ᠠᠷᠠᠳ ᠤᠨ ᠲᠠᠭᠤᠤ —  ᠭᠠᠩᠭ᠎ᠠ ᠶᠢᠨ ᠯᠤᠷᠤᠢ
ᠨᠡᠶᠢᠲᠡᠯᠡᠭᠰᠡᠨ ᠴᠠᠭ᠄
2020/3/26
                ᠭᠠᠩᠭ᠎ᠠ ᠶᠢᠨ ᠯᠤᠷᠤᠢ        ᠠᠷᠤ ᠶᠢᠨ ᠬᠤᠸᠠ ᠶᠢ ᠪᠤᠯᠢᠶᠠᠯᠳᠤᠭᠠᠳ ᠭᠠᠷᠤᠯ᠎ᠠ         ᠠᠷᠪᠠᠨ ᠰᠤᠮᠤ ᠲᠠᠢ ᠾᠧᠽᠢ ᠫᠤᠤ   ᠪᠠᠨ ᠡᠬᠦᠷᠦᠭᠡᠳ ᠭᠠᠷᠤᠯ᠎ᠠ         ᠬᠤᠶᠢᠳᠤ ᠬᠤᠸᠠ ᠶᠢ ᠪᠤᠯᠢᠶᠠᠯᠳᠤᠭᠠᠳ ᠭᠠᠷᠤᠯ᠎ᠠ         ᠬᠤᠷᠢᠨ ᠰᠤᠮᠤ ᠲᠠᠢ ᠾᠧᠽᠢ ᠫᠤᠤ   ᠪᠠᠨ ᠡᠬᠦᠷᠦᠭᠡᠳ ᠭᠠᠷᠤᠯ᠎ᠠ              ᠪᠠᠷᠠᠭᠤᠨ ᠬᠤᠸᠠ ᠶᠢ ᠪᠤᠯᠢᠶᠠᠯᠳᠤᠭᠠᠳ ᠭᠠᠷᠤᠯ᠎ᠠ              ᠪᠠ ᠶᠢᠩᠽᠢ ᠫᠤᠤ   ᠪᠠᠨ ᠡᠬᠦᠷᠦᠭᠡᠳ ᠭᠠᠷᠤᠯ᠎ᠠ              ᠵᠡᠬᠦᠨ ᠬᠤᠸᠠ ᠶᠢ ᠪᠤᠯᠢᠶᠠᠯᠳᠤᠭᠠᠳ ᠭᠠᠷᠤᠯ᠎ᠠ              ᠵᠢᠦ ᠯᠦᠩ ᠾᠧᠽᠢ ᠫᠤᠤ   ᠪᠠᠨ ᠡᠬᠦᠷᠦᠭᠡᠳ ᠭᠠᠷᠤᠯ᠎ᠠ         ᠠᠳᠤᠭᠤᠴᠢᠨ ᠠᠮᠪᠠᠨ ᠠᠴᠠ ᠠᠯᠪᠠᠨ ᠪᠢᠴᠢᠭ ᠲᠠᠢ         ᠠᠷᠤ ᠶᠢᠨ ᠬᠤᠯᠠᠭᠠᠢ ᠰᠤ᠋ ᠮᠸᠢ ᠯᠢᠩ ᠢ ᠵᠠᠪᠠᠯ ᠲᠠᠷᠤᠶ᠎ᠠ         ᠵᠠᠩᠴᠢᠬᠦᠦ ᠳ᠋ᠦᠲ᠋ᠦᠩ ᠠᠴᠠ ᠠᠯᠪᠠᠨ ᠪᠢᠴᠢᠭ ᠲᠠᠢ         ᠴᠠᠬᠠᠷ   ᠤᠨ ᠬᠤᠯᠠᠭᠠᠢ ᠰᠤ᠋ ᠮᠸᠢ ᠯᠢᠩ ᠢ ᠵᠠᠪᠠᠯ ᠲᠠᠷᠤᠶ᠎ᠠ              ᠦᠷ ᠴᠠᠶᠢᠭᠠᠳ ᠨᠠᠷᠠᠨ ᠭᠠᠷᠤᠯ᠎ᠠ              ᠡᠮᠦᠨ᠎ᠡ ᠬᠤᠸᠠ ᠶᠢᠨ ᠡᠩᠭᠡᠷ ᠲᠤ ᠲᠤᠯᠤᠯᠳᠤᠭᠠᠨ ᠭᠠᠷᠴᠠᠢ              ᠨᠠᠷᠠ  ᠭᠠᠷᠤᠭᠠᠳ ᠨᠠᠮᠤᠭᠤᠬᠠᠨ ᠪᠤᠯᠤᠯ᠎ᠠ              ᠨᠠᠬᠤᠴᠠ ᠬᠤᠳᠠ ᠶᠢᠨ ᠲᠤᠯᠤᠯᠳᠤᠭᠠᠨ ᠶᠠᠭᠠᠬᠢᠭᠰᠠᠨ ᠭᠡᠴᠡᠬᠦᠦ ᠪᠤᠢ         ᠪᠤᠰᠤᠭᠠᠳ ᠫᠤᠤᠳᠠᠪᠠᠴᠤ ᠭᠠᠩᠭ᠎ᠠ ᠶᠢᠨ ᠯᠤᠷᠤᠢ         ᠪᠤᠷᠪᠢ ᠪᠠᠷ ᠢᠶᠠᠨ ᠰᠢᠷᠬᠠᠳᠤᠭᠰᠠᠨ ᠨᠢ ᠭᠠᠩᠭ᠎ᠠ ᠶᠢᠨ ᠯᠤᠷᠤᠢ         ᠰᠠᠭᠤᠭᠠᠳ ᠫᠤᠤᠳᠠᠪᠠᠴᠤ ᠭᠠᠩᠭ᠎ᠠ ᠶᠢᠨ ᠯᠤᠷᠤᠢ         ᠰᠤᠭᠤ ᠪᠠᠷ ᠢᠶᠠᠨ ᠰᠢᠷᠬᠠᠳᠤᠭᠰᠠᠨ ᠨᠢ ᠭᠠᠩᠭ᠎ᠠ ᠶᠢᠨ ᠯᠤᠷᠤᠢ               ᠤᠷᠤᠢ ᠪᠤᠯᠤᠭᠠᠳ ᠤᠳᠤᠳ ᠲᠦᠭᠡᠯ᠎ᠡ               ᠤᠷᠤᠭᠰᠠᠨ ᠰᠢᠷᠬᠠᠨ ᠤ ᠰᠤᠷᠪᠢ ᠨᠢ ᠱᠠᠷᠬᠢᠷᠠᠯ᠎ᠠ               ᠶᠠᠩ ᠬᠤᠤ ᠪᠦᠷᠢᠶ᠎ᠡ ᠪᠠᠨ ᠦᠯᠢᠶᠡᠬᠡᠳ ᠭᠠᠷᠤᠯ᠎ᠠ               ᠶᠠᠮᠤᠨ ᠤ ᠴᠡᠷᠢᠭ ᠤᠳ ᠰᠤᠪᠤᠷᠠᠭᠠᠳ ᠮᠤᠷᠳᠠᠯ᠎ᠠ         ᠬᠦᠨᠳᠦ ᠰᠢᠷᠬᠠᠳᠤᠭᠰᠠᠨ ᠭᠠᠩᠭ᠎ᠠ ᠶᠢᠨ ᠯᠤᠷᠤᠢ         ᠬᠦᠳᠡᠯᠬᠦ ᠳᠤ ᠬᠡᠴᠡᠬᠦᠳᠡᠵᠦ ᠲᠡᠨᠳᠡ ᠪᠠᠨ ᠬᠤᠴᠤᠷᠤᠯ᠎ᠠ         ᠬᠠᠮᠳᠤ ᠶᠠᠪᠤᠭᠰᠠᠨ ᠠᠨᠳᠠ ᠨᠦᠬᠦᠳ ᠲᠡᠭᠡᠨ         ᠬᠡᠳᠦᠨ ᠦᠬᠡ  ᠵᠠᠬᠢᠵᠤ ᠨᠠᠶᠢᠳᠠᠯ᠎ᠠ              ᠭᠡᠭᠡᠷ ᠮᠤᠷᠢ ᠶᠢ ᠬᠦᠦ ᠳᠤ ᠮᠢᠨᠢ ᠦᠭ ᠡ              ᠾᠧᠽᠢ ᠫᠤᠤ ᠶᠢ ᠠᠪᠤ ᠳᠤ ᠮᠢᠨᠢ ᠲᠤᠰᠢᠶᠠ              ᠮᠠᠯᠠᠭᠠᠢ ᠲᠡᠪᠡᠯ ᠢ ᠠᠪᠠᠭᠠᠢ ᠳᠤ ᠮᠢᠨᠢ ᠦᠭ ᠡ               ᠮᠠᠯ ᠠᠳᠤᠭᠤ ᠶᠢ ᠠᠪᠤ ᠳᠤ ᠮᠢᠨᠢ ᠲᠤᠰᠢᠶᠠ         ᠭᠡᠵᠢᠬᠡᠨ ᠲᠡᠪᠡᠯ ᠲᠠᠢ ᠭᠡᠭᠡᠷ ᠮᠤᠷᠢ ᠮᠢᠨᠢ         ᠡᠮᠡᠬᠡᠯ ᠢᠶᠠᠨ ᠠᠪᠤᠭᠠᠳ ᠬᠠᠷᠢᠴᠢᠬᠠᠨ᠎ᠠ ᠪᠢᠵᠡ         ᠭᠡᠷᠭᠡᠢ ᠪᠤᠯᠤᠭᠰᠠᠨ ᠮᠦᠩᠬᠦᠯᠡᠢ ᠨᠢ         ᠬᠦᠦ ᠪᠠᠨ ᠠᠪᠤᠭᠠᠳ ᠬᠠᠷᠢᠴᠢᠬᠠᠨ᠎ᠠ ᠪᠢᠵᠡ              ᠭᠤᠨᠵᠢᠨ ᠤᠯᠠᠭᠠᠨ ᠲᠡᠮᠡᠭᠡ ᠶᠢ              ᠮᠦᠩᠬᠦᠯᠡᠢ ᠳᠤ ᠮᠢᠨᠢ ᠦᠭᠬᠦᠭᠡᠷᠡᠢ              ᠭᠤᠷᠪᠠᠨ ᠨᠠᠰᠤᠳᠠᠢ ᠬᠦᠦ ᠪᠠᠷ ᠮᠢᠨᠢ              ᠭᠤᠯᠤᠮᠳᠠ ᠶᠢ ᠮᠢᠨᠢ ᠰᠠᠬᠢᠭᠤᠯᠤᠭᠠᠷᠠᠢ᠃
 
ᠢᠷᠡᠯᠲᠡ᠄ ︽ᠲᠠᠶᠢᠹᠦᠰᠧ ᠵᠡᠬᠦᠨ ᠭᠠᠷ — ᠬᠦᠨᠪᠤᠯᠠᠭ︾
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号