ᠠᠷᠠᠳ ᠤᠨ ᠲᠠᠭᠤᠤ —  ᠬᠤᠰᠢᠭᠤ ᠴᠡᠷᠢᠭ ᠤᠨ ᠲᠠᠭᠤᠤ
ᠨᠡᠶᠢᠲᠡᠯᠡᠭᠰᠡᠨ ᠴᠠᠭ᠄
2020/3/26
               ᠬᠤᠰᠢᠭᠤ ᠴᠡᠷᠢᠭ ᠤᠨ ᠲᠠᠭᠤᠤ        ᠦᠳᠦᠳᠡᠢ ᠪᠢᠴᠢᠭ ᠨᠢ ᠦᠷᠳᠡᠭᠡ ᠲᠠᠮᠵᠢᠭᠠᠳ ᠢᠷᠡᠯ᠎ᠡ ᠬᠦ᠋        ᠦᠳᠦᠳᠡᠢ ᠪᠢᠴᠢᠭ ᠨᠢ ᠬᠦᠷᠦᠭᠡᠳ ᠢᠷᠡᠬᠦᠯᠡᠷ        ᠡᠳᠦᠷ ᠰᠦᠨᠢ ᠶᠢᠨ ᠪᠤᠳᠤᠯ ᠪᠤᠯᠤᠯ᠎ᠠ  ᠳ᠋ᠡ            ᠭᠠᠵᠠᠷ ᠤᠨ ᠬᠤᠯᠠ ᠠᠴᠠ ᠪᠢᠴᠢᠭ ᠢᠷᠡᠯ᠎ᠡ ᠬᠦ᠋            ᠭᠠᠵᠠᠷ ᠤᠨ ᠬᠤᠯᠠ ᠠᠴᠠ ᠬᠦᠷᠦᠭᠡᠳ ᠢᠷᠡᠬᠦᠯᠡᠷ             ᠬᠠᠪᠳᠠᠭᠠᠢ ᠴᠡᠭᠡᠵᠢ ᠮᠢᠨᠢ ᠬᠦᠳᠦᠶᠢᠯᠬᠡᠯ᠎ᠡ ᠳ᠋ᠡ        ᠱᠠᠩᠳᠤ ᠲᠠᠪᠢ ᠠᠴᠠ ᠠᠭᠳᠠ ᠪᠠᠨ ᠢᠯᠭᠠᠯ᠎ᠠ ᠬᠦ᠋        ᠰᠢᠪᠠᠷᠳᠤ ᠶᠢᠨ ᠪᠠᠷᠠᠭᠤᠨ ᠬᠦᠳᠦᠯ ᠲᠡᠭᠡᠷ᠎ᠡ        ᠰᠠᠨᠠᠭ᠎ᠠ ᠵᠤᠪᠠᠵᠤ ᠬᠤᠴᠤᠷᠤᠯ᠎ᠠ  ᠳ᠋ᠡ            ᠡᠮᠦᠨ᠎ᠡ ᠠᠭᠤᠯᠠᠨ ᠠᠴᠠ ᠠᠭᠳᠠ ᠪᠠᠨ ᠢᠯᠭᠠᠯ᠎ᠠ ᠬᠦ᠋            ᠦᠷᠳᠡᠭᠡ ᠶᠢᠨ ᠵᠡᠬᠦᠨ ᠬᠦᠳᠦᠯ ᠲᠡᠭᠡᠷ᠎ᠡ            ᠡᠩᠰᠡᠷᠡᠵᠦ ᠵᠤᠪᠠᠵᠤ ᠬᠤᠴᠤᠷᠤᠯ᠎ᠠ ᠳ᠋ᠡ        ᠭᠡᠵᠢᠬᠡ   ᠪᠠᠨ ᠢᠯᠪᠢᠨ ᠭᠤᠩᠰᠤᠶᠢᠵᠤ ᠰᠠᠭᠤᠬᠤᠯᠠᠷ        ᠭᠡᠷ ᠲᠡᠭᠡᠨ ᠪᠠᠶᠢᠭ᠎ᠠ ᠡᠵᠢ ᠮᠢᠨᠢ ᠰᠠᠨᠠᠭᠳᠠᠨ᠎ᠠ        