ ᠬᠤᠷᠠᠭ ᠤᠨ ᠬᠦᠮᠦᠨ ᠬᠦᠬᠦᠷ ᠰᠤᠯᠢᠯᠴᠠᠵᠤ ᠲᠠᠮᠠᠬᠢᠯᠠᠪᠠᠯ᠂ ᠬᠦᠬᠦᠷ  ᠤᠨ ᠲᠠᠭᠯᠠᠭ᠎ᠠ ᠶᠢ ᠰᠤᠯᠠᠯᠠᠵᠤ ᠦᠭᠬᠦ ᠶᠤᠰᠤ ᠲᠠᠢ᠂ ᠪᠢᠳᠡᠬᠦᠦ ᠪᠠᠷ ᠦᠭᠪᠡᠯ ᠮᠠᠭᠤ ᠴᠢᠮᠡᠭᠡ ᠲᠤᠭᠤᠯᠭᠠᠬᠤ ᠶᠢᠨ ᠲᠡᠮᠳᠡᠭ ᠭᠡᠳᠡᠭ᠃ ᠡᠮᠡᠭᠳᠡᠢ ᠬᠦᠮᠦᠨ ᠪᠤᠯ ᠡᠩ ᠤᠨ ᠴᠠᠭ ᠲᠤ ᠰᠦᠢᠬᠡ ᠲᠠᠳᠠᠭᠤᠷ ᠵᠡᠬᠦᠵᠦ᠂ ᠠᠯᠴᠢᠭᠤᠷ ᠲᠠᠯᠪᠢᠵᠤ ᠠᠶᠢᠯᠴᠢᠯᠠᠬᠤ ᠭᠡᠷᠡᠭᠳᠡᠢ᠃      ᠵᠤᠴᠢᠨ ᠳᠤ ᠴᠠᠢ ᠠᠶᠠᠭᠠᠯᠠᠬᠤ ᠳᠠᠭᠠᠨ᠂ ᠠᠶᠠᠭ᠎ᠠ ᠪᠠᠨ ᠬᠤᠶᠠᠷ ᠭᠠᠷ ᠢᠶᠠᠷ ᠡᠷᠬᠦᠵᠦ ︽ᠴᠠᠢ ᠵᠤᠭᠤᠭᠯᠠ︾ ᠬᠡᠵᠦ ᠦᠭᠳᠡᠭ ᠪᠦᠬᠡᠳ ᠠᠬᠠᠮᠠᠳ ᠬᠦᠮᠦᠨ ᠪᠤᠯ ᠰᠠᠭᠤᠭ᠎ᠠ ᠪᠠᠷ ᠢᠶᠠᠨ ᠪᠠᠷᠠᠭᠤᠨ ᠭᠠᠷ ᠢᠶᠠᠷ ᠢᠶᠠᠨ ᠪᠤᠶᠤ ᠬᠤᠶᠠᠷ ᠭᠠᠷ ᠢᠶᠠᠷ ᠢᠶᠠᠨ ᠲᠤᠰᠴᠤ ︽ᠵᠠ︾ ᠬᠡᠮᠡᠨ ᠠᠪᠬᠤ ᠪᠠ ᠲᠡᠬᠦᠦᠨᠡᠷ ᠬᠦᠮᠦᠨ ᠪᠤᠯ ᠪᠤᠰᠴᠤ ᠵᠤᠭᠰᠤᠬᠤ ᠪᠤᠶᠤ ᠦᠨᠳᠡᠶᠢᠵᠦ ᠪᠠᠶᠢᠭᠠᠳ ᠬᠤᠶᠠᠷ ᠭᠠᠷ ᠢᠶᠠᠷ ᠢᠶᠠᠨ ᠲᠤᠰᠴᠤ ᠠᠪᠬᠤ ᠶᠤᠰᠤ ᠲᠠᠢ᠃ ᠴᠠᠢ ᠶᠢ ᠬᠦᠮᠦᠨ ᠳᠤ ᠴᠠᠯᠬᠢᠭᠤᠯᠵᠤ ᠦᠭᠳᠡᠭ ᠦᠬᠡᠢ᠂ ᠠᠪᠬᠤ ᠬᠦᠮᠦᠨ ᠴᠤ ᠴᠠᠯᠬᠢᠭᠤᠯᠵᠤ ᠠᠪᠳᠠᠭ ᠦᠬᠡᠢ᠃ ᠭᠡᠷᠪᠡ ᠪᠤᠯᠭᠤᠮᠵᠢ ᠦᠬᠡᠢ ᠴᠠᠯᠬᠢᠭᠤᠯᠴᠢᠬᠠᠪᠠᠯ ᠨᠠᠰᠤᠳᠠᠢ ᠬᠦᠮᠦᠨ ᠪᠤᠯ ︽ᠡ᠂ ᠰᠠᠯᠤᠭ ᠲᠠᠭᠠᠷᠢ︾ ᠬᠡᠵᠦ ᠪᠡᠶ᠎ᠡ ᠪᠠᠨ ᠵᠢᠮᠡᠯᠡᠬᠦ ᠪᠠ ᠵᠠᠯᠠᠭᠤ ᠬᠦᠮᠦᠨ ᠪᠤᠯ ︽ᠮᠠᠭᠤᠬᠠᠢ ᠪᠤᠯᠤᠯ᠎ᠠ︾ ᠬᠡᠮᠡᠨ ᠠᠭᠤᠴᠢᠯᠠᠯ ᠬᠦᠰᠡᠨ᠎ᠡ᠃ ᠵᠤᠴᠢᠨ ᠬᠠᠷᠢᠭᠤ ᠳᠤᠨᠢ ︽ᠡᠷᠡᠭᠡ ᠦᠬᠡᠢ  ︾᠂ ︽ᠵᠦᠬᠡᠷ ᠵᠦᠬᠡᠷ︾ ᠬᠡᠬᠦ ᠮᠡᠳᠦ ᠪᠠᠷ ᠶᠠᠭᠤᠮᠠᠨ ᠳᠤ ᠪᠤᠳᠤᠭᠰᠠᠨ ᠦᠬᠡᠢ ᠪᠠᠨ ᠢᠯᠡᠷᠭᠡᠶᠢᠯᠡᠨ᠎ᠡ᠃ ᠴᠠᠢ ᠠᠶᠠᠭᠠᠯᠠᠬᠤ ᠳᠤ ᠴᠠᠪ ᠲᠠᠢ ᠠᠶᠠᠭ᠎ᠠ  ᠂ ᠡᠮᠳᠡᠷᠭᠡᠢ ᠠᠶᠠᠭᠠᠨ ᠳᠤ ᠠᠶᠠᠭᠠᠯᠠᠬᠤ ᠶᠢ ᠴᠡᠭᠡᠷᠯᠡᠵᠦ᠂  ᠲᠤᠨᠳᠠᠭᠤᠷ ᠠᠶᠠᠭᠠᠯᠠᠬᠤ᠂ ᠠᠶᠠᠭᠠᠨ ᠳᠤ ᠬᠤᠷᠤᠭᠤ ᠬᠢᠮᠤᠰᠦ ᠪᠠᠨ ᠲᠦᠷᠦᠬᠦ   ᠠᠴᠠ ᠬᠢᠴᠢᠶᠡᠨ᠎ᠡ᠃     ᠵᠤᠴᠢᠨ ᠬᠦᠮᠦᠨ ᠲᠠᠪᠠᠭᠯᠠᠭᠰᠠᠨ ᠢᠳᠡᠭᠡᠨ ᠳᠤ ᠭᠠᠷ ᠬᠦᠷᠬᠦ ᠠᠴᠠ ᠡᠮᠦᠨ᠎ᠡ ᠤᠷᠢᠳᠠᠪᠠᠷ ᠭᠡᠷ ᠤᠨ ᠡᠵᠡᠨ ᠳᠤ ᠨᠠᠶᠢᠷ ᠲᠠᠯᠪᠢᠵᠤ᠂ ᠲᠠᠷᠠᠭ᠎ᠠ ᠨᠢ ᠴᠠᠭᠠᠨ ᠢᠳᠡᠭᠡᠨ ᠠᠴᠠ ᠲᠡᠭᠷᠢ ᠪᠤᠷᠬᠠᠨ ᠳᠤ ᠡᠷᠬᠦᠰᠬᠢᠬᠦ ᠪᠤᠯᠤᠭᠠᠳ ᠰᠠᠶ᠋ᠢ ᠦᠪᠡᠷ  ᠢᠶᠠᠨ ᠠᠮᠰᠠᠨ᠎ᠠ᠃ ᠦᠳᠡᠯᠡᠬᠦ ᠵᠤᠴᠢᠨ ᠳᠤ ᠬᠤᠭᠤᠯᠠᠨ ᠤ ᠲᠠᠷᠠᠭ᠎ᠠ ᠪᠠᠰᠠ ᠴᠠᠢ ᠠᠶᠠᠭᠠᠯᠠᠵᠤ ᠴᠠᠭᠠᠨ ᠢᠳᠡᠭᠡ ᠲᠠᠯᠪᠢᠨ᠎ᠠ᠃ ᠵᠤᠴᠢᠨ ᠮᠤᠷᠳᠠᠬᠤ ᠳᠠᠭᠠᠨ ᠵᠠᠪᠠᠯ ᠴᠠᠭᠠᠨ ᠢᠳᠡᠭᠡ ᠠᠴᠠ ᠠᠮᠰᠠᠵᠤ ᠭᠠᠷᠬᠤ ᠭᠡᠷᠡᠭᠳᠡᠢ᠃ ᠶᠡᠭᠡ ᠪᠠᠭ᠎ᠠ ᠵᠤᠴᠢᠯᠠᠭ᠎ᠠ ᠳᠤ ᠪᠦᠷ ᠡᠶᠢᠮᠦ ᠵᠢᠷᠤᠮ ᠲᠠᠢ᠃     ᠵᠤᠴᠢᠨ ᠢ ᠶᠠᠪᠤᠬᠤ ᠦᠶᠡᠰ ︽ᠲᠠᠪᠠᠳᠠᠢ ᠰᠠᠭᠠᠳᠠᠵᠤ ᠪᠠᠢ᠂ ᠦᠨᠵᠢᠭᠡᠳ ᠮᠤᠷᠢᠯᠠ︾ ᠬᠡᠬᠦᠴᠢᠯᠡᠨ ᠶᠠᠩᠨᠠᠬᠤ ᠪᠦᠬᠡᠳ ᠭᠠᠷᠬᠤ ᠳᠤᠨᠢ ᠡᠬᠦᠳᠡ ᠪᠠᠨ ᠰᠡᠬᠦᠵᠦ ᠦᠳᠡᠵᠦ ᠭᠠᠷᠤᠨ᠎ᠠ᠃ ᠵᠤᠴᠢᠨ ᠭᠡᠷ ᠠᠴᠠ ᠭᠠᠷᠬᠤ ᠳᠠᠭᠠᠨ ᠨᠠᠷᠠᠨ ᠵᠦᠪ ᠡᠷᠬᠢᠵᠦ ᠭᠠᠷᠬᠤ ᠵᠠᠩᠰᠢᠯ ᠲᠠᠢ᠃ ᠨᠠᠰᠤᠳᠠᠨ ᠲᠤᠮᠤᠭᠠᠳᠠᠨ ᠢ ᠪᠤᠯ ᠮᠤᠷᠢ ᠶᠢ ᠨᠢ ᠤᠶᠠᠭᠠᠨ ᠠᠴᠠ ᠲᠠᠶᠢᠯᠤᠨ ᠦᠭᠴᠦ᠂ ᠮᠤᠷᠢᠨ ᠳᠤᠨᠢ ᠲᠦᠰᠢᠨ ᠮᠤᠷᠳᠠᠭᠤᠯᠵᠤ᠂ ︽ ᠵᠠᠮ ᠳᠠᠭᠠᠨ ᠰᠠᠶᠢᠨ ᠶᠠᠪᠤᠭᠠᠷᠠᠢ︾᠂ ︽ᠮᠡᠨᠳᠦ ᠶᠠᠪᠤᠭᠠᠷᠠᠢ ︾ ᠬᠡᠬᠦ ᠮᠡᠳᠦ ᠢᠷᠦᠭᠡᠨ ᠮᠤᠷᠳᠠᠭᠤᠯᠬᠤ ᠪᠦᠬᠡᠳ ᠵᠤᠴᠢᠨ ᠬᠦᠮᠦᠨ ᠴᠤ ᠪᠤᠴᠠᠵᠤ ᠬᠠᠷᠠᠨ ︽ᠪᠦᠬᠦᠳᠡ ᠰᠠᠶᠢᠨ ᠰᠠᠭᠤᠵᠠᠭᠠᠵᠤ ᠪᠠᠶᠢᠭᠠᠷᠠᠢ︾᠂ ︽ᠢᠷᠦᠬᠡᠯ ᠲᠤᠭᠳᠠᠭ︾ ᠬᠡᠬᠦᠴᠢᠯᠡᠨ ᠬᠠᠷᠢᠭᠤ ᠬᠡᠯᠡᠭᠡᠳ ᠶᠠᠪᠤᠨ᠎ᠠ᠂ ᠬᠠᠷᠢᠨ ᠮᠤᠷᠳᠠᠮᠠᠭᠴᠠ ᠪᠠᠨ ᠴᠠᠰᠢ ᠬᠠᠷᠠᠵᠤ ᠲᠠᠪᠬᠢᠭᠤᠯᠵᠤ  ᠠᠷᠢᠯᠬᠤ ᠶᠢ ᠴᠡᠭᠡᠷᠯᠡᠨ᠎ᠡ᠃ ᠤᠨᠴᠠ ᠵᠠᠷᠢᠮ ᠪᠠᠭᠤᠬᠤ ᠳᠠᠭᠠᠨ ᠴᠤ ᠮᠡᠨᠳᠦ ᠦᠬᠡᠢ᠂ ᠪᠤᠴᠠᠬᠤ ᠳᠠᠭᠠᠨ ᠴᠤ ᠦᠬᠡ ᠦᠬᠡᠢ᠂ ᠶᠤᠰᠤ ᠨᠤᠮ ᠦᠬᠡᠢ ᠬᠦᠮᠦᠨ ᠢ ᠪᠤᠯ ︽ᠶᠠᠪᠤᠬᠤ ᠮᠦᠷ ᠴᠢᠨᠢ ᠦᠵᠡᠭᠳᠡ᠂ ᠢᠷᠡᠬᠦ ᠮᠦᠷ ᠴᠢᠨᠢ ᠪᠤᠤ ᠦᠵᠡᠭᠳᠡ︾ ᠬᠡᠵᠦ ᠬᠡᠯᠡᠳᠡᠭ ᠶᠤᠮ᠃       ᠭᠡᠷ ᠪᠦᠯᠢ ᠶᠢᠨ ᠲᠤᠳᠤᠷ᠎ᠠ ᠪᠠᠨ ᠴᠤ ᠡᠴᠢᠭᠡ ᠡᠬᠡ᠂ ᠠᠬᠠᠰ ᠵᠠᠬᠠᠰ ᠢᠶᠠᠨ ᠶᠡᠬᠡᠳᠡ ᠬᠦᠨᠳᠦᠯᠡᠬᠦ ᠪᠦᠬᠡᠳ ᠬᠤᠯᠠ  ᠶᠠᠪᠤᠵᠤ ᠪᠤᠴᠠᠵᠤ ᠢᠷᠡᠪᠡᠯ ᠮᠦᠨ ᠬᠦ᠋ ᠵᠤᠴᠢᠨ ᠤᠭᠳᠤᠬᠤ ᠶᠤᠰᠤ ᠪᠠᠷ ᠤᠭᠳᠤᠳᠠᠭ᠃ ᠠᠬᠠᠮᠠᠳ ᠤᠨ ᠵᠠᠬᠢᠶ᠎ᠠ ᠰᠤᠷᠭᠠᠯ ᠠᠴᠠ ᠶᠡᠷᠦ ᠵᠦᠷᠢᠴᠡᠬᠦ ᠦᠬᠡᠢ ᠪᠦᠬᠡᠳ ᠡᠷᠡᠭᠳᠡᠢ ᠡᠮᠡᠭᠳᠡᠢ ᠴᠤ ᠬᠠᠷᠢᠯᠴᠠᠨ ᠪᠡᠶ᠎ᠡ ᠪᠡᠶ᠎ᠡ ᠪᠠᠨ ᠬᠦᠨᠳᠦᠯᠡᠨ᠎ᠡ᠃  ᠨᠠᠰᠤᠳᠠᠨ ᠢᠶᠠᠨ ᠬᠦᠨᠳᠦᠳᠭᠡᠵᠦ ᠶᠠᠪᠤᠪᠠᠯ ᠪᠤᠶᠠᠨ ᠪᠤᠯᠤᠨ᠎ᠠ ᠬᠡᠮᠡᠨ ᠨᠠᠰᠤᠳᠠᠨ ᠪᠤᠭᠤᠷᠤᠯ ᠳᠠᠭᠠᠨ ᠠᠯᠢ ᠰᠠᠶᠢᠨ ᠢ ᠢᠳᠡᠬᠦᠯᠵᠦ ᠠᠯᠢ ᠰᠠᠶᠢᠬᠠᠨ ᠢ ᠡᠳ᠋ᠯᠡᠬᠦᠯᠳᠡᠭ᠃ ᠴᠠᠢ ᠬᠤᠭᠤᠯᠠᠨ ᠤ ᠲᠡᠭᠡᠵᠢ ᠶᠢ ᠤᠷᠢᠳᠠᠪᠠᠷ ᠨᠠᠰᠤᠳᠠᠨ᠂ ᠭᠡᠷ ᠤᠨ ᠡᠵᠡᠨ ᠳᠤ ᠪᠠᠷᠢᠨ᠎ᠠ᠃ ᠪᠡᠷᠢ ᠬᠦᠮᠦᠨ ᠦᠷᠯᠦᠬᠡ ᠡᠷᠳᠡ ᠪᠤᠰᠴᠤ᠂ ᠬᠠᠳᠠᠮ ᠡᠴᠢᠬᠡ ᠡᠬᠡ ᠶᠢᠨ  ᠢᠶᠠᠨ ᠡᠷᠦᠬᠡ ᠶᠢ ᠳᠠᠲᠠᠵᠤ᠂ ᠴᠠᠢ ᠶᠢ ᠨᠢ ᠴᠢᠨᠠᠵᠤ ᠦᠭᠬᠦᠨ᠎ᠡ᠃ ᠬᠠᠳᠠᠮ ᠤᠨ ᠦᠷᠦᠭᠡᠨ ᠳᠤ ᠬᠠᠳᠠᠮ ᠡᠴᠢᠬᠡ ᠡᠬᠡ ︽ᠰᠠᠭᠤ︾ ᠭᠡᠰᠡᠨ ᠦᠬᠡ ᠦᠬᠡᠢ ᠪᠤᠯ ᠲᠤᠷ᠎ᠠ ᠪᠠᠷ ᠰᠠᠭᠤᠬᠤ ᠦᠬᠡᠢ᠃  ︽ᠰᠢᠪᠠᠭᠤᠨ ᠤ ᠪᠠᠭ᠎ᠠ ᠨᠢ ᠵᠢᠷᠬᠢᠨ᠎ᠡ︾ ᠬᠡᠮᠡᠨ ᠭᠡᠷ ᠪᠦᠯᠢ ᠶᠢᠨ ᠠᠵᠢᠯ ᠬᠢᠳᠡᠯ ᠳᠤ ᠵᠠᠯᠠᠭᠤᠰ ᠬᠡᠦᠬᠡᠳ ᠪᠤᠰᠤᠳ ᠠᠴᠠ ᠤᠷᠢᠳ  ᠬᠦᠩᠬᠡᠨ ᠱᠦᠩᠬᠡᠨ ᠬᠦᠳᠡᠯᠵᠦ  ᠂ ᠬᠠᠷᠢᠨ ᠢᠳᠡᠵᠦ ᠤᠤᠭᠤᠬᠤ ᠳᠤ ᠪᠤᠯ ᠬᠦᠮᠦᠨ ᠠᠴᠠ ᠬᠤᠵᠢᠭᠤ  ᠪᠠᠶᠢᠬᠤ ᠭᠡᠷᠡᠭᠳᠡᠢ᠃ ᠲᠡᠭᠡᠷ᠎ᠡ ᠦᠶ᠎ᠡ ᠶᠢᠨ ᠬᠢᠨ ᠤ ᠲᠡᠷᠭᠡᠳᠡ ᠠᠷᠢᠬᠢ ᠲᠠᠮᠠᠬᠢ ᠶᠢ ᠡᠷᠡᠰ ᠴᠡᠭᠡᠷᠯᠡᠬᠦ ᠪᠦᠬᠡᠳ ᠵᠠᠪᠢᠯᠠᠵᠤ ᠰᠠᠭᠤᠬᠤ ᠦᠬᠡᠢ᠂  ᠬᠡᠶᠡᠭᠡᠯᠳᠡᠵᠦ ᠭᠡᠪᠳᠡᠬᠦ ᠦᠬᠡᠢ᠂ ᠬᠡᠪᠳᠡᠵᠦ ᠪᠠᠶᠢᠭᠰᠠᠨ ᠪᠤᠯ ᠲᠠᠷᠤᠶᠢᠬᠠᠨ ᠪᠤᠰᠤᠨ᠎ᠠ᠃ ᠠᠬᠠᠮᠠᠳ ᠲᠤᠮᠤᠭᠠᠳᠠᠨ ᠤ ᠲᠡᠷᠭᠡᠳᠡ ᠠᠷᠢᠬᠢ ᠤᠤᠭᠤᠬᠤ ᠦᠬᠡᠢ᠂ ᠲᠠᠮᠠᠬᠢ ᠲᠠᠳᠠᠬᠤ ᠦᠬᠡᠢ᠃  ᠨᠠᠰᠤᠳᠠᠨ ᠲᠤᠮᠤᠭᠠᠳᠠᠨ᠂ ᠠᠬᠠᠰ ᠵᠠᠬᠠᠰ  ᠠᠴᠠ ᠪᠡᠯᠡᠭ ᠰᠠᠯᠳᠠ ᠲᠤᠰᠴᠤ ᠠᠪᠬᠤ ᠳᠤ ᠵᠠᠪᠠᠯ ︽ᠰᠠᠭᠠᠳᠠ ᠰᠠᠭᠠᠳᠠ︾ ᠬᠡᠮᠡᠨ ᠰᠠᠭᠤᠯᠭᠠᠵᠤ ᠪᠠᠶᠢᠭᠠᠳ ᠠᠪᠳᠠᠭ ᠃ ᠭᠡᠷ ᠵᠠᠭᠤᠷ᠎ᠠ ᠪᠠᠨ ᠪᠤᠶᠤ ᠠᠶᠢᠯ ᠰᠠᠭᠠᠬᠠᠯᠳᠠ ᠶᠢᠨ ᠠᠬᠠᠮᠠᠳ ᠬᠦᠮᠦᠰ ᠢ ᠪᠦᠷ ᠲᠤᠭᠳᠠᠭᠰᠠᠨ ᠲᠠᠭᠤᠳᠠᠯᠭ᠎ᠠ ᠪᠠᠷ ᠬᠦᠨᠳᠦᠳᠭᠡᠨ ᠲᠠᠭᠤᠳᠠᠨ᠎ᠠ᠂ ᠬᠠᠷᠢᠨ ︽ᠴᠢ︾᠂ ︽ᠪᠢ︾ ᠬᠡᠮᠡᠨ ᠲᠠᠭᠤᠳᠠᠳᠠᠭ ᠦᠬᠡᠢ  ᠃      ᠡᠴᠢᠬᠡ ᠡᠬᠡ ᠪᠤᠯᠤᠭᠰᠠᠳ ᠦᠷ᠎ᠡ ᠬᠡᠦᠬᠡᠳ ᠢᠶᠠᠨ ᠬᠠᠶᠢᠷᠠᠯᠠᠨ ᠬᠠᠯᠠᠮᠵᠢᠯᠠᠨ᠎ᠠ᠃ ᠰᠠᠶ᠋ᠢ ᠭᠡᠷ ᠠᠴᠠ ᠭᠠᠷᠴᠤ ᠬᠤᠯᠠ ᠶᠠᠪᠤᠬᠤ ᠬᠡᠦᠬᠡᠳ ᠲᠤ ᠡᠴᠢᠬᠡ ᠡᠬᠡ ᠨᠢ ᠰᠦ ᠠᠮᠰᠠᠭᠤᠯᠵᠤ᠂  ᠠᠶᠠᠨ   ᠤ ᠲᠦᠷᠦᠬᠡ ᠶᠢ ᠨᠢ ᠰᠦ ᠪᠠᠷ ᠮᠢᠯᠢᠶᠠᠨ ᠮᠤᠷᠳᠠᠭᠤᠯᠵᠤ᠂ ᠰᠠᠶᠢᠨ ᠰᠠᠶᠢᠬᠠᠨ ᠢ ᠨᠢ ᠵᠦᠩᠨᠡᠨ ᠢᠷᠦᠬᠡᠨ᠎ᠡ᠃  ᠪᠤᠴᠠᠵᠤ ᠢᠷᠡᠬᠦᠯᠡᠷ ᠮᠦᠨ ᠬᠦ᠋ ᠤᠭᠳᠤᠨ ᠮᠡᠨᠳᠦᠯᠡᠯᠴᠡᠵᠦ᠂ ᠡᠴᠢᠬᠡ ᠬᠦᠮᠦᠨ ᠮᠠᠩᠨᠠᠢ ᠲᠡᠭᠡᠷ᠎ᠡ ᠨᠢ ᠦᠨᠦᠷᠳᠦᠨ᠂ ᠡᠬᠡ ᠬᠦᠮᠦᠨ ᠬᠠᠴᠠᠷ ᠢ ᠨᠢ ᠦᠨᠦᠰᠴᠦ᠂ ᠮᠡᠨᠳᠦ ᠰᠠᠶᠢᠨ ᠶᠠᠪᠤᠵᠤ ᠢᠷᠡᠭᠰᠡᠨ ᠤ ᠪᠡᠯᠭᠡ ᠲᠠᠭᠠᠰᠢᠶᠠᠯ ᠪᠤᠯᠭᠠᠨ᠎ᠠ᠃     ᠠᠶᠠᠨ ᠵᠠᠮ ᠳᠤ  ᠪᠤᠶᠤ ᠭᠡᠭᠡᠷ᠎ᠡ ᠭᠠᠳᠠᠨ᠎ᠠ ᠬᠦᠮᠦᠨ ᠲᠠᠢ ᠬᠠᠷᠭᠤᠪᠠᠯ᠂ ᠵᠠᠯᠠᠭᠤ ᠬᠦᠮᠦᠨ ᠤᠷᠢᠳᠠᠪᠠᠷ ᠮᠤᠷᠢᠨ  ᠠᠴᠠ ᠪᠠᠨ ᠪᠠᠭᠤᠵᠤ ᠬᠠᠷᠢᠯᠴᠠᠨ ᠮᠡᠨᠳᠦᠯᠡᠨ᠎ᠡ᠃ ᠦᠶ᠎ᠡ ᠬᠤᠷᠠᠭ ᠤᠨ ᠬᠦᠮᠦᠨ ᠮᠤᠷᠢᠨ ᠠᠴᠠ ᠪᠠᠨ ᠪᠠᠭᠤᠬᠤ ᠦᠬᠡᠢ  ᠳᠤ ᠪᠤᠯᠬᠤ ᠪᠤᠯᠪᠠᠴᠤ ᠵᠦᠪ ᠲᠠᠯ᠎ᠠ ᠶᠢᠨ ᠲᠦᠷᠦᠭᠡ ᠠᠴᠠ ᠪᠠᠨ ᠬᠦᠯ ᠢᠶᠠᠨ  ᠮᠤᠯᠳᠤᠯᠤᠨ᠂  ᠬᠦᠨᠳᠦᠳᠭᠡᠬᠦ ᠶᠢᠨ ᠲᠦᠬᠦᠮ ᠶᠤᠰᠤ ᠶᠢ ᠬᠦᠢᠴᠡᠳᠭᠡᠨ᠎ᠡ᠃  ᠬᠦᠮᠦᠨ ᠵᠠᠮ ᠮᠦᠷ ᠠᠰᠠᠭᠤᠪᠠᠯ ᠲᠤᠳᠤᠷᠬᠠᠢ ᠰᠠᠶᠢᠬᠠᠨ ᠵᠢᠭᠠᠵᠤ ᠦᠭᠬᠦ ᠶᠤᠰᠤᠳᠠᠢ᠃ ᠵᠠᠮ ᠠᠰᠠᠭᠤᠬᠤ ᠬᠦᠮᠦᠨ ᠡᠷᠭᠡᠪᠰᠢ ᠤᠨᠤᠭ᠎ᠠ ᠬᠦᠰᠭᠡ ᠠᠴᠠ ᠪᠠᠨ ᠪᠠᠭᠤᠳᠠᠭ ᠶᠤᠰᠤ ᠲᠠᠢ᠃  ᠡᠨᠡ  ᠲᠤᠬᠠᠢ ᠨᠢᠬᠡ ᠤᠬᠤᠷ ᠦᠯᠢᠬᠡᠷ ᠪᠠᠶᠢᠳᠠᠭ᠄ ᠤᠷᠢᠳᠤ ᠴᠠᠭ ᠲᠤ ᠨᠢᠬᠡᠨ ᠮᠤᠷᠢᠳᠠᠢ ᠬᠦᠮᠦᠨ ᠬᠤᠨᠢ ᠬᠠᠷᠢᠭᠤᠯᠵᠤ ᠶᠠᠪᠤᠭᠰᠠᠨ ᠬᠡᠦᠭᠡᠳ ᠲᠡᠭᠡᠷ᠎ᠡ ᠢᠷᠡᠵᠦ ᠮᠤᠷᠢᠨ ᠠᠴᠠ ᠪᠠᠨ ᠪᠠᠭᠤᠯ ᠦᠬᠡᠢ ᠪᠠᠷ ᠵᠠᠮ ᠠᠰᠠᠭᠤᠵᠤ ᠬᠡᠨ᠎ᠡ᠃ ᠲᠡᠭᠡᠬᠦ  ᠳᠤ ᠲᠡᠷᠡ  ᠬᠡᠦᠬᠡᠳ᠄ ︽ᠮᠠᠨ ᠤ ᠡᠨᠡ  ᠭᠠᠵᠠᠷ ᠲᠤ ᠵᠠᠮ ᠭᠡᠳᠡᠭ ᠶᠠᠭᠤᠮ᠎ᠠ ᠶᠢ ᠮᠡᠳᠡᠳᠡᠭ ᠦᠬᠡᠢ︾ ᠬᠡᠵᠡᠢ᠃ ᠲᠡᠷᠡ ᠬᠦᠮᠦᠨ ᠭᠠᠶᠢᠬᠠᠵᠤ᠄ ︽ᠶᠠᠭᠠᠬᠢᠭᠠᠳ︖︾ ᠭᠡᠪᠡᠯ ᠬᠡᠦᠬᠡᠳ ᠬᠠᠷᠢᠭᠤ ᠳᠤᠨᠢ᠄ ︽ᠶᠠᠭᠠᠬᠢᠬᠤ ᠶᠠᠭᠤ ᠪᠠᠶᠢᠬᠤ ᠪᠤᠢ᠂ ᠶᠠᠬᠢᠷᠯᠠᠭᠰᠠᠨ ᠶᠤᠮ︾ ᠭᠡᠪᠡ᠃ ᠲᠡᠷᠡ  ᠬᠦᠮᠦᠨ ᠠᠭᠤᠷᠯᠠᠵᠤ᠄ ︽ᠴᠢ ᠶᠠᠭᠠᠬᠢᠭᠰᠠᠨ ᠲᠢᠭ ᠦᠬᠡᠢ ᠬᠡᠦᠭᠡᠳ ᠪᠤᠢ︾ ᠬᠡᠬᠦ ᠳᠤ᠄ ︽ ᠲᠠ ᠲᠢᠭ ᠲᠠᠢ ᠪᠠᠷ ᠢᠶᠠᠨ ᠮᠤᠷᠢᠨ ᠠᠴᠠ ᠪᠠᠨ ᠪᠠᠭᠤᠵᠤ ᠵᠠᠮ ᠠᠰᠠᠭᠤᠯ ᠳ᠋ᠠ︾ ᠬᠡᠰᠡᠨ ᠬᠡᠨ᠎ᠡ᠃  ᠡᠶᠢᠨ ᠬᠦ᠋᠂ ᠶᠤᠰᠤ ᠠᠯᠳᠠᠬᠤ ᠨᠢ ᠲᠠᠶᠢᠹᠤᠰᠧ ᠨᠤᠳᠤᠭ ᠲᠤ ᠨᠡᠷ᠎ᠡ ᠨᠢᠭᠤᠷ ᠢᠶᠠᠨ ᠪᠠᠷᠠᠭᠰᠠᠨ ᠶᠠᠪᠤᠳᠠᠯ ᠪᠤᠯᠳᠠᠭ ᠪᠠᠶᠢᠨ᠎ᠠ᠃      ᠨᠠᠶᠢᠷ ᠬᠤᠷᠢᠮ ᠳᠤ ᠬᠦᠨᠳᠦᠳᠭᠡᠯ ᠢ ᠨᠡᠩ ᠢᠯᠡᠬᠦᠦ ᠡᠷᠬᠢᠮᠨᠡᠵᠦ᠂ ᠢᠯᠠᠩᠭᠤᠶ᠎ᠠ ᠬᠤᠷᠢᠮ ᠤᠨ ᠬᠤᠳᠠ ᠬᠤᠳᠠᠭᠠᠢ ᠨᠠᠷ ᠬᠠᠷᠢᠯᠴᠠᠨ ᠮᠠᠰᠢ ᠬᠦᠨᠳᠦᠳᠭᠡᠵᠦ᠂ ᠬᠤᠭᠤᠷᠤᠨᠳᠤ ᠪᠠᠨ ᠶᠡᠬᠡᠳᠡ ᠨᠠᠶᠢᠷ ᠲᠠᠯᠪᠢᠨ᠎ᠠ᠃ ᠭᠡᠳᠦᠶᠢᠪᠡᠷ ᠬᠡᠦᠬᠡᠨ ᠲᠠᠯ᠎ᠠ ᠶᠢᠨ ᠬᠤᠳᠠ ᠬᠤᠳᠠᠭᠠᠢ ᠨᠠᠷ ︽ᠠᠪᠬᠤ ᠬᠦᠮᠦᠨ ᠪᠦᠬᠦᠶᠢᠨ᠎ᠡ᠂ ᠦᠭᠬᠦ ᠬᠦᠮᠦᠨ ᠬᠡᠳᠡᠶᠢᠨ᠎ᠡ︾ ᠬᠡᠮᠡᠨ ᠶᠡᠬᠡᠯᠡ ᠭᠡᠳᠡᠭᠡᠷ ᠪᠠᠶᠢᠳᠠᠭ ᠪᠤᠯᠪᠠᠴᠤ᠂ ᠶᠤᠰᠤ ᠵᠢᠷᠤᠮ ᠤᠨ ᠲᠤᠳᠤᠷ᠎ᠠ ᠡᠪ ᠵᠦᠢ ᠲᠠᠢ ᠬᠡᠯᠡᠯᠴᠡᠨ᠎ᠡ᠃  ᠬᠤᠷᠢᠮ ᠨᠠᠶᠢᠷ ᠲᠤ ᠶᠡᠭᠡ ᠰᠤᠭᠳᠤᠵᠤ  ᠶᠤᠰᠤ ᠠᠯᠳᠠᠬᠤ ᠶᠢ  ᠬᠢᠴᠢᠶᠡᠵᠦ᠂  ᠠᠷᠢᠬᠢ ᠲᠠᠷᠠᠰᠤ ᠶᠢ  ᠬᠡᠮᠵᠢᠶ᠎ᠡ ᠲᠠᠢ  ᠤᠤᠭᠤᠨ᠎ᠠ᠃ ᠭᠡᠷᠪᠡ ᠬᠤᠷᠢᠮ ᠨᠠᠶᠢᠷ ᠲᠤ ᠢᠷᠡᠭᠰᠡᠳ ᠬᠠᠶᠠ  ᠨᠢᠬᠡ ᠨᠢ ᠰᠤᠭᠳᠤᠵᠤ᠂ ᠠᠭᠰᠤᠮ ᠲᠠᠯᠪᠢᠵᠤ ᠠᠭᠠᠰᠢ ᠭᠠᠷᠭᠠᠨ᠂ ᠬᠤᠷᠢᠮ ᠨᠡᠶᠢᠷ ᠢ ᠨᠦᠯᠦᠬᠡᠯᠡᠬᠦ ᠳᠤ ᠬᠦᠷᠪᠡᠯ᠂ ᠲᠡᠬᠦᠨ ᠢ ᠠᠷᠢᠬᠢ ᠶᠢ ᠨᠢ ᠰᠡᠷᠬᠦᠳᠡᠯ᠎ᠡ ᠢᠰᠡᠭᠡᠢ ᠳᠤ ᠪᠤᠭᠤᠵᠤ ᠲᠠᠯᠪᠢᠳᠠᠭ ᠪᠠᠶᠢᠵᠠᠢ᠃ ᠢᠰᠡᠭᠡᠢ ᠳᠤ ᠪᠤᠭᠤᠭᠳᠠᠭᠰᠠᠨ ᠬᠦᠮᠦᠨ ᠠᠷᠢᠬᠢ ᠨᠢ ᠰᠡᠷᠬᠦᠭᠡᠭᠰᠡᠨ ᠤ ᠲᠠᠷᠠᠭ᠎ᠠ ᠮᠠᠰᠢ ᠶᠡᠭᠡ ᠢᠴᠡᠩᠬᠦᠶᠢᠷᠡᠵᠦ᠂᠂ ᠬᠦᠮᠦᠨ ᠤ ᠴᠢᠷᠠᠢ  ᠬᠠᠷᠠᠵᠤ ᠴᠢᠳᠠᠯ ᠦᠬᠡᠢ ᠰᠢᠭᠤᠳ  ᠮᠤᠷᠢᠨ ᠳᠠᠭᠠᠨ ᠮᠤᠷᠳᠠᠵᠤ ᠲᠠᠪᠬᠢᠳᠠᠭ ᠭᠡᠨ᠎ᠡ᠃     ᠲᠠᠶᠢᠹᠤᠰᠧ  ᠮᠤᠩᠭᠤᠯᠴᠤᠳ ᠬᠤᠷᠢᠮ ᠤᠨ ᠢᠳᠡᠭᠡᠨ ᠤᠮᠳᠠᠭᠠᠨ ᠤ ᠶᠤᠰᠤᠨ ᠢ ᠮᠠᠰᠢᠳᠠ ᠬᠦᠨᠳᠦᠳᠭᠡᠨ ᠡᠷᠬᠢᠮᠯᠡᠳᠡᠭ᠃ ᠵᠤᠴᠢᠨ ᠲᠠᠶᠢᠯᠠᠬᠤ ᠳᠤ ᠭᠡᠷ ᠵᠠᠭᠤᠷ᠎ᠠ ᠶᠢᠨ ᠲᠦᠬᠦᠮ ᠲᠠᠶᠢᠯᠠᠯᠭ᠎ᠠ ᠪᠠ ᠬᠤᠷᠢᠮ ᠨᠠᠶᠢᠷ ᠤᠨ ᠶᠡᠭᠡ ᠲᠠᠶᠢᠯᠠᠯᠭ᠎ᠠ ᠬᠡᠵᠦ ᠬᠤᠶᠠᠷ ᠵᠦᠢᠯ ᠪᠤᠢ᠃  ᠠᠯᠢ  ᠲᠠᠶᠢᠯᠠᠯᠭ᠎ᠠ ᠨᠢ ᠴᠤ ᠭᠡᠰᠡᠨ ᠦᠬᠡᠢ ᠤᠷᠢᠳᠠᠪᠠᠷ ᠵᠤᠴᠢᠳ ᠲᠠᠭᠠᠨ ᠴᠠᠢ ᠠᠶᠠᠭᠠᠯᠠᠨ ᠪᠤᠤᠪᠤ ᠴᠠᠭᠠᠨ ᠢᠳᠡᠭᠡ ᠲᠠᠯᠪᠢᠨ᠎ᠠ᠃  ᠴᠠᠢ ᠤᠤᠭᠤᠵᠤ ᠴᠠᠭᠠᠨ ᠢᠳᠡᠭᠡ ᠠᠮᠰᠠᠭᠰᠠᠨ ᠤ ᠲᠠᠷᠠᠭ᠎ᠠ ᠡᠳᠡᠭᠡᠷ ᠢᠶᠠᠨ  ᠲᠡᠭᠡᠭᠰᠢᠯᠡᠬᠦᠯᠦᠬᠡᠳ ᠠᠷᠢᠬᠢ ᠪᠠᠷᠢᠨ᠎ᠠ᠃ ᠠᠷᠢᠬᠢ ᠪᠠᠷᠢᠬᠤ ᠳᠠᠭᠠᠨ ᠰᠢᠷᠡᠭᠡᠨ ᠳᠤ ᠰᠠᠭᠤᠭᠰᠠᠨ ᠵᠤᠴᠢᠳ ᠤᠨ ᠠᠬᠠᠮᠠᠳ ᠠᠴᠠ ᠨᠢ ᠡᠬᠢᠯᠡᠨ ᠲᠠᠷᠠᠭᠠᠯᠠᠨ  ᠪᠠᠷᠢᠬᠤ ᠪᠦᠬᠡᠳ ᠭᠡᠷ ᠤᠨ ᠡᠵᠡᠨ ᠪᠤᠶᠤ ᠵᠤᠴᠢᠯᠠᠭᠴᠢ ᠨᠢ ᠵᠠᠪᠠᠯ ᠲᠡᠪᠡᠯ ᠮᠠᠯᠠᠭᠠᠢ   ᠪᠠᠨ ᠲᠡᠭᠰᠢ ᠰᠠᠶᠢᠬᠠᠨ ᠡᠮᠦᠰᠴᠦ᠂ ᠡᠩᠬᠡᠷ ᠵᠠᠭᠠᠮ᠎ᠠ ᠪᠠᠨ ᠲᠤᠪᠴᠢᠯᠠᠭᠰᠠᠨ  ᠪᠦᠬᠡᠳ ᠬᠠᠨᠴᠤᠢ ᠪᠠᠨ ᠪᠠᠭᠤᠯᠭᠠᠭᠰᠠᠨ ᠪᠠᠶᠢᠬᠤ ᠭᠡᠷᠡᠭᠳᠡᠢ᠃  ᠠᠷᠢᠬᠢ ᠪᠠᠷᠢᠬᠤ ᠳᠠᠭᠠᠨ ︽ᠤᠤᠭᠤᠴᠢᠬ᠎ᠠ︾ ᠬᠡᠵᠦ ᠬᠡᠯᠡᠬᠦ ᠦᠬᠡᠢ᠂ ᠬᠠᠷᠢᠨ  ︽ᠵᠤᠭᠤᠭᠯᠠᠴᠢᠬ᠎ᠠ︾᠂  ︽ᠰᠡᠷᠬᠦᠭᠡᠴᠢᠬᠡ︾᠂ ︽ᠪᠠᠷᠢᠴᠢᠬ᠎ᠠ︾᠂ ︽ᠪᠢᠯᠭᠡᠬᠦᠯᠴᠢᠬᠡ︾ ᠬᠡᠬᠦ ᠮᠡᠳᠦ ᠶᠢᠨ ᠬᠦᠨᠳᠦᠳᠭᠡᠯ ᠦᠬᠡ ᠭᠡᠷᠡᠭᠯᠡᠳᠡᠭ᠃ ᠬᠡᠦᠭᠡᠳ ᠬᠦᠮᠦᠨ ᠠᠷᠢᠬᠢ ᠤᠤᠭᠤᠬᠤ ᠶᠢ ᠴᠡᠭᠡᠷᠯᠡᠨ᠎ᠡ᠂ ᠭᠤᠴᠢᠨ ᠲᠤᠯᠤᠭ᠎ᠠ ᠬᠦᠷᠪᠡᠯ ᠰᠠᠶ᠋ᠢ ᠠᠷᠢᠬᠢᠨ ᠴᠡᠭᠡᠷ ᠲᠠᠯᠪᠢᠳᠠᠭ ᠵᠠᠩᠰᠢᠯ ᠲᠠᠢ᠃    ᠲᠦᠬᠦᠮ ᠲᠠᠶᠢᠯᠠᠯᠭ᠎ᠠ ᠳᠤ ᠲᠠᠯᠤ᠂  ᠲᠦᠷᠪᠡᠨ ᠦᠨᠳᠦᠷ᠂ ᠰᠡᠭᠡᠷ ᠨᠢᠷᠤᠭᠤ᠂ ᠲᠤᠮᠳᠠ ᠴᠢᠮᠦᠬᠡ ᠵᠡᠷᠭᠡ ᠶᠢ ᠲᠠᠪᠠᠭᠯᠠᠨ᠎ᠠ᠃ ᠲᠡᠭᠡᠬᠦ ᠳᠡᠭᠡᠨ᠂ ᠲᠠᠯᠤ ᠶᠢᠨ ᠬᠠᠮᠠᠷ ᠢ ᠲᠡᠭᠡᠭᠰᠢ ᠬᠠᠨᠳᠤᠭᠤᠯᠤᠨ᠂ ᠲᠦᠷᠪᠡᠨ ᠦᠨᠳᠦᠷ ᠤᠨ ᠪᠤᠤᠷ᠎ᠠ  ᠲᠠᠢ ᠵᠡᠷᠭᠡᠴᠡᠬᠦᠯᠦᠨ ᠲᠠᠯᠪᠢᠵᠤ᠂ ᠰᠡᠭᠡᠷ ᠢ ᠪᠦᠳᠦᠬᠦᠨ ᠦᠵᠦᠬᠦᠷ ᠢᠶᠠᠷ ᠨᠢ᠂ ᠰᠡᠬᠦᠵᠢ ᠶᠢ ᠬᠠᠪᠳᠠᠭᠠᠢ ᠲᠠᠯ᠎ᠠ ᠪᠠᠷ ᠨᠢ  ᠲᠠᠯᠪᠢᠬᠤ ᠪᠦᠬᠡᠳ ᠬᠢᠳᠤᠭ᠎ᠠ ᠶᠢᠨ ᠡᠰᠢ ᠲᠠᠯ᠎ᠠ ᠶᠢ ᠵᠤᠴᠢᠨ ᠤ ᠵᠦᠭ ᠲᠤ ᠬᠠᠨᠳᠤᠭᠤᠯᠵᠤ ᠲᠠᠯᠪᠢᠨ᠎ᠠ᠃ ᠶᠡᠭᠡ ᠲᠠᠶᠢᠯᠠᠯᠭ᠎ᠠ ᠳᠤ ᠤᠭᠤᠴᠠ ᠲᠠᠯᠪᠢᠵᠤ ᠵᠤᠴᠢᠯᠠᠨ᠎ᠠ᠃ ᠲᠠᠶᠢᠯᠠᠯᠭ᠎ᠠ ᠶᠢᠨ ᠡᠴᠦᠰ ᠲᠤ ᠵᠠᠪᠠᠯ ᠬᠤᠭᠤᠯᠠ  ᠤᠷᠤᠭᠤᠯᠵᠤ ᠱᠦᠯᠦ ᠠᠮᠰᠠᠭᠤᠯᠤᠨ᠎ᠠ᠃      ᠲᠠᠶᠢᠹᠤᠰᠧᠴᠤᠳ ᠪᠢᠴᠢᠭ ᠰᠤᠳᠤᠷ ᠢ ᠡᠷᠬᠢᠮᠯᠡᠵᠦ᠂ ᠪᠠᠭᠰᠢ ᠬᠦᠮᠦᠨ ᠢ ᠮᠠᠰᠢ ᠬᠦᠨᠳᠦᠳᠭᠡᠳᠡᠭ᠃  ᠨᠤᠮ ᠰᠤᠳᠤᠷ ᠢ ᠰᠠᠶᠢᠳᠤᠷ ᠪᠠᠭᠯᠠᠵᠤ᠂ ᠠᠪᠳᠠᠷ᠎ᠠ ᠬᠤᠷᠭᠤ ᠶᠢᠨ ᠬᠠᠮᠤᠭ ᠲᠡᠭᠡᠷ᠎ᠡ ᠲᠠᠯ᠎ᠠ ᠳᠤ ᠪᠤᠶᠤ ᠪᠤᠷᠬᠠᠨ ᠤ ᠰᠢᠷᠡᠭᠡᠨ ᠲᠡᠭᠡᠷ᠎ᠡ ᠵᠠᠯᠠᠵᠤ ᠲᠠᠯᠪᠢᠨ᠎ᠠ᠃ ᠦᠰᠦᠭ ᠲᠠᠢ ᠴᠠᠭᠠᠰᠤ ᠶᠢ ᠠᠯᠳᠠᠰ ᠪᠤᠯᠤᠨ᠎ᠠ ᠬᠡᠮᠡᠨ ᠭᠠᠵᠠᠷ ᠬᠦᠰᠡᠷ ᠬᠠᠶᠠᠬᠤ ᠦᠬᠡᠢ ᠪᠦᠬᠡᠳ ᠲᠡᠭᠡᠬᠦᠷ ᠨᠢ ᠠᠯᠬᠤᠵᠤ ᠬᠢᠰᠬᠢᠬᠦ ᠶᠢ ᠨᠡᠩ ᠴᠤ ᠴᠡᠭᠡᠷᠯᠡᠨ᠎ᠡ᠃ ᠭᠡᠷᠡᠭ ᠦᠬᠡᠢ ᠪᠤᠯ ᠭᠠᠯ ᠳᠤ ᠡᠬᠦᠰᠭᠡᠨ᠎ᠡ᠃ ᠪᠢᠴᠢᠭ ᠰᠤᠷᠴᠤ ᠪᠠᠶᠢᠭ᠎ᠠ ᠭᠡᠦᠭᠡᠳ ᠵᠢᠯ ᠴᠠᠭᠠᠨ ᠰᠠᠷ᠎ᠠ ᠳᠤ ᠪᠢᠴᠢᠭ ᠨᠤᠮ ᠢᠶᠠᠨ ᠪᠢᠳᠡᠬᠦᠯᠡᠵᠦ ᠮᠦᠷᠬᠦᠵᠦ ᠲᠠᠬᠢᠭᠠᠳ ᠂ ᠰᠢᠨ᠎ᠡ ᠶᠢᠨ ᠨᠠᠢᠮᠠᠨ ᠳᠤ ᠪᠢᠴᠢᠭ ᠢᠶᠠᠨ ᠰᠡᠬᠦᠬᠦ ᠳᠡᠭᠡᠨ ᠪᠠᠰᠠ ᠮᠦᠷᠬᠦᠵᠦ ᠠᠪᠴᠤ ᠦᠵᠡᠨ᠎ᠡ᠃  ᠤᠷᠢᠳᠤ ᠴᠠᠭ  ᠲᠤ ᠱᠠᠪᠢ ᠤᠷᠤᠬᠤ ᠳᠠᠭᠠᠨ ᠴᠢᠨᠡᠭᠡᠯᠢᠭ ᠠᠶᠢᠯ ᠤᠨ ᠬᠡᠦᠬᠡᠳ ᠪᠤᠯ ᠲᠡᠪᠡᠯ ᠤᠨ ᠪᠠᠷᠠᠭ᠎ᠠ ᠪᠤᠶᠤ ᠬᠤᠨᠢᠨ ᠤ ᠪᠡᠯᠡᠭ  ᠲᠠᠢ ᠪᠠᠷ ᠪᠠᠭᠰᠢ ᠳᠠᠭᠠᠨ ᠵᠤᠯᠭᠠᠵᠤ᠂ ᠬᠠᠳᠠᠭ ᠠᠷᠢᠬᠢ ᠪᠠᠷᠢᠵᠦ  ᠮᠦᠷᠬᠦᠨ᠂ ᠶᠠᠳᠠᠭᠤᠴᠤᠳ ᠤᠨ ᠬᠡᠦᠬᠡᠳ ᠴᠤ ᠭᠡᠰᠡᠨ ᠬᠠᠳᠠᠭ ᠠᠷᠢᠬᠢ ᠪᠤᠤᠪᠤ ᠲᠠᠢ ᠮᠦᠷᠬᠦᠵᠦ ᠵᠤᠯᠭᠠᠳᠠᠭ ᠪᠠᠶᠢᠨ᠎ᠠ᠃ ᠰᠢᠨ᠎ᠡ ᠦᠩᠭᠡᠷᠡᠭᠡᠳ ᠪᠠᠭᠰᠢ ᠳᠠᠭᠠᠨ ᠵᠤᠯᠭᠠᠬᠤ ᠳᠠᠭᠠᠨ ᠪᠠᠰᠠ ᠠᠷᠢᠬᠢ ᠪᠠᠷᠢᠵᠤ ᠮᠦᠷᠬᠦᠳᠡᠭ᠃      ᠲᠡᠭᠡᠷ᠎ᠡ ᠦᠬᠦᠯᠡᠭᠰᠡᠨ ᠵᠠᠩ ᠵᠠᠩᠰᠢᠯ ᠤᠨ ᠶᠤᠰᠤ ᠵᠦᠢ ᠪᠤᠯ ᠲᠠᠶᠢᠹᠤᠰᠧᠴᠤᠳ ᠤᠨ ᠬᠦᠨᠳᠦᠯᠡᠬᠦ ᠮᠡᠨᠳᠦᠯᠡᠬᠦ ᠶᠤᠰᠤ ᠵᠢᠷᠤᠮ ᠤᠨ ᠲᠤᠬᠠᠢ ᠪᠦᠳᠦᠬᠦᠪᠴᠢ ᠲᠠᠨᠢᠯᠴᠠᠭᠤᠯᠭ᠎ᠠ ᠪᠤᠯᠤᠨ᠎ᠠ᠃ ᠲᠡᠷᠡ  ᠪᠦᠬᠦᠨ ᠢ ᠠᠳᠡ ᠦᠬᠦᠯᠡᠬᠦ ᠪᠤᠯᠤᠮᠵᠢ ᠠᠯᠠᠭ᠎ᠠ᠃ ᠬᠠᠷᠢᠨ ᠲᠤᠷᠠᠳᠤᠭᠤᠰᠢᠳᠠᠢ ᠨᠢᠬᠡᠨ ᠵᠦᠢᠯ ᠪᠤᠯ ᠠᠵᠤ ᠠᠮᠢᠳᠤᠷᠠᠯ ᠵᠠᠩ ᠵᠠᠩᠰᠢᠯ ᠯᠤᠭ᠎ᠠ ᠬᠤᠯᠪᠤᠭᠳᠠᠭᠰᠠᠨ ᠬᠡᠦᠬᠡᠳ ᠤᠨ ᠲᠤᠭᠯᠠᠭᠠᠮ ᠤᠨ ᠵᠠᠷᠢᠮ ᠠᠭᠤᠯᠭ᠎ᠠ ᠨᠢ ᠮᠠᠨ ᠤ ᠶᠠᠷᠢᠭ᠎ᠠ ᠰᠡᠳᠦᠪ ᠢ ᠲᠤᠳᠤᠷᠠᠭᠤᠯᠬᠤ  ᠳᠤ ᠴᠢᠮᠠᠯᠠᠰᠢ ᠦᠬᠡᠢ ᠦᠢᠯᠡᠳᠦᠯ ᠦᠵᠡᠬᠦᠯᠦᠨ᠎ᠡ᠃      ᠬᠡᠦᠬᠡᠳ ᠴᠢᠯᠠᠭᠤ ᠰᠢᠷᠤᠢ ᠪᠠᠷ ︽ᠭᠡᠷ︾  ᠪᠠᠷᠢᠵᠤ᠂  ᠮᠤᠳᠤ ᠴᠢᠯᠠᠭᠤ᠂ ᠸᠠᠭᠠᠷ ᠱᠠᠭᠠᠵᠠᠩ ᠤᠨ ᠬᠡᠯᠳᠡᠷᠭᠡᠢ  ᠪᠠᠷ ᠲᠤᠭᠤᠭ᠎ᠠ ᠰᠢᠨᠠᠭ᠎ᠠ ᠪᠤᠯᠭᠠᠭᠠᠳ᠂ ︽ᠠᠶᠢᠯ︾ ᠪᠤᠯᠵᠤ ᠲᠤᠭᠯᠠᠳᠠᠭ᠃  ᠬᠤᠶᠠᠷ ᠨᠢ ᠠᠪᠤ ᠡᠵᠢ᠂ ᠨᠢᠬᠡ ᠨᠢ ᠬᠡᠦᠬᠡᠳ᠂ ᠪᠠᠰᠠ ᠨᠢᠬᠡ ᠨᠢ ᠵᠤᠴᠢᠨ ᠪᠤᠯᠵᠤ ᠲᠤᠭᠯᠠᠬᠤ ᠪᠤᠶᠤ ᠬᠡᠦᠬᠡᠳ ᠤᠯᠠᠨ ᠪᠤᠯ ᠬᠤᠶᠠᠷ ︽ᠠᠶᠢᠯ︾ ᠪᠤᠯᠵᠤ᠂ ᠬᠠᠷᠢᠯᠴᠠᠨ ᠵᠠᠯᠠᠵᠤ ᠬᠠᠷᠢᠯᠴᠠᠨ ᠵᠤᠴᠢᠯᠠᠨ᠂ ᠭᠡᠷ ᠪᠦᠯᠢ ᠶᠢᠨ ᠠᠵᠤ ᠠᠮᠢᠳᠤᠷᠠᠯ᠂ ᠬᠦᠮᠦᠰ ᠤᠨ ᠬᠤᠭᠤᠷᠤᠨᠳᠤᠬᠢ ᠬᠠᠷᠢᠴᠠᠭ᠎ᠠ ᠶᠢ ᠲᠠᠭᠤᠷᠢᠶᠠᠵᠤ ᠲᠤᠭᠯᠠᠨ᠎ᠠ᠃ ᠡᠨᠡ  ᠪᠤᠯ ᠮᠤᠩᠭᠤᠯ ᠤᠷᠤᠨ ᠤ ᠬᠦᠨᠳᠦᠯᠡᠬᠦ ᠮᠡᠨᠳᠦᠯᠡᠬᠦ ᠵᠠᠩ ᠲᠠᠳᠬᠠᠯ  ᠤᠨ ᠬᠢᠷᠢ ᠵᠡᠷᠭᠡ ᠬᠦᠨᠵᠡᠬᠡᠢ ᠨᠦᠯᠦᠬᠡ ᠲᠠᠢ ᠪᠠᠶᠢᠭᠰᠠᠨ ᠢ ᠬᠠᠷᠠᠭᠤᠯᠵᠤ ᠪᠠᠶᠢᠭ᠎ᠠ ᠪᠦᠬᠡᠳ ᠬᠡᠦᠬᠡᠳ ᠡᠶᠢᠨ ᠬᠦ᠋ ᠤᠬᠠᠮᠰᠠᠷᠳᠤ ᠰᠤᠷᠭᠠᠭᠤᠯᠢᠯ ᠢᠶᠠᠷ ᠲᠠᠮᠵᠢᠭᠠᠳ ᠠᠮᠢᠳᠤᠷᠠᠯ ᠤᠨ ᠶᠤᠰᠤ ᠵᠦᠢ ᠳᠤ ᠲᠠᠳᠤᠯᠭᠠᠰᠢᠵᠤ᠂ ᠲᠤᠮᠤᠭᠠᠵᠢᠬᠤ ᠲᠤᠳᠤᠮ ᠢᠶᠠᠨ ᠦᠢᠯᠡᠳᠦᠯᠬᠡ ᠪᠠᠷ ᠴᠠᠭᠠᠷᠠᠵᠤ᠂ ᠶᠤᠰᠤ ᠨᠤᠮ ᠲᠠᠢ ᠬᠦᠮᠦᠨ ᠪᠤᠯᠳᠠᠭ ᠢ ᠬᠠᠷᠠᠭᠤᠯᠵᠤ ᠪᠤᠢ᠃  
 
ᠢᠷᠡᠯᠲᠡ᠄ ︽ᠲᠠᠶᠢᠹᠦᠰᠧ ᠵᠡᠬᠦᠨ ᠭᠠᠷ — ᠬᠦᠨᠪᠤᠯᠠᠭ︾
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号