ᠭᠡᠷᠭᠡᠢ ᠪᠤᠯᠤᠨ ᠬᠦᠦ ᠮᠢᠨᠢ ᠰᠠᠨᠠᠭᠳᠠᠨ᠎ᠠ             ᠮᠦᠩᠬᠦ ᠲᠠᠢ ᠲᠠᠪᠤᠨ ᠵᠠᠭᠤ ᠨᠢ             ᠮᠦᠩᠬᠦ ᠪᠠᠨ ᠦᠭᠬᠦᠬᠡᠳ ᠬᠤᠴᠤᠷᠤᠯ᠎ᠠ ᠬᠦ᠋             ᠮᠦᠩᠬᠦ ᠦᠬᠡᠢ ᠲᠠᠪᠤᠨ ᠵᠠᠭᠤ ᠨᠢ             ᠮᠦᠭᠳᠡᠨ ᠮᠠᠭᠺᠠᠯᠠ ᠳᠤ ᠮᠦᠷᠬᠦᠯ᠎ᠡ ᠳ᠋ᠡ        ᠵᠤᠭᠤᠰ ᠲᠠᠢ ᠲᠠᠪᠤᠨ ᠵᠠᠭᠤ ᠨᠢ        ᠵᠤᠭᠤᠰ ᠢᠶᠠᠨ ᠦᠭᠬᠦᠭᠡᠳ ᠬᠤᠴᠤᠷᠤᠯ᠎ᠠ ᠬᠦ᠋        ᠵᠤᠭᠤᠰ ᠦᠬᠡᠢ ᠲᠠᠪᠤᠨ ᠵᠠᠭᠤ ᠨᠢ        ᠵᠤᠭᠰᠤᠵᠤ ᠪᠠᠶᠢᠭᠠᠳ ᠮᠦᠷᠬᠦᠯ᠎ᠡ ᠳ᠋ᠡ             ᠮᠤᠷᠢ ᠲᠠᠢ ᠲᠠᠪᠤᠨ ᠵᠠᠭᠤ ᠨᠢ             ᠮᠤᠷᠢ ᠪᠠᠨ ᠤᠨᠤᠭᠠᠳ ᠭᠠᠷᠤᠯ᠎ᠠ ᠬᠦ᠋             ᠮᠤᠷᠢ ᠦᠬᠡᠢ ᠲᠠᠪᠤᠨ ᠵᠠᠭᠤ ᠨᠢ             ᠡᠮᠡᠬᠡᠯ ᠢᠶᠠᠨ ᠡᠬᠦᠷᠦᠭᠡᠳ ᠬᠤᠴᠤᠷᠤᠯ᠎ᠠ ᠳ᠋ᠡ        ᠬᠠᠪᠢᠰᠤᠳᠠᠢ ᠠᠯᠪᠠᠨ ᠪᠢᠴᠢᠭ ᠨᠢ  ᠬᠦ᠋        ᠬᠠᠭᠠᠯᠭ᠎ᠠ ᠲᠠᠮᠵᠢᠭᠠᠳ ᠢᠷᠡᠯ᠎ᠡ  ᠳ᠋ᠡ        ᠬᠠᠪᠤᠷ ᠤᠨ ᠲᠡᠷᠢᠬᠦᠨ ᠰᠠᠷ᠎ᠠ ᠳᠤᠨᠢ ᠬᠦ᠋        ᠴᠡᠷᠢᠭ ᠢᠶᠠᠨ ᠠᠪᠤᠭᠠᠳ ᠮᠤᠷᠳᠠᠯ᠎ᠠ ᠳ᠋ᠡ            ᠰᠤᠳᠤ ᠪᠤᠯᠤᠭᠰᠠᠨ ᠪᠠᠭᠠᠴᠤᠳ ᠢ ᠨᠢ ᠬᠦ᠋            ᠰᠤᠩᠭᠤᠵᠤ ᠠᠪᠤᠭᠠᠳ ᠮᠤᠷᠳᠠᠯ᠎ᠠ ᠳ᠋ᠡ            ᠰᠤᠬᠤᠷ ᠪᠤᠯᠤᠨ ᠲᠤᠭᠤᠯᠠᠩ ᠨᠢ ᠬᠦ᠋            ᠰᠤᠮᠤᠨ ᠳᠠᠭᠠᠨ ᠦᠯᠡᠳᠡᠭᠡᠳ ᠬᠤᠴᠤᠷᠤᠯ᠎ᠠ ᠳ᠋ᠡ        ᠴᠡᠭᠡᠨ ᠶᠤ᠋ ᠬᠤᠨᠳᠠᠭᠠᠨ ᠳᠠᠭᠠᠨ ᠠᠷᠢᠬᠢ ᠬᠡᠮᠨᠡᠯ᠎ᠡ        ᠴᠡᠷᠢᠭ ᠤᠨ ᠪᠢᠴᠢᠭ ᠬᠦᠷᠦᠭᠡᠳ ᠢᠷᠡᠬᠦᠯᠡᠷ        ᠴᠡᠭᠡᠵᠢᠨ ᠲᠡᠭᠡᠷ᠎ᠡ ᠮᠢᠨᠢ ᠬᠦᠳᠦᠶᠢᠯᠬᠡᠯ᠎ᠡ             ᠠᠯᠠᠭ ᠶᠤ᠋  ᠬᠤᠨᠳᠠᠭᠠᠨ ᠳᠠᠭᠠᠨ ᠠᠷᠢᠬᠢ ᠬᠡᠮᠨᠡᠯ᠎ᠡ             ᠠᠯᠪᠠ ᠶᠢᠨ ᠪᠢᠴᠢᠭ ᠬᠦᠷᠦᠭᠡᠳ ᠢᠷᠡᠬᠦᠯᠡᠷ             ᠠᠶᠤᠤᠯᠢᠬᠠᠢ ᠲᠡᠭᠡᠷ᠎ᠡ ᠮᠢᠨᠢ ᠬᠦᠳᠦᠶᠢᠯᠬᠡᠯ᠎ᠡ        ᠵᠢᠯ ᠢᠶᠠᠷ ᠶᠠᠪᠤᠬᠤ ᠳᠤᠨᠢ ᠭᠤᠨᠢᠷᠬᠠᠭᠰᠠᠨ ᠦᠬᠡᠢ ᠳ᠋ᠡ        ᠵᠢᠨᠵᠸᠦ ᠬᠤᠳᠠ ᠶᠢᠨ ᠱᠧᠩ ᠭᠤᠸᠠᠨ ᠶᠢᠰᠦᠨ ᠲᠤᠯᠢ ᠳᠤᠨᠢ        ᠰᠡᠳᠬᠢᠯ ᠪᠠᠭ᠋ᠠᠨ ᠭᠤᠨᠢᠷᠠᠯ᠎ᠠ ᠳ᠋ᠡ ᠬᠦ᠋            ᠰᠠᠷ᠎ᠠ ᠪᠠᠷ ᠶᠠᠪᠤᠬᠤ ᠳᠤᠨᠢ ᠭᠤᠨᠢᠷᠬᠠᠭᠰᠠᠨ ᠦᠬᠡᠢ ᠳ᠋ᠡ            ᠱᠠᠨᠠᠬ᠎ᠠ  ᠪᠤᠭᠤᠮᠳᠠ ᠶᠢᠨ ᠱᠧᠩ ᠭᠤᠸᠠᠨ ᠶᠢᠰᠦᠨ ᠲᠤᠯᠢ ᠳᠤᠨᠢ            ᠰᠡᠳᠬᠢᠯ ᠪᠠᠭ᠋ᠠᠨ ᠭᠤᠨᠢᠷᠠᠯ᠎ᠠ ᠳ᠋ᠡ ᠬᠦ᠋
 
ᠢᠷᠡᠯᠲᠡ᠄ ︽ᠲᠠᠶᠢᠹᠦᠰᠧ ᠵᠡᠬᠦᠨ ᠭᠠᠷ — ᠬᠦᠨᠪᠤᠯᠠᠭ︾
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